ᠰᠠᠨᠠᠬᠤ ᠶ᠋ᠢᠨ ᠰᠠᠢᠬᠠᠨ - ᠰᠡᠴᠡᠨ Sanakhyn saikhan-SetsenСанахын сайхан-Сэцэн ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠰᠠᠨᠠᠬᠤ ᠶ᠋ᠢᠨ ᠰᠠᠢᠬᠠᠨ - ᠰᠡᠴᠡᠨ Sanakhyn saikhan-SetsenСанахын сайхан-Сэцэн

ᠰᠠᠨᠠᠬᠤ ᠶ᠋ᠢᠨ ᠰᠠᠢᠬᠠᠨ - ᠰᠡᠴᠡᠨ Sanakhyn saikhan-SetsenСанахын сайхан-Сэцэн

ᠠᠩᠭᠢᠯᠠᠯ:ᠳᠠᠭᠤᠤ ᠬᠥᠭᠵᠢᠮ
2025-09-09

10304

ᠰᠠᠨᠠᠬᠤ ᠶ᠋ᠢᠨ ᠰᠠᠢᠬᠠᠨ


 ᠦᠭᠡ᠄ ᠲᠤᠭᠴᠢ ᠯᠤᠪᠰᠠᠩ 
  ᠠᠶ᠎ᠠ᠄ ᠭᠠᠰᠢᠸ᠎ᠠ 
  ᠳᠠᠭᠤᠴᠢᠨ᠄ ᠰᠡᠴᠡᠨ 

ᠬᠤᠷᠠᠬᠤ ᠶ᠋ᠢᠨ ᠰᠦᠮ᠎ᠡ ᠶ᠋ᠢᠨ ᠴᠠᠮ ᠳᠡᠭᠡᠷ᠎ᠡ 
ᠬᠣᠶᠠᠭᠤᠯᠠ ᠪᠠᠨ ᠤᠴᠠᠷᠠᠨ ᠵᠣᠯᠭᠠᠶ᠎ᠠ ᠳ᠋ᠣᠣ 
ᠬᠣᠰᠢᠨ ᠠᠯᠠᠭ ᠨᠢᠳᠦᠨ ᠦ᠌ ᠴᠢᠨᠢ 
ᠬᠠᠷᠠᠴᠠᠨ ᠳ᠋ᠤ᠌ ᠤᠶᠠᠷᠠᠵᠤ ᠰᠠᠭᠤᠶ᠎ᠠ ᠳ᠋ᠣᠣ 
ᠠᠢ ᠬᠦᠢ᠂ᠠᠢ ᠬᠦᠢ 
ᠨᠠᠢᠭᠤᠨ ᠭᠣᠣᠮᠠᠢ ᠪᠡᠶ᠎ᠡ ᠶ᠋ᠢ ᠴᠢᠨᠢ 
ᠨᠠᠯᠠᠭᠠᠳ ᠰᠠᠭᠤᠬᠤ ᠰᠠᠢᠬᠠᠨ ᠪᠠᠢᠨ᠎ᠠ
ᠰᠠᠢᠬᠠᠨ ᠪᠠᠢᠨ᠎ᠠ

ᠬᠤᠸᠠ ᠲᠣᠯᠣᠭᠠᠢ ᠶ᠋ᠢᠨ ᠣᠷᠣᠢ ᠳᠡᠭᠡᠷ᠎ᠡ
ᠬᠣᠶᠠᠭᠤᠯᠠ ᠪᠠᠨ ᠠᠭᠤᠯᠵᠠᠨ ᠵᠣᠯᠭᠠᠶ᠎ᠠ ᠳ᠋ᠣᠣ
ᠰᠡᠴᠡᠨ ᠤᠬᠠᠭᠠᠯᠢᠭ ᠴᠢᠮ᠎ᠠ ᠳ᠋ᠠᠭᠠᠨ
ᠰᠡᠳᠬᠢᠯ ᠢ᠋ᠶ᠋ᠡᠨ ᠳᠡᠯᠭᠡᠵᠦ ᠰᠠᠭᠤᠶ᠎ᠠ ᠳ᠋ᠣᠣ
ᠠᠢ ᠬᠦᠢ᠂ᠠᠢ ᠬᠦᠢ
ᠨᠠᠢᠭᠤᠨ ᠭᠣᠣᠮᠠᠢ ᠪᠡᠶ᠎ᠡ ᠶ᠋ᠢ ᠴᠢᠨᠢ
ᠨᠠᠯᠠᠭᠠᠳ ᠰᠠᠭᠤᠬᠤ ᠰᠠᠢᠬᠠᠨ ᠪᠠᠢᠨ᠎ᠠ
ᠰᠠᠢᠬᠠᠨ ᠪᠠᠢᠨ᠎ᠠ

ᠬᠣᠰᠢᠭᠤ ᠴᠠᠭᠠᠨ ᠮᠠᠩᠬᠠᠨ ᠳᠡᠭᠡᠷ᠎ᠡ
ᠬᠣᠶᠠᠭᠤᠯᠠ ᠪᠠᠨ ᠨᠢᠷᠤᠭᠤᠯᠠᠨ ᠰᠠᠭᠤᠶ᠎ᠠ ᠳ᠋ᠣᠣ
ᠠᠯᠢᠶ᠎ᠠ ᠬᠣᠩᠭᠣᠷᠬᠠᠨ ᠮᠦᠰᠢᠶᠡᠯ ᠲᠡᠢ ᠨᠢ
ᠬᠤᠪᠢ ᠲᠠᠪᠢᠯᠠᠩ ᠢ᠋ᠶ᠋ᠠᠨ ᠬᠣᠯᠪᠣᠶ᠎ᠠ ᠳ᠋ᠣᠣ
ᠠᠢ ᠬᠦᠢ᠂ᠠᠢ ᠬᠦᠢ
ᠨᠠᠢᠭᠤᠨ ᠭᠣᠣᠮᠠᠢ ᠪᠡᠶ᠎ᠡ ᠶ᠋ᠢ ᠴᠢᠨᠢ
ᠨᠠᠯᠠᠭᠠᠳ ᠰᠠᠭᠤᠬᠤ ᠰᠠᠢᠬᠠᠨ ᠪᠠᠢᠨ᠎ᠠ
ᠰᠠᠢᠬᠠᠨ ᠪᠠᠢᠨ᠎ᠠ

ᠬᠣᠨᠢ ᠮᠠᠯ ᠤ᠋ᠨ ᠪᠡᠯᠴᠢᠭᠡᠷ ᠳᠡᠭᠡᠷ᠎ᠡ
ᠬᠣᠶᠠᠭᠤᠯᠠ ᠪᠠᠨ ᠪᠣᠯᠵᠣᠨ ᠰᠠᠭᠤᠶ᠎ᠠ ᠳ᠋ᠣᠣ
ᠭᠬᠢᠷ ᠦᠭᠡᠢ ᠴᠠᠭᠠᠨ ᠳᠤᠷᠠᠯᠠᠯ ᠳ᠋ᠤ᠌ ᠴᠢᠨᠢ
ᠭᠡᠮ ᠦᠭᠡᠢ ᠬᠠᠢᠷ᠎ᠠ ᠪᠠᠨ ᠥᠭᠭᠦᠶ᠎ᠡ ᠳ᠋ᠣᠣ
ᠠᠢ ᠬᠦᠢ᠂ᠠᠢ ᠬᠦᠢ
ᠨᠠᠢᠭᠤᠨ ᠭᠣᠣᠮᠠᠢ ᠪᠡᠶ᠎ᠡ ᠶ᠋ᠢ ᠴᠢᠨᠢ
ᠨᠠᠯᠠᠭᠠᠳ ᠰᠠᠭᠤᠬᠤ ᠰᠠᠢᠬᠠᠨ ᠪᠠᠢᠨ᠎ᠠ
ᠰᠠᠢᠬᠠᠨ ᠪᠠᠢᠨ᠎ᠠ

  ᠦᠰᠦᠭ ᠠᠮᠢᠯᠠᠭᠤᠯᠤᠭᠴᠢ᠄ ᠲᠤᠭᠴᠢ ᠯᠤᠪᠰᠠᠩ
  ᠦᠰᠦᠭ ᠬᠠᠳᠠᠭᠴᠢ᠄ ᠪᠠᠢ ᠰᠠᠷᠠᠨ᠎ᠠ
  ᠬᠢᠨᠠᠭᠴᠢ ᠪᠠᠭᠰᠢ᠄ ᠲᠤᠭᠴᠢ ᠯᠤᠪᠰᠠᠩ