ᠨᠠᠳᠠ ᠡᠴᠡ ᠴᠢ-ᠳ᠂ ᠡᠩᠬᠡᠭᠡᠷᠡᠯ᠂ ᠡ᠊᠂ ᠠᠭᠢᠮ᠎ᠠ᠂ ᠪ᠂ ᠨᠠᠷᠠᠨᠵᠤᠨNadaas chiНадаас чиД. Энхгэрэл, Э. Агиймаа, Б. Наранзун ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠳᠠ ᠡᠴᠡ ᠴᠢ-ᠳ᠂ ᠡᠩᠬᠡᠭᠡᠷᠡᠯ᠂ ᠡ᠊᠂ ᠠᠭᠢᠮ᠎ᠠ᠂ ᠪ᠂ ᠨᠠᠷᠠᠨᠵᠤᠨNadaas chiНадаас чиД. Энхгэрэл, Э. Агиймаа, Б. Наранзун

ᠨᠠᠳᠠ ᠡᠴᠡ ᠴᠢ-ᠳ᠂ ᠡᠩᠬᠡᠭᠡᠷᠡᠯ᠂ ᠡ᠊᠂ ᠠᠭᠢᠮ᠎ᠠ᠂ ᠪ᠂ ᠨᠠᠷᠠᠨᠵᠤᠨNadaas chiНадаас чиД. Энхгэрэл, Э. Агиймаа, Б. Наранзун

ᠠᠩᠭᠢᠯᠠᠯ:ᠳᠠᠭᠤᠤ ᠬᠥᠭᠵᠢᠮ
2025-09-12

1175

ᠨᠠᠳᠠ ᠡᠴᠡ ᠴᠢ

   ᠳᠠᠭᠤᠴᠢᠨ᠄ ᠡ᠊᠂ ᠠᠭᠢᠮ᠎ᠠ᠂ ᠳ᠂ ᠡᠩᠬᠡᠭᠡᠷᠡᠯ᠂ ᠪ᠊᠂ ᠨᠠᠷᠠᠨᠵᠤᠨ 

ᠬᠤᠪᠢ ᠲᠠᠪᠢᠯᠠᠩ ᠳ᠋ᠠᠭᠠᠨ ᠰᠡᠳᠬᠢᠯ ᠬᠠᠯᠠᠮᠵᠢᠭᠤ 
ᠬᠡᠨ ᠳ᠋ᠦ᠍ ᠭᠣᠮᠣᠳᠠᠯ ᠢ᠋ᠶ᠋ᠠᠨ ᠪᠢ ᠨᠡᠭᠡᠭᠡᠬᠦ ᠪᠣᠢ 
ᠬᠤᠨᠳᠠᠭ᠎ᠠ ᠳᠡᠷᠡᠰᠦᠨ ᠳ᠋ᠦ᠍ ᠤᠷᠤᠭᠤᠯ ᠬᠥᠯᠴᠥᠭᠦᠷᠡᠯ᠎ᠡ 
ᠬᠤᠪᠢ ᠠᠮᠢᠳᠤᠷᠠᠯ ᠢ᠋ᠶ᠋ᠠᠨ ᠴᠢ ᠪᠢᠳᠡ ᠪᠦᠷ ᠠᠯᠳᠠᠭᠰᠠᠨ ᠴᠤ᠌ 
ᠠᠵᠠ ᠵᠢᠷᠭᠠᠯ ᠢ᠋ ᠬᠠᠮᠲᠤ ᠬᠠᠢᠭᠰᠠᠨ 
ᠡᠷᠭᠢᠵᠦ ᠢᠷᠡᠨ᠎ᠡ ᠭᠡᠳ ᠠᠯᠤᠰ ᠢ᠋ ᠴᠢ ᠵᠣᠷᠢᠭᠰᠠᠨ 

ᠬᠥᠮᠦᠨ ᠦ᠌ ᠨᠤᠲᠤᠭ ᠲᠤ᠌ ᠬᠠᠢᠷ᠎ᠠ ᠲᠠᠢ ᠤᠴᠠᠷᠠᠭ᠎ᠠ ᠤᠤ
ᠨᠠᠳᠠ ᠠ᠋ᠴᠠ ᠦᠨ᠎ᠡ ᠲᠡᠢ ᠬᠠᠢᠷ᠎ᠠ ᠶᠤᠮ ᠤᠤ
ᠬᠦᠯᠢᠶᠡᠵᠦ ᠰᠠᠭᠤᠳᠠᠭ ᠨᠠᠮᠠᠶ᠋ᠢ ᠮᠠᠷᠲᠠᠭ᠎ᠠ ᠶᠣ᠌
ᠵᠥᠪ ᠪᠤᠷᠤᠭᠤ ᠶ᠋ᠢ ᠴᠢᠮ᠎ᠠ ᠠ᠋ᠴᠠ ᠬᠠᠢᠭ᠎ᠠ ᠦᠭᠡᠢ ᠴᠦ᠍
ᠴᠥᠬᠥᠷᠡᠵᠦ ᠪᠠᠢᠨ᠎ᠠ ᠰᠡᠳᠬᠢᠯ ᠮᠢᠨᠢ
ᠵᠦᠩ ᠢ᠋ᠶ᠋ᠡᠷ ᠢ᠋ᠶ᠋ᠡᠨ ᠴᠢᠮᠠᠶ᠋ᠢ ᠢᠷᠡᠬᠦ ᠦᠭᠡᠢ ᠶ᠋ᠢ ᠮᠡᠳᠡᠷᠡᠭᠰᠡᠨ

ᠥᠪᠡᠷ ᠢ᠋ᠶ᠋ᠡᠨ ᠥᠪᠡᠷᠲᠡᠭᠡᠨ ᠵᠥᠷᠢᠨ ᠭᠣᠮᠤᠳᠠᠯᠠᠨ᠎ᠠ
ᠥᠷᠥᠭᠡᠯ ᠡᠴᠡ ᠶᠠᠭᠤ ᠶ᠋ᠢ ᠨᠢ ᠬᠠᠢᠨ᠎ᠠ
ᠬᠤᠳᠠᠯ ᠦᠨᠡᠨ ᠦ᠌ ᠳᠠᠩᠰᠠ ᠳᠡᠭᠡᠷ᠎ᠡ ᠰᠥᠬᠥᠷᠡᠯ᠎ᠡ
ᠡᠳᠦᠷ ᠡᠳᠦᠷ ᠢ᠋ᠶ᠋ᠡᠷ ᠴᠢ ᠪᠢᠳᠡ ᠠᠯᠤᠰᠯᠠᠭᠳᠠᠵᠤ
ᠰᠡᠳᠬᠢᠯ ᠳᠦᠷᠢ ᠴᠢᠨᠢ ᠪᠦᠳᠡᠬᠡᠢᠷᠡᠯ᠎ᠡ
ᠥᠪᠡᠷ ᠡᠴᠡ ᠪᠡᠨ ᠨᠢᠭᠤᠵᠤ ᠴᠢᠮᠠᠶ᠋ᠢ ᠰᠠᠨᠠᠬᠤ ᠳ᠋ᠠᠭᠠᠨ ᠪᠢ ᠤᠬᠢᠯᠠᠭᠰᠠᠨ
       ( ᠳᠠᠬᠢᠯᠲᠠ)
ᠬᠠᠢᠷ᠎ᠠ ᠮᠢᠨᠢ ᠬᠠᠯᠠᠭᠤᠨ ᠪᠢᠰᠢ ᠪᠠᠢᠭᠰᠠᠨ ᠤᠤ
ᠭᠠᠭᠴᠠᠭᠠᠷᠳᠠᠳᠠᠭ ᠪᠠᠢᠪᠠ ᠤᠤ
ᠦᠨᠡᠨ ᠳ᠋ᠡᠭᠡᠨ ᠢᠳᠬᠠᠵᠤ ᠨᠠᠳᠠ ᠠ᠋ᠴᠠ ᠶᠠᠪᠤᠭᠠᠳ
ᠥᠭᠡᠷ᠎ᠡ ᠠᠮᠢᠳᠤᠷᠠᠯ ᠬᠠᠢᠬᠤ ᠭᠡᠪᠡ ᠤᠤ
        ( ᠳᠠᠬᠢᠯᠲᠠ)

         ᠦᠰᠦᠭ ᠠᠮᠢᠯᠠᠭᠤᠯᠤᠭᠴᠢ᠄ ᠠᠯᠲᠠᠨᠴᠢᠮᠡᠭ
         ᠦᠰᠦᠭ ᠬᠠᠲᠠᠭᠴᠢ᠄ ᠠᠯᠲᠠᠨᠴᠢᠮᠡᠭ