ᠨᠤᠲᠤᠭ ᠤ᠋ᠨ ᠰᠢᠷ᠎ᠠ ᠵᠠᠮ -ᠣᠶᠤᠨᠪᠢᠯᠢᠭ᠌ Nutgiin shar zam-OyuunbilegНутгийн шар зам-Оюунбилэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠤ᠋ᠨ ᠰᠢᠷ᠎ᠠ ᠵᠠᠮ -ᠣᠶᠤᠨᠪᠢᠯᠢᠭ᠌ Nutgiin shar zam-OyuunbilegНутгийн шар зам-Оюунбилэг

ᠨᠤᠲᠤᠭ ᠤ᠋ᠨ ᠰᠢᠷ᠎ᠠ ᠵᠠᠮ -ᠣᠶᠤᠨᠪᠢᠯᠢᠭ᠌ Nutgiin shar zam-OyuunbilegНутгийн шар зам-Оюунбилэг

ᠠᠩᠭᠢᠯᠠᠯ:ᠳᠠᠭᠤᠤ ᠬᠥᠭᠵᠢᠮ
2026-05-03

1091

ᠨᠤᠲᠤᠭ ᠤ᠋ᠨ ᠰᠢᠷ᠎ᠠ ᠵᠠᠮ

         
        ᠦᠭᠡ᠄  ᠪ ᠂ ᠣᠰᠣᠷ 
        ᠠᠶ᠎ᠠ᠄ ᠰᠠᠷᠭᠠᠢ 
       MIDIᠬᠥᠭᠵᠢᠮ᠄ ᠷᠢᠸᠠᠳᠢ 
        ᠳᠠᠭᠤᠴᠢᠨ᠄ ᠣᠶᠤᠨᠪᠢᠯᠢᠭ᠌ 

ᠨᠠᠯᠠᠭᠠᠷ ᠨᠣᠮᠢᠨ ᠨᠣᠭᠣᠭᠠᠨ ᠲᠠᠯ᠎ᠠ ᠳ᠋ᠤ᠌ ᠪᠠᠨ 
ᠨᠠᠪᠴᠢ ᠴᠡᠴᠡᠭ ᠨᠢ ᠵᠢᠷᠭᠠᠭᠰᠠᠨ 
ᠨᠠᠰᠤᠨ ᠤ᠋ ᠳᠤᠷᠠᠰᠤᠮᠵᠢ ᠨᠠᠳᠠ ᠳ᠋ᠤ᠌ ᠪᠠᠨ 
ᠨᠠᠰᠤᠲᠠᠨ ᠪᠤᠭᠤᠷᠤᠯ ᠢ᠋ ᠮᠢᠨᠢ ᠰᠠᠨᠠᠭᠳᠠᠭᠤᠯᠤᠨ᠎ᠠ 
ᠨᠤᠲᠤᠭ ᠤ᠋ᠨ ᠰᠢᠷ᠎ᠠ ᠵᠠᠮ ᠠ᠋ 
ᠨᠡᠭᠦᠳᠡᠯᠴᠢᠨ ᠮᠣᠩᠭᠣᠯ ᠤ᠋ᠨ ᠮᠢᠨᠢ ᠥᠯᠥᠭᠡᠢ ᠶᠦ᠍ᠮ ᠠ᠋ ᠬᠦᠢ

ᠮᠥᠯᠬᠥᠵᠦ ᠪᠠᠶᠠᠷᠯᠠᠭᠰᠠᠨ ᠦᠷ᠎ᠡ ᠶ᠋ᠢᠨ ᠮᠢᠨᠢ
ᠰᠢᠯᠪᠤᠷᠬᠠᠢ ᠬᠣᠶᠠᠷ ᠡᠪᠦᠳᠦᠭ ᠨᠢ ᠤᠤ ᠳᠠ
ᠮᠥᠷᠭᠥᠯ ᠬᠢᠭᠰᠡᠨ ᠠᠪᠤ ᠶ᠋ᠢᠨ ᠮᠢᠨᠢ
ᠬᠠᠨᠵᠠᠷᠬᠠᠢ ᠬᠣᠶᠠᠷ ᠲᠣᠬᠣᠢ ᠤᠤ ᠳᠠ
ᠨᠤᠲᠤᠭ ᠤ᠋ᠨ ᠰᠢᠷ᠎ᠠ ᠵᠠᠮ ᠠ᠋
ᠨᠡᠭᠦᠳᠡᠯᠴᠢᠨ ᠮᠣᠩᠭᠣᠯ ᠤ᠋ᠨ ᠥᠯᠥᠭᠡᠢ ᠶᠦ᠍ᠮ ᠠ᠋ ᠬᠦᠢ

ᠪᠡᠷᠬᠡ ᠶ᠋ᠢᠨ ᠴᠠᠭᠠᠨ᠎ᠠ ᠠ᠋ᠴᠠ ᠴᠠᠢᠷᠠᠭᠠᠳ ᠪᠠᠢᠨ᠎ᠠ
ᠤᠶᠠᠩᠭ᠎ᠠ ᠶ᠋ᠢᠨ ᠨᠤᠭᠤᠯᠤᠭ᠎ᠠ ᠲᠠᠢ ᠳᠠᠭᠤᠤ ᠤᠤ ᠳᠠ
ᠪᠡᠯᠡᠭ ᠦ᠋ᠨ ᠨᠠᠭᠠᠨ᠎ᠠ ᠴᠠᠯᠭᠢᠯᠠᠭᠠᠳ ᠪᠠᠢᠨ᠎ᠠ
ᠤᠭᠤᠷᠠᠭ ᠰᠦ ᠲᠡᠢ ᠰᠠᠴᠤᠯᠢ ᠤᠤ ᠳᠠ
ᠨᠤᠲᠤᠭ ᠤ᠋ᠨ ᠰᠢᠷ᠎ᠠ ᠵᠠᠮ ᠠ᠋
ᠨᠡᠭᠦᠳᠡᠯᠴᠢᠨ ᠮᠣᠩᠭᠣᠯ ᠤ᠋ᠨ ᠥᠯᠥᠭᠡᠢ ᠶᠦ᠍ᠮ ᠠ᠋ ᠬᠦᠢ

ᠪᠡᠭᠡᠷᠡᠬᠦ ᠶ᠋ᠢᠨ ᠡᠮᠦᠨ᠎ᠡ ᠡᠴᠡ ᠳᠤᠯᠠᠭᠠᠯᠠᠭᠠᠳ ᠪᠠᠢᠨ᠎ᠠ
ᠤᠭᠠᠯᠵᠠᠨ ᠰᠤᠷ ᠲᠠᠢ ᠭᠠᠯ ᠤᠤ ᠳᠠ
ᠪᠡᠳᠡᠷᠢᠬᠦ ᠶ᠋ᠢᠨ ᠡᠮᠦᠨ᠎ᠡ ᠡᠴᠡ ᠡᠨᠡᠷᠢᠭᠡᠳ ᠪᠠᠢᠨ᠎ᠠ
ᠳᠦᠭᠦᠷᠡᠩ ᠬᠡᠰᠢᠭ ᠲᠡᠢ ᠭᠠᠨᠵᠤᠭ᠎ᠠ ᠤᠤ ᠳᠠ
ᠨᠤᠲᠤᠭ ᠤ᠋ᠨ ᠰᠢᠷ᠎ᠠ ᠵᠠᠮ ᠠ᠋
ᠨᠡᠭᠦᠳᠡᠯᠴᠢᠨ ᠮᠣᠩᠭᠣᠯ ᠤ᠋ᠨ ᠥᠯᠥᠭᠡᠢ ᠶᠦ᠍ᠮ ᠠ᠋ ᠬᠦᠢ

          ᠪᠢᠴᠢᠯᠭᠡ ᠶ᠋ᠢᠨ ᠰᠡᠭᠦᠳᠡᠷ ᠢ᠋ ᠰᠦᠯᠵᠢᠶᠡᠨ ᠡᠴᠡ ᠬᠠᠭᠤᠯᠪᠠ᠂
          ᠦᠰᠦᠭ ᠠᠮᠢᠯᠠᠭᠤᠯᠤᠨ ᠬᠠᠲᠠᠭᠰᠠᠨ ᠨᠢ ᠄ ᠭᠠᠸᠠ
          ᠦᠰᠦᠭ ᠬᠢᠨᠠᠭᠴᠢ᠄ ᠰᠡᠴᠡᠨ