ᠡᠨᠡᠷᠢᠯ ᠦ᠋ᠨ ᠲᠩᠷᠢ ᠡᠵᠢ ᠮᠢᠨᠢ -ᠪᠤᠤ ᠶᠢᠨ ᠲᠢᠩ Enerliin tenger eej mini-Buu in dinЭнэрлийн тэнгэр ээж минь-Буу ин дин ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠨᠡᠷᠢᠯ ᠦ᠋ᠨ ᠲᠩᠷᠢ ᠡᠵᠢ ᠮᠢᠨᠢ -ᠪᠤᠤ ᠶᠢᠨ ᠲᠢᠩ Enerliin tenger eej mini-Buu in dinЭнэрлийн тэнгэр ээж минь-Буу ин дин

ᠡᠨᠡᠷᠢᠯ ᠦ᠋ᠨ ᠲᠩᠷᠢ ᠡᠵᠢ ᠮᠢᠨᠢ -ᠪᠤᠤ ᠶᠢᠨ ᠲᠢᠩ Enerliin tenger eej mini-Buu in dinЭнэрлийн тэнгэр ээж минь-Буу ин дин

ᠠᠩᠭᠢᠯᠠᠯ:ᠳᠠᠭᠤᠤ ᠬᠥᠭᠵᠢᠮ
2025-09-20

328

ᠡᠨᠡᠷᠢᠯ ᠦ᠋ᠨ ᠲᠩᠷᠢ ᠡᠵᠢ ᠮᠢᠨᠢ

   ᠦᠭᠡ᠄ ᠭᠡᠭᠡᠨᠲᠥ᠋ᠰᠢᠭ᠌ 
   ᠠᠶ᠎ᠠ᠄ ᠭᠡᠭᠡᠨᠲᠥ᠋ᠰᠢᠭ᠌ 
   ᠬᠥᠭᠵᠢᠮ ᠨᠠᠢᠷᠠᠭᠤᠯᠵᠤ ᠰᠢᠩᠭᠡᠭᠡᠭᠰᠡᠨ ᠨᠢ᠄ ᠲᠤᠩᠭᠠᠯᠠᠭ 
   ᠳᠠᠭᠤᠴᠢᠨ᠄ ᠪᠤᠤ ᠶᠢᠨ ᠲᠢᠩ 

ᠦᠷᠦ ᠵᠢᠷᠦᠬᠡᠨ  ᠦ᠌ ᠡᠩᠬᠦᠷᠡᠢ ᠬᠠᠢᠷ᠎ᠠ ᠪᠠᠷ ᠢ᠋ᠶ᠋ᠠᠨ 
ᠦᠷ᠎ᠡ ᠪᠡᠨ ᠭᠡᠵᠦ ᠦᠷᠭᠦᠯᠵᠢ ᠰᠠᠨᠠᠭᠠᠰᠢᠷᠠᠭᠰᠠᠨ 
ᠦᠢᠯᠡ ᠥᠴᠢᠭ ᠲᠡᠢ ᠬᠡᠴᠢᠨᠡᠨ ᠵᠦᠳᠡᠷᠡᠭᠰᠡᠨ ᠴᠦ᠍ 
ᠦᠷᠴᠢᠯᠡᠭᠡᠰᠦ ᠲᠡᠢ ᠴᠢᠷᠠᠢ ᠳ᠋ᠠᠭᠠᠨ ᠢᠨᠢᠶᠡᠳᠦ ᠪᠢᠯᠬᠠᠭᠤᠯᠤᠭᠰᠠᠨ 
ᠡᠵᠢ ᠮᠢᠨᠢ᠂ ᠡᠵᠢ ᠮᠢᠨᠢ 
ᠡᠨᠡᠷᠢᠯ ᠦ᠋ᠨ ᠲᠩᠷᠢ ᠡᠵᠢ ᠮᠢᠨᠢ 

ᠰᠦᠵᠢᠷᠡᠨ ᠰᠠᠨᠠᠬᠤ ᠡᠬᠡ ᠶ᠋ᠢᠨ ᠬᠠᠢᠷ᠎ᠠ ᠪᠠᠷ ᠢ᠋ᠶ᠋ᠠᠨ
ᠰᠦ ᠪᠡᠨ ᠬᠥᠬᠥᠭᠦᠯᠵᠦ ᠠᠷᠭᠠᠳᠠᠵᠤ ᠪᠦᠪᠡᠢᠯᠡᠭᠰᠡᠨ
ᠰᠥᠨᠢᠵᠢᠨ ᠤᠨᠲᠠᠬᠤ ᠦᠭᠡᠢ ᠬᠡᠴᠢᠨᠡᠨ ᠶᠠᠳᠠᠷᠠᠭᠰᠠᠨ ᠴᠤ᠌
ᠰᠦᠰᠦᠯᠢᠭ ᠪᠣᠳᠣᠯ ᠳ᠋ᠠᠭᠠᠨ ᠪᠠᠶᠠᠰᠤᠯ ᠡᠪᠦᠷᠯᠡᠭᠰᠡᠨ
ᠡᠵᠢ ᠮᠢᠨᠢ᠂ ᠡᠵᠢ ᠮᠢᠨᠢ
ᠡᠨᠡᠷᠢᠯ ᠦ᠋ᠨ ᠲᠩᠷᠢ ᠡᠵᠢ ᠮᠢᠨᠢ

ᠬᠠᠯᠠᠭᠤᠨ ᠳᠤᠯᠠᠭᠠᠨ ᠥᠭᠭᠢᠶᠡᠮᠦᠷ ᠬᠠᠢᠷ᠎ᠠ ᠪᠠᠷ ᠢ᠋ᠶ᠋ᠠᠨ
ᠬᠠᠮᠤᠭ ᠪᠦᠬᠦᠨ ᠢ᠋ᠶ᠋ᠡᠨ ᠦᠷ᠎ᠡ ᠳ᠋ᠡᠭᠡᠨ ᠵᠣᠷᠢᠭᠤᠯᠤᠭᠰᠠᠨ
ᠬᠠᠷᠢ ᠶ᠋ᠢᠨ ᠭᠠᠵᠠᠷ ᠬᠣᠯᠠ ᠶᠠᠪᠤᠭᠰᠠᠨ ᠴᠤ᠌
ᠬᠠᠴᠠᠷ ᠢ᠋ ᠮᠢᠨᠢ ᠢᠯᠪᠢᠵᠦ ᠰᠠᠴᠤᠯᠢ ᠪᠠᠨ ᠡᠷᠭᠦᠭᠰᠡᠨ
ᠡᠵᠢ ᠮᠢᠨᠢ᠂ ᠡᠵᠢ ᠮᠢᠨᠢ
ᠡᠨᠡᠷᠢᠯ ᠦ᠋ᠨ ᠲᠩᠷᠢ ᠡᠵᠢ ᠮᠢᠨᠢ
ᠡᠵᠢ ᠮᠢᠨᠢ᠂ ᠡᠵᠢ ᠮᠢᠨᠢ
ᠡᠨᠡᠷᠢᠯ ᠦ᠋ᠨ ᠲᠩᠷᠢ ᠡᠵᠢ ᠮᠢᠨᠢ

   ᠦᠰᠦᠭ ᠠᠮᠢᠯᠠᠭᠤᠯᠤᠭᠴᠢ᠄ ᠰᠣᠳᠣ
   ᠦᠰᠦᠭ ᠬᠠᠳᠠᠭᠴᠢ᠄ ᠰᠣᠳᠣ
   ᠬᠢᠨᠠᠭᠴᠢ᠄ ᠪᠤᠤ᠂ ᠰᠠᠷᠠᠨ᠎ᠠ