ᠡᠯᠢᠭᠡ ᠪᠦᠲᠦᠨ ᠵᠠᠶᠠᠭ᠎ᠠ-ᠤᠷᠠᠩᠭᠤᠸ᠋ᠠEleg büten zayaa-UrangooЭлэг бүтэн заяа-Урангоо
ᠡᠯᠢᠭᠡ ᠪᠦᠲᠦᠨ ᠵᠠᠶᠠᠭ᠎ᠠ
ᠦᠭᠡ᠄ ᠨᠠ᠊· ᠮᠥᠩᠬᠡᠪᠠᠭᠠᠲᠤᠷ
ᠠᠶ᠎ᠠ᠄ ᠬᠠᠰᠴᠢᠯᠠᠭᠤ
ᠳᠠᠭᠤᠴᠢᠨ᠄ ᠤᠷᠠᠩᠭᠤᠸ᠋ᠠ
ᠮᠥᠷᠥᠭᠡᠳᠦᠯ ᠳᠠᠯᠠᠯᠤᠭᠰᠠᠨ ᠠᠯᠤᠰ ᠲᠡᠷᠲᠡᠭᠡ ᠳ᠋ᠦ᠍
ᠮᠥᠩᠭᠥᠨ ᠪᠤᠭᠤᠷᠤᠯ ᠡᠵᠢ ᠮᠢᠨᠢ ᠰᠠᠭᠤᠭ᠎ᠠ ᠳᠠ
ᠮᠥᠩᠬᠡ ᠶ᠋ᠢᠨ ᠰᠢᠳᠢᠲᠦ ᠬᠠᠢᠷ᠎ᠠ ᠶ᠋ᠢᠨ ᠰᠠᠯᠬᠢᠨ ᠨᠢ
ᠮᠥᠨ ᠵᠦᠭ ᠡᠴᠡ ᠰᠡᠳᠬᠢᠯ ᠠᠷᠢᠭᠤᠯᠠᠭᠠ ᠳᠠ᠃
ᠬᠠᠷᠠᠭ᠎ᠠ ᠠᠷᠭᠠᠮᠵᠢᠭᠰᠠᠨ ᠠᠯᠤᠰ ᠲᠡᠷᠲᠡᠭᠡ ᠳ᠋ᠦ᠍
ᠬᠠᠰᠢᠷ ᠪᠤᠭᠤᠷᠤᠯ ᠡᠵᠢ ᠮᠢᠨᠢ ᠰᠠᠭᠤᠭ᠎ᠠ ᠳᠠ
ᠬᠠᠢᠷ᠎ᠠ ᠶ᠋ᠢᠨ ᠳᠡᠭᠡᠳᠦ ᠢᠷᠦᠭᠡᠯ ᠳᠠᠭᠠᠳᠬᠠᠯ ᠨᠢ
ᠬᠠᠷᠢ ᠵᠦᠭ ᠡᠴᠡ ᠵᠠᠶᠠᠭ᠎ᠠ ᠲᠡᠳᠬᠦᠭᠡ ᠳᠡ!
ᠠᠢ ᠳᠠ ᠬᠦ ᠡᠵᠢ ᠮᠢᠨᠢ
ᠡᠨᠡᠬᠡᠨ ᠨᠠᠰᠤᠨ ᠤ᠋ ᠡᠯᠢᠭᠡ ᠪᠦᠲᠦᠨ ᠵᠠᠶᠠᠭ᠎ᠠ
ᠡᠵᠢ ᠲᠡᠢ ᠪᠡᠨ ᠪᠠᠢᠬᠤ ᠮᠢᠨᠢ ᠵᠢᠷᠭᠠᠯ ᠰᠢᠦ ᠳᠡ!
ᠰᠠᠨᠠᠭ᠎ᠠ ᠠᠯᠭᠠᠰᠠᠭᠰᠠᠨ ᠠᠯᠤᠰ ᠲᠡᠷᠲᠡᠭᠡ ᠳ᠋ᠦ᠍
ᠰᠠᠮᠠᠭᠠᠨ ᠪᠤᠭᠤᠷᠤᠯ ᠡᠵᠢ ᠮᠢᠨᠢ ᠰᠠᠭᠤᠭ᠎ᠠ ᠳᠠ
ᠰᠠᠢᠨ ᠤ᠋ ᠰᠤᠪᠢᠨ ᠲᠠᠢ ᠰᠠᠴᠤᠯᠢ ᠵᠥᠩᠨᠡᠯ ᠨᠢ
ᠽᠠᠮᠪᠤᠯᠢᠩ ᠬᠣᠷᠸ᠎ᠠ ᠳ᠋ᠤ᠌ ᠵᠢᠷᠭᠠᠯ ᠬᠤᠷᠤᠢᠯᠠᠭᠠ ᠳᠠ᠃
ᠠᠢ ᠳᠠ ᠬᠦ ᠡᠵᠢ ᠮᠢᠨᠢ
ᠡᠨᠡᠬᠡᠨ ᠨᠠᠰᠤᠨ ᠤ᠋ ᠡᠯᠢᠭᠡ ᠪᠦᠲᠦᠨ ᠵᠠᠶᠠᠭ᠎ᠠ
ᠡᠵᠢ ᠲᠡᠢ ᠪᠡᠨ ᠪᠠᠢᠬᠤ ᠮᠢᠨᠢ ᠵᠢᠷᠭᠠᠯ ᠰᠢᠦ ᠳᠡ!
ᠠᠢ ᠳᠠ ᠬᠦ ᠡᠵᠢ ᠮᠢᠨᠢ
ᠡᠨᠡᠬᠡᠨ ᠨᠠᠰᠤᠨ ᠤ᠋ ᠡᠯᠢᠭᠡ ᠪᠦᠲᠦᠨ ᠵᠠᠶᠠᠭ᠎ᠠ
ᠡᠵᠢ ᠲᠡᠢ ᠪᠡᠨ ᠪᠠᠢᠬᠤ ᠮᠢᠨᠢ ᠵᠢᠷᠭᠠᠯ ᠰᠢᠦ ᠳᠡ!
ᠡᠵᠢ ᠲᠡᠢ ᠪᠡᠨ ᠪᠠᠢᠬᠤ ᠮᠢᠨᠢ ᠵᠢᠷᠭᠠᠯ ᠰᠢᠦ ᠳᠡ!
ᠦᠰᠦᠭ ᠠᠮᠢᠯᠠᠭᠤᠯᠤᠭᠴᠢ᠄ ᠪᠠᠶᠠᠨᠴᠡᠴᠡᠭ
ᠦᠰᠦᠭ ᠬᠠᠳᠠᠭᠴᠢ᠄ ᠴᠡᠴᠡᠭ
ᠬᠢᠨᠠᠭᠴᠢ᠄ ᠣᠳᠬᠠᠨᠰᠣ᠎ᠠ
