ᠣᠳᠣᠳ ᠤ᠋ᠨ ᠳᠣᠣᠷ᠎ᠠ-ᠪᠠᠶᠠᠷᠴᠡᠩᠭᠡᠯOddyn door-TATAR ft Bayartsengel - Оддын доор-Баярцэнгэл
ᠣᠳᠣᠳ ᠤ᠋ᠨ ᠳᠣᠣᠷ᠎ᠠ
ᠳᠠᠭᠤᠴᠢᠨ᠄ ᠲᠠᠲ᠋ᠠᠷ ᠬᠠᠮᠲᠤᠯᠢᠭ ᠪᠠᠶᠠᠷᠴᠡᠩᠭᠡᠯ
ᠲᠡᠪᠡᠷᠢᠭᠡᠳ ᠦᠨᠦᠰᠬᠦ ᠨᠢ ᠬᠠᠢᠷᠠᠲᠠᠢ ᠭᠡᠳ
ᠲᠦᠮᠡᠨ ᠣᠳᠣᠳ ᠤ᠋ᠨ ᠨᠢᠳᠦᠨ ᠳᠡᠭᠡᠷ᠎ᠡ
ᠦᠳᠡᠰᠢ ᠪᠡᠷ ᠰᠢᠪᠡᠨᠡᠬᠦ ᠦᠭᠡᠰ ᠳᠠᠭᠤᠰᠬᠤ ᠦᠭᠡᠢ
ᠬᠣᠨᠣᠭ ᠲᠠᠨ ᠤ᠋ ᠡᠭᠦᠳᠡᠨ ᠳᠡᠭᠡᠷ᠎ᠡ
ᠳᠠᠬᠢᠭᠠᠳ ᠠᠭᠤᠯᠵᠠᠨ᠎ᠠ ᠵᠡᠭᠦᠳᠦᠨ ᠳ᠋ᠡᠭᠡᠨ
ᠣᠳᠣ ᠭᠠᠭᠴᠠᠭᠠᠷ ᠢ᠋ᠶ᠋ᠠᠨ ᠶᠠᠪᠤᠬᠤ ᠦᠭᠡᠢ
ᠪᠢᠳᠡ ᠬᠣᠶᠠᠷ ᠬᠣᠣᠰ ᠶᠡᠦᠳᠡᠨ ᠳᠡᠭᠡᠷ᠎ᠡ
ᠪᠢᠴᠢᠨ᠎ᠡ ᠡᠨᠡ ᠬᠠᠢᠷ᠎ᠠ ᠡᠵᠡᠨ ᠲᠡᠢ᠃
ᠴᠢᠨᠦ ᠵᠢᠷᠦᠬᠡᠨ ᠦ᠌ ᠪᠡᠨ ᠬᠠᠮᠢᠭ᠎ᠠ ᠨᠢᠭᠡᠳᠦᠭᠡ ᠡᠴᠡ ᠬᠡᠯᠡᠭᠰᠡᠨ ᠦᠭᠡ ᠨᠢ ᠰᠣᠨᠣᠰᠤᠭᠳᠠᠨ᠎ᠠ
ᠴᠤᠤᠷᠢᠶ᠎ᠠ ᠨᠢ ᠭᠤᠨᠢᠭᠯᠠᠬᠤ ᠦᠶ᠎ᠡ ᠳ᠋ᠦ᠍ ᠴᠢᠨᠢ ᠬᠠᠵᠠᠭᠤ ᠳ᠋ᠤ᠌ ᠴᠢᠨᠢ ᠰᠠᠭᠤᠭᠠᠳ ᠪᠢ ᠴᠢᠮ᠎ᠠ ᠶ᠋ᠢ ᠳᠠᠭᠤᠷᠢᠶᠠᠨ᠎ᠠ
ᠪᠦᠬᠦ ᠶᠠᠭᠤᠮ᠎ᠠ ᠵᠦᠭᠡᠷ ᠪᠠᠢᠭ᠎ᠠ ᠴᠤ᠌ ᠭᠤᠨᠢᠭᠲᠠᠢ ᠶ᠋ᠢ ᠪᠢ ᠥᠪᠡᠷᠲᠡᠭᠡᠨ ᠢᠲᠡᠭᠡᠭᠦᠯᠦᠨ᠎ᠡ
ᠲᠡᠷᠡ ᠦᠶ᠎ᠡ ᠳ᠋ᠦ᠍ ᠴᠢ ᠭᠠᠭᠴᠠᠭᠠᠷ ᠢ᠋ᠶ᠋ᠠᠨ ᠪᠢᠰᠢ ᠬᠣᠶᠠᠭᠤᠯᠠ ᠪᠠᠨ ᠬᠠᠮᠲᠤ ᠰᠢᠢᠳᠬᠡᠭᠦᠯᠦᠨᠡ
ᠮᠡᠳᠡᠷᠡᠭᠦᠯᠦᠨ᠎ᠡ ᠬᠠᠢᠷ᠎ᠠ ᠶ᠋ᠢᠨ ᠦᠨ᠎ᠡ ᠴᠠᠨ᠎ᠠ ᠶ᠋ᠢ ᠯᠡ
ᠬᠠᠮᠲᠤ ᠭᠡᠳᠡᠭ ᠨᠢᠭᠡ ᠯᠡ ᠴᠢᠮ᠎ᠠ ᠠ᠋ᠴᠠ ᠥᠭᠡᠷ᠎ᠡ ᠶᠠᠭ ᠬᠡᠨ ᠢ᠋ ᠯᠡ
ᠴᠢᠮ᠎ᠠ ᠤᠷᠤᠭᠤ ᠴᠣᠬᠢᠯᠠᠬᠤ ᠵᠢᠷᠦᠬᠡ ᠮᠢᠨᠦᠬᠢ ᠯᠡ
ᠪᠡᠶ᠎ᠡ ᠪᠠᠶᠠᠨ ᠤ᠋ ᠪᠠᠨ ᠭᠤᠨᠢᠭᠯᠠᠬᠤ ᠪᠠᠷ ᠢ᠋ᠶ᠋ᠠᠨ ᠰᠣᠨᠣᠰᠳᠠᠭ ᠲᠡᠷᠡ ᠳᠠᠭᠤᠤ ᠶ᠋ᠢ ᠳᠠᠭᠠᠶ᠎ᠠ
ᠭᠠᠷ ᠭᠠᠷ ᠢᠶᠡᠨ ᠬᠥᠲᠥᠯᠦᠭᠡᠳ ᠢᠷᠡᠭᠡᠳᠦᠢ ᠤᠷᠤᠭᠤ ᠵᠢᠭᠤᠲᠠᠭᠠᠶᠠ᠃
ᠨᠠᠮ᠎ᠠ ᠶ᠋ᠢ ᠢᠨᠢᠶᠡᠬᠦ ᠳ᠋ᠦ᠍ ᠳᠠᠭᠤᠷᠢᠶᠠᠨ᠎ᠠ
ᠨᠠᠳᠠ ᠳ᠋ᠤ᠌ ᠬᠥᠭᠡᠷᠦᠨ ᠲᠡᠪᠡᠷᠢᠭᠦᠯᠦᠨᠡ
ᠤᠢᠳᠬᠠᠷ ᠠ᠋ᠴᠠ ᠤᠷᠤᠰᠬᠤ ᠨᠢᠯᠪᠤᠰᠤ ᠶ᠋ᠢ
ᠪᠢ ᠲᠠᠩᠳᠠ ᠰᠢᠪᠡᠷᠡᠭᠦᠯᠦᠨᠡ
ᠴᠠᠭ ᠬᠤᠭᠤᠴᠠᠭ᠎ᠠ ᠴᠢᠮ᠎ᠠ ᠳ᠋ᠤ᠌ ᠵᠣᠷᠢᠭᠤᠯᠵᠤ
ᠲᠡᠮᠦᠷ ᠮᠡᠲᠦ ᠬᠠᠲᠠᠭᠤ ᠶ᠋ᠢ ᠵᠢᠪᠡᠷᠡᠭᠦᠯᠦᠨᠡ
ᠨᠠᠷᠠ ᠲᠠᠢ ᠪᠣᠷᠣᠭ᠎ᠠ ᠶ᠋ᠢ ᠴᠢᠨᠦᠬᠢ ᠳᠡᠭᠡᠷ᠎ᠡ ᠡᠴᠡ ᠬᠠᠷᠢᠨ ᠰᠢᠪᠡᠷᠡᠭᠦᠯᠦᠨᠡ
ᠤᠬᠢᠯᠠᠮᠠᠷ ᠪᠠᠢᠪᠠᠯ ᠪᠢᠲᠡᠭᠡᠢ
ᠬᠣᠩᠬᠣᠷ ᠮᠢᠨᠢ ᠬᠡ᠎ᠲᠡᠢ
ᠴᠠᠭ ᠬᠤᠭᠤᠴᠠᠭ᠎ᠠ ᠪᠦᠭᠦᠳᠡ ᠶ᠋ᠢ ᠠᠭᠤᠴᠢᠯᠠᠳᠠᠭ
ᠶᠠᠮᠠᠷ ᠪᠠᠢᠳᠠᠭ ᠢ᠋ ᠨᠢ ᠮᠡᠳᠡᠶ᠎ᠡ
ᠪᠤᠷᠬᠠᠨ ᠪᠢᠳᠡᠨ ᠦ᠌ ᠬᠠᠢᠷ᠎ᠠ ᠠ᠋ᠴᠠ ᠲᠡᠪᠴᠢᠶᠡᠷᠢ ᠬᠠᠲᠠᠭᠤᠵᠢᠯ ᠨᠡᠬᠡᠵᠦ ᠪᠠᠢᠭ᠎ᠠ
ᠮᠠᠭᠠᠳ ᠦᠭᠡᠢ ᠪᠢᠳᠡᠨ ᠳ᠋ᠦ᠍ ᠬᠠᠮᠤᠭ ᠤ᠋ᠨ ᠭᠣᠶᠣ ᠶ᠋ᠢ ᠨᠢ ᠥᠭᠬᠦ ᠪᠡᠷ ᠵᠡᠬᠡᠵᠦ ᠪᠠᠢᠭ᠎ᠠ᠃
ᠲᠡᠪᠡᠷᠢᠭᠡᠳ ᠦᠨᠦᠰᠬᠦ ᠨᠢ ᠬᠠᠢᠷᠠᠲᠠᠢ ᠭᠡᠳ
ᠲᠦᠮᠡᠨ ᠣᠳᠣᠳ ᠤ᠋ᠨ ᠨᠢᠳᠦᠨ ᠳᠡᠭᠡᠷ᠎ᠡ
ᠦᠳᠡᠰᠢ ᠪᠡᠷ ᠰᠢᠪᠡᠨᠡᠬᠦ ᠦᠭᠡᠰ ᠳᠠᠭᠤᠰᠬᠤ ᠦᠭᠡᠢ
ᠬᠣᠨᠣᠨ᠎ᠠ ᠲᠠᠨ ᠤ᠋ ᠡᠭᠦᠳᠡᠨ ᠳᠡᠭᠡᠷ᠎ᠡ
ᠳᠠᠬᠢᠭᠠᠳ ᠠᠭᠤᠯᠵᠠᠨ᠎ᠠ ᠵᠡᠭᠦᠳᠦᠨ ᠳ᠋ᠡᠭᠡᠨ
ᠣᠳᠣ ᠭᠠᠭᠴᠠᠭᠠᠷ ᠢ᠋ᠶ᠋ᠠᠨ ᠶᠠᠪᠤᠬᠤ ᠦᠭᠡᠢ
ᠪᠢᠳᠡ ᠬᠣᠶᠠᠷ ᠬᠣᠣᠰ ᠶᠡᠦᠳᠡᠨ ᠳᠡᠭᠡᠷ᠎ᠡ
ᠪᠢᠴᠢᠨ᠎ᠡ ᠡᠨᠡ ᠬᠠᠢᠷ᠎ᠠ ᠡᠵᠡᠨ ᠲᠡᠢ
ᠠᠷᠪᠠᠨ ᠬᠤᠷᠤᠭᠤ ᠲᠡᠭᠰᠢᠬᠡᠨ ᠪᠠᠢᠬᠤ ᠦᠭᠡᠢ ᠠ᠋
ᠭᠡᠬᠦ ᠳ᠋ᠡᠭᠡᠨ ᠯᠡ ᠴᠢ ᠮᠢᠨᠢ ᠲᠡᠭᠦᠰ ᠡᠮᠡᠭᠲᠡᠢ
ᠴᠢᠨᠦ ᠬᠣᠪᠴᠢ ᠵᠢᠷᠦᠬᠡ ᠬᠡᠯᠡᠬᠦ ᠳ᠋ᠡᠭᠡᠨ
ᠨᠢᠭᠡ ᠴᠦ᠍ ᠬᠣᠷᠣᠮ ᠬᠣᠯᠠ ᠪᠠᠢᠵᠤ ᠪᠣᠯᠬᠤ ᠦᠭᠡᠢ
ᠨᠠᠮ᠎ᠠ ᠶ᠋ᠢ seen- ᠳ᠋ᠡᠬᠢ ᠦᠭᠡᠢ
ᠪᠣᠳᠣᠯ ᠬᠡᠯᠡᠬᠦ ᠦᠭᠡᠢ
ᠪᠠᠰᠠ ᠭᠣᠮᠣᠳᠠᠭᠠᠬᠤ ᠦᠭᠡᠢ
ᠬᠠᠢᠷᠠᠲᠠᠢ ᠪᠠᠨ ᠮᠡᠳᠡᠷᠡᠪᠡᠯ
ᠨᠢᠭᠡ ᠴᠤ᠌ ᠰᠥᠨᠢ ᠪᠤᠷᠤᠭᠤ ᠬᠠᠷᠠᠵᠤ ᠤᠨᠲᠠᠬᠤ ᠦᠭᠡᠢ
ᠴᠢᠮ᠎ᠠ ᠶ᠋ᠢ ᠭᠣᠮᠣᠳᠠᠭᠠᠬᠤ ᠦᠭᠡᠢ
ᠬᠤᠳᠠᠯ ᠬᠡᠯᠡᠬᠦ ᠦᠭᠡᠢ
ᠲᠦᠷᠦᠭᠦᠯᠡᠵᠦ ᠳᠠᠭᠤᠰᠬᠠᠬᠤ ᠦᠭᠡᠢ
ᠬᠠᠢᠷᠠᠲᠠᠢ ᠪᠠᠨ ᠮᠡᠳᠡᠷᠡᠭᠦᠯᠦᠶᠡ᠃
ᠡᠷᠡᠭᠡᠯᠵᠡᠭᠰᠡᠨ ᠲᠡᠭᠡᠨᠡᠭᠡᠯᠵᠡᠭᠰᠡᠨ ᠡᠳᠦᠷ ᠦ᠋ᠳ ᠪᠢᠳᠡ ᠬᠣᠶᠠᠷ ᠤ᠋ᠨ ᠥᠭᠡᠳᠡ ᠡᠴᠡ ᠬᠠᠷᠠᠨ᠎ᠠ
ᠢᠨᠢᠶᠡᠭᠰᠡᠨ ᠴᠦ᠍ ᠭᠤᠨᠢᠭᠯᠠᠭᠰᠠᠨ ᠴᠤ᠌ ᠪᠦᠬᠦ ᠠᠰᠠᠭᠤᠳᠠᠯ ᠤ᠋ᠳ ᠤ᠋ᠨ ᠥᠭᠡᠳᠡ ᠡᠴᠡ ᠬᠠᠷᠠᠨ᠎ᠠ
ᠬᠠᠶᠠ ᠬᠠᠮᠲᠤ ᠤᠬᠢᠯᠠᠨ᠎ᠠ ᠬᠠᠮᠤᠭ ᠤ᠋ᠨ ᠬᠡᠴᠡᠭᠦᠦ ᠦᠶ᠎ᠡ ᠪᠡᠨ ᠬᠠᠮᠲᠤ ᠳ᠋ᠠᠭᠠᠨ ᠲᠤᠭᠤᠯᠤᠨ᠎ᠠ
ᠬᠠᠷᠠᠩᠭᠤᠢ ᠳ᠋ᠤ᠌ ᠪᠣᠳᠣᠨ᠎ᠠ ᠬᠠᠮᠤᠭ ᠤ᠋ᠨ ᠰᠠᠢᠬᠠᠨ ᠴᠡᠴᠡᠭ ᠢ᠋ ᠬᠠᠮᠲᠤ ᠤᠷᠭᠤᠭᠤᠯᠤᠨ᠎ᠠ
ᠢᠲᠡᠭᠡᠳᠡᠭ ᠪᠣᠯᠬᠤ ᠪᠠᠷ ᠴᠢ ᠮᠢᠨᠢ ᠭᠡᠳᠡᠭ ᠳᠡ
ᠬᠠᠮᠲᠤ ᠰᠡᠳᠬᠢᠳᠡᠭ ᠪᠣᠯᠬᠣᠷ ᠴᠢᠨᠦ ᠮᠢᠨᠢ ᠬᠠᠵᠠᠭᠤ ᠳ᠋ᠤ᠌ ᠵᠢᠷᠦᠬᠡ ᠢᠲᠡᠭᠡᠳᠡᠭ
ᠬᠠᠮᠤᠭ ᠤ᠋ᠨ ᠬᠡᠴᠡᠭᠦᠦ ᠶ᠋ᠢ ᠴᠢ ᠬᠠᠮᠲᠤ ᠪᠠᠢᠬᠤ ᠳ᠋ᠤ᠌ ᠯᠠ ᠵᠦᠭᠡᠷ ᠬᠠᠷᠠᠭᠳᠠᠭᠤᠯᠤᠨ᠎ᠠ
ᠬᠠᠮᠤᠭ ᠤ᠋ᠨ ᠰᠠᠢᠬᠠᠨ ᠦᠶ᠎ᠡ ᠳ᠋ᠦ᠍ ᠴᠢ ᠮᠢᠨᠢ ᠪᠠᠢᠬᠤ ᠦᠭᠡᠢ ᠪᠠᠢᠪᠠᠯ
ᠵᠢᠷᠦᠬᠡ ᠶ᠋ᠢ ᠭᠤᠨᠢᠭ ᠢ᠋ᠶ᠋ᠠᠷ ᠳᠠᠷᠤᠭᠳᠠᠭᠤᠯᠤᠨᠠ
ᠠᠮᠠᠯᠠᠯᠲᠠ ᠬᠡᠳᠦᠢᠨᠡᠢ ᠬᠦᠷᠬᠦ ᠶᠣᠰᠣᠲᠠᠢ ᠭᠠᠵᠠᠷ ᠢ᠋ᠶ᠋ᠠᠨ ᠬᠦᠷᠦᠭᠰᠡᠨ
ᠦᠷᠡᠭᠰᠡᠨ ᠴᠠᠭ ᠮᠥᠴᠡ ᠨᠦ᠍ᠭᠦᠳ ᠳᠤᠷᠠᠰᠤᠮᠵᠢ ᠪᠠᠷ ᠳᠦᠭᠦᠷᠡᠩ ᠥᠩᠭᠡᠷᠡᠭᠰᠡᠨ
ᠴᠢᠨᠦ ᠬᠠᠵᠠᠭᠤ ᠳ᠋ᠤ᠌ ᠳ᠋ᠧᠪᠠᠵᠠᠨ ᠤ᠋ ᠠᠵᠠ ᠵᠢᠷᠭᠠᠯ ᠳᠤᠮᠳᠠ ᠪᠢ ᠰᠡᠷᠡᠭᠰᠡᠨ
ᠠᠮᠢᠳᠤᠷᠠᠯ ᠤ᠋ᠨ ᠨᠠᠨᠳᠢᠨ ᠪᠦᠬᠦᠨ ᠴᠢᠮ᠎ᠠ ᠲᠠᠢ ᠬᠠᠮᠲᠤ ᠡᠷᠭᠢᠨ ᠢᠷᠡᠭᠰᠡᠨ
ᠨᠠᠳᠠ ᠳ᠋ᠤ᠌ ᠦᠯᠡᠳᠡᠬᠦ ᠬᠠᠮᠤᠭ ᠤ᠋ᠨ ᠡᠷᠬᠢᠮ ᠪᠦᠬᠦᠨ ᠪᠣᠯ ᠴᠢᠨᠦ ᠢᠲᠡᠭᠡᠯ
ᠡᠨᠡ ᠪᠦᠬᠦᠨ ᠦᠭᠡᠢ ᠭᠡᠮᠡᠨ ᠲᠥᠰᠦᠭᠡᠯᠡᠬᠦ ᠳ᠋ᠦ᠍ ᠵᠢᠷᠦᠬᠡᠨ ᠳ᠋ᠦ᠍ ᠮᠢᠨᠢ ᠰᠢᠢᠳᠬᠡᠯ
ᠮᠢᠨᠦ ᠡᠵᠡᠭᠦᠢ ᠳ᠋ᠦ᠍ ᠴᠢ ᠮᠢᠨᠢ ᠨᠠᠮ᠎ᠠ ᠶ᠋ᠢ ᠪᠡᠨ ᠦᠷᠭᠦᠯᠵᠢ ᠵᠡᠭᠦᠳᠦᠯᠡ
ᠥᠪᠡᠷᠰᠡᠳ ᠦ᠋ᠨ ᠠᠵᠠ ᠵᠢᠷᠭᠠᠯ ᠢ᠋ ᠴᠢᠩᠳᠠᠯᠠᠨ ᠨᠢᠭᠤᠴᠠᠯᠠᠶᠠ ᠪᠤᠰᠤᠳ ᠲᠤ᠌ ᠪᠤᠤ ᠬᠡᠯᠡ᠃
ᠲᠡᠪᠡᠷᠢᠭᠡᠳ ᠦᠨᠦᠰᠬᠦ ᠨᠢ ᠬᠠᠢᠷᠠᠲᠠᠢ ᠭᠡᠳ
ᠲᠦᠮᠡᠨ ᠣᠳᠣᠳ ᠤ᠋ᠨ ᠨᠢᠳᠦᠨ ᠳᠡᠭᠡᠷ᠎ᠡ
ᠦᠳᠡᠰᠢ ᠪᠡᠷ ᠰᠢᠪᠡᠨᠡᠬᠦ ᠦᠭᠡᠰ ᠳᠠᠭᠤᠰᠬᠤ ᠦᠭᠡᠢ
ᠬᠣᠨᠣᠨ᠎ᠠ ᠲᠠᠨ ᠤ᠋ ᠡᠭᠦᠳᠡᠨ ᠳᠡᠭᠡᠷ᠎ᠡ
ᠳᠠᠬᠢᠭᠠᠳ ᠠᠭᠤᠯᠵᠠᠨ᠎ᠠ ᠵᠡᠭᠦᠳᠦᠨ ᠳ᠋ᠡᠭᠡᠨ
ᠣᠳᠣ ᠭᠠᠭᠴᠠᠭᠠᠷ ᠢ᠋ᠶ᠋ᠠᠨ ᠶᠠᠪᠤᠬᠤ ᠦᠭᠡᠢ
ᠪᠢᠳᠡ ᠬᠣᠶᠠᠷ ᠬᠣᠣᠰ ᠶᠡᠦᠳᠡᠨ ᠳᠡᠭᠡᠷ᠎ᠡ
ᠪᠢᠴᠢᠨ᠎ᠡ ᠡᠨᠡ ᠬᠠᠢᠷ᠎ᠠ ᠡᠵᠡᠨ ᠲᠡᠢ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
