ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ– 4᠂ ᠬᠣᠷᠮᠣᠢ ᠶ᠋ᠢᠨ ᠪᠠᠯᠠᠭ Эр эмийн ёсон – Д᠂ Болдцэрэн <2-р бүлэг>– Хорвоогийн эрээн бараан - 4᠂Хормойн балаг
ᠳᠥᠷᠪᠡ᠂ ᠬᠣᠷᠮᠣᠢ ᠶ᠋ᠢᠨ ᠪᠠᠯᠠᠭ
ᠣᠳᠣ ᠶ᠋ᠢᠨ ᠪᠠᠢᠳᠠᠯ ᠢ᠋ᠶ᠋ᠠᠷ ᠳᠠᠷᠢᠳᠤ ᠳ᠋ᠠᠬᠢ ᠬᠡᠦᠬᠡᠳ ᠦ᠋ᠨ ᠬᠥᠮᠦᠵᠢᠯ ᠬᠥᠳᠡᠯᠮᠦᠷᠢ ᠶ᠋ᠢᠨ ᠺᠣᠯᠣᠨᠢ ᠳ᠋ᠤ᠌ ᠶᠠᠯ᠎ᠠ ᠪᠠᠢᠭ᠎ᠠ ᠨᠠᠰᠤᠨ ᠳ᠋ᠤ᠌ ᠬᠦᠷᠦᠭᠡ ᠦᠭᠡᠢ ᠨᠡᠢᠲᠡ ᠬᠡᠦᠬᠡᠳ ᠦ᠋ᠨ37.1% ᠪᠤᠶᠤ ᠭᠤᠷᠪᠠᠨ ᠤ᠋ ᠨᠢᠭᠡ ᠢᠯᠡᠭᠦᠦ ᠨᠢ ᠬᠦᠴᠦᠨ ᠦ᠌ ᠬᠢ ᠪᠡᠷ《ᠳᠠᠪᠬᠤᠷ ᠨᠠᠢ᠍ᠮᠠ》 ᠪᠤᠶᠤ ᠣᠳᠣ ᠶ᠋ᠢᠨ ᠬᠢ ᠪᠡᠷ112 ᠳ᠋ᠤᠭᠠᠷ ᠵᠦᠢᠯ ᠠᠩᠭᠢ᠂ ᠬᠦᠴᠦᠨ ᠦ᠌ ᠬᠡᠷᠡᠭᠲᠡᠨ ᠨᠦ᠍ᠭᠦᠳ ᠪᠠᠢᠭ᠎ᠠ ᠶ᠋ᠢᠨ ᠳᠡᠭᠡᠷ᠎ᠡ ᠲᠡᠳᠡᠨ ᠦ᠌60% ᠨᠢ ᠭᠤᠷᠪᠠ ᠠ᠋ᠴᠠ ᠳᠡᠭᠡᠭᠰᠢ ᠵᠢᠯ ᠦ᠋ᠨ ᠶᠠᠯ᠎ᠠ ᠲᠠᠢ ᠪᠠᠢᠨ᠎ᠠ᠃ ᠳᠡᠭᠡᠷᠡᠬᠢ ᠲᠣᠭ᠎ᠠ ᠬᠡᠨ ᠪᠦᠬᠦᠨ ᠦ᠌ ᠰᠡᠳᠬᠢᠯ ᠢ᠋ ᠡᠮᠵᠡᠭᠯᠡᠭᠦᠯᠵᠦ ᠪᠠᠢᠨ᠎ᠠ᠃ ᠨᠡᠢᠭᠡᠮ ᠦ᠋ᠨ ᠬᠢᠮᠤᠷᠠᠯ ᠪᠣᠯᠵᠤ ᠪᠣᠢ ᠥᠨᠥ ᠦᠶ᠎ᠡ ᠳ᠋ᠦ᠍ ᠠᠯᠢᠪᠠ ᠭᠡᠮᠲᠦ ᠬᠡᠷᠡᠭ ᠦᠰᠦᠨ ᠨᠡᠮᠡᠭᠳᠡᠵᠦ ᠪᠠᠢᠨ᠎ᠠ᠃ ᠡᠢᠮᠦ ᠨᠥᠬᠥᠴᠡᠯ ᠳ᠋ᠦ᠍ ᠲᠠ ᠪᠢᠳᠡᠨ ᠦ᠌ ᠬᠡᠨ ᠨᠢ ᠴᠦ᠍ ᠥᠬᠢᠨ ᠬᠡᠦᠬᠡᠳ ᠢ᠋ᠶ᠋ᠡᠨ ᠦᠳᠡᠰᠢ ᠣᠷᠣᠢ ᠶ᠋ᠢᠨ ᠴᠠᠭ ᠢ᠋ᠶ᠋ᠠᠷ ᠭᠠᠳᠠᠭᠰᠢ ᠭᠠᠷᠭᠠᠬᠤ ᠵᠢᠷᠦᠬᠡ ᠵᠣᠷᠢᠭ ᠬᠡᠨ ᠳᠦ ᠴᠦ᠍ ᠮᠠᠨᠢ ᠠᠯᠠᠭ᠎ᠠ ᠪᠣᠯᠵᠠᠢ᠃ ᠬᠡᠯᠡᠬᠦ ᠳ᠋ᠦ᠍ ᠭᠠᠰᠢᠭᠤᠨ ᠴᠦ᠍ ᠭᠠᠷᠴᠠᠭ᠎ᠠ ᠦᠭᠡᠢ ᠦᠨᠡᠨ ᠡᠢᠮᠦ᠃ ᠡᠨᠡ ᠶᠠᠭᠤᠨ ᠤ᠋ ᠤᠴᠢᠷ ᠪᠣᠢ? ᠰᠡᠭᠦᠯ ᠦ᠋ᠨ ᠦᠶ᠎ᠡ ᠳ᠋ᠦ᠍ ᠪᠠᠭ᠎ᠠ ᠨᠠᠰᠤᠨ ᠤ᠋ ᠥᠬᠢᠳ ᠢ᠋ ᠬᠦᠴᠦᠷᠬᠡᠭᠯᠡᠵᠦ᠂ ᠪᠤᠰᠤᠷᠮᠠᠭ ᠶᠠᠪᠤᠳᠠᠯ ᠦᠢᠯᠡᠳᠦᠭᠴᠢᠳ ᠴᠥᠭᠡᠨ ᠦᠭᠡᠢ ᠰᠣᠨᠣᠰᠳᠠᠬᠤ ᠪᠣᠯᠤᠭᠰᠠᠨ ᠲᠠᠢ ᠬᠣᠯᠪᠣᠭ᠎ᠠ ᠲᠠᠢ᠃ ᠪᠢᠳᠡ ᠬᠠᠭᠤᠴᠢᠨ ᠵᠠᠩᠰᠢᠯ ᠢ᠋ᠶ᠋ᠠᠷ ᠣᠷᠣᠢᠲᠠᠭᠰᠠᠨ ᠥᠬᠢᠨ ᠢ᠋ᠶ᠋ᠡᠨ ᠰᠡᠳᠬᠢᠯ ᠵᠣᠪᠠᠨ ᠬᠦᠯᠢᠶᠡᠵᠦ᠂ ᠭᠠᠳᠠᠭᠤᠷ ᠭᠠᠷᠬᠤ ᠳ᠋ᠤ᠌ ᠬᠠᠶᠠ ᠨᠢᠭᠡ ᠳᠠᠭᠠᠵᠤ ᠶᠠᠪᠤᠬᠤ ᠲᠡᠳᠦᠢᠬᠡᠨ ᠢ᠋ᠶ᠋ᠡᠷ ᠰᠡᠳᠬᠢᠯ ᠢ᠋ᠶ᠋ᠡᠨ ᠬᠠᠭᠤᠷᠴᠤ ᠪᠣᠯᠬᠤ ᠦᠭᠡᠢ ᠪᠣᠯᠵᠠᠢ᠃ ᠶᠡᠬᠡᠩᠬᠢ ᠬᠥᠮᠦᠰ ᠦ᠋ᠨ ᠳᠤᠮᠳᠠ ᠬᠣᠷᠮᠣᠢ ᠶ᠋ᠢᠨ ᠭᠡᠮᠲᠦ ᠬᠡᠷᠡᠭ ᠢ᠋ ᠨᠢᠭᠡ ᠪᠣᠯ ᠰᠡᠳᠬᠢᠴᠡ ᠶ᠋ᠢᠨ ᠡᠮᠭᠡᠭ ᠲᠡᠢ᠂ ᠨᠥᠭᠦᠭᠡ ᠪᠣᠯ ᠬᠣᠷᠮᠣᠢ ᠶ᠋ᠢᠨ ᠲᠤᠩ ᠲᠠᠢ ᠪᠤᠶᠤ ᠪᠢᠳᠡᠨ ᠦ᠌ ᠶᠠᠷᠢᠵᠤ ᠵᠠᠩᠰᠢᠭᠰᠠᠨ ᠢ᠋ᠶ᠋ᠠᠷ《ᠮᠤᠨᠤᠭ》 ᠤ᠋ᠳ ᠦᠢᠯᠡᠳᠳᠡᠭ ᠭᠡᠰᠡᠨ ᠠᠨᠳᠠᠭᠤ ᠲᠠᠰᠢᠶ᠎ᠠ ᠣᠢᠯᠠᠭᠠᠴᠠ ᠪᠠᠢᠭᠰᠠᠭᠠᠷ ᠯᠠ ᠪᠠᠢᠨ᠎ᠠ᠃ ᠭᠡᠲᠡᠯ᠎ᠡ ᠪᠡᠯᠭᠡ ᠶ᠋ᠢᠨ ᠰᠠᠷᠠᠯ ᠡᠷᠳᠡᠨᠢᠲᠦ ᠬᠥᠮᠦᠨ ᠦ᠌ ᠬᠡᠨ ᠳ᠋ᠦ᠍ ᠴᠦ᠍ ᠪᠣᠢ᠃ ᠲᠡᠷᠡ ᠲᠣᠰᠤᠮ ᠢ᠋ᠶ᠋ᠠᠨ ᠡᠳᠦᠷ ᠪᠦᠷᠢ ᠦᠰᠦᠨ ᠲᠣᠷᠨᠢᠵᠤ᠂ ᠥᠳᠥ ᠰᠥᠳᠥ ᠨᠢ ᠤᠷᠭᠤᠵᠤ ᠭᠦᠢᠴᠡᠵᠦ ᠪᠠᠢᠭ᠎ᠠ ᠦᠷ᠎ᠡ ᠬᠡᠦᠬᠡᠳ ᠲᠦ᠍ ᠮᠠᠨᠢ ᠤᠯᠠᠮ ᠬᠦᠴᠦᠲᠡᠢ ᠢᠯᠡᠷᠡᠳᠡᠭ ᠢ᠋ ᠮᠡᠳᠡᠭᠡ ᠦᠭᠡᠢ ᠴᠢᠷᠠᠢ ᠭᠠᠷᠭᠠᠨ᠂ ᠦᠯᠦ ᠠᠩᠵᠠᠭᠠᠷᠠᠨ ᠰᠠᠭᠤᠵᠤ ᠬᠡᠷᠬᠢᠪᠡᠴᠦ ᠪᠣᠯᠬᠤ ᠦᠭᠡᠢ ᠪᠢᠵᠡ᠃ ᠬᠣᠷᠮᠣᠢ ᠶ᠋ᠢᠨ ᠭᠡᠮᠲᠦ ᠬᠡᠷᠡᠭ ᠦᠢᠯᠡᠳᠦᠭᠴᠢᠳ ᠦᠨᠡᠬᠡᠷ ᠦ᠋ᠨ ᠰᠡᠳᠬᠢᠴᠡ ᠶ᠋ᠢᠨ ᠡᠮᠭᠡᠭ ᠲᠡᠢ᠂ ᠡᠰᠡᠪᠡᠯ ᠬᠣᠷᠮᠣᠢ ᠶ᠋ᠢᠨ ᠲᠤᠩ ᠲᠠᠢ ᠠᠯᠢ ᠨᠢ ᠪᠣᠯᠬᠤ ᠶ᠋ᠢ ᠲᠣᠭᠲᠠᠭᠠᠬᠤ ᠵᠣᠷᠢᠯᠭ᠎ᠠ ᠪᠠᠷ ᠡᠷᠬᠡ ᠴᠢᠯᠥᠭᠡ ᠪᠡᠨ ᠬᠠᠰᠤᠭᠤᠯᠤᠨ ᠲᠣᠣᠷ ᠲᠠᠢ ᠬᠠᠰᠢᠶᠠᠨ ᠳᠣᠲᠣᠷ᠎ᠠ ᠶᠠᠯ᠎ᠠ ᠡᠳ᠋ᠯᠡᠵᠦ᠂ ᠰᠢᠨᠠᠯᠤᠨ ᠰᠠᠭᠤᠭ᠎ᠠ ᠬᠡᠦᠬᠡᠳ ᠦ᠋ᠳ ᠦ᠋ᠨ ᠰᠡᠳᠬᠢᠴᠡ ᠶ᠋ᠢᠨ ᠪᠣᠯᠤᠨ ᠪᠡᠯᠭᠡ ᠶ᠋ᠢᠨ ᠦᠢᠯᠡ ᠠᠵᠢᠯᠯᠠᠭᠠᠨ ᠤ᠋ ᠪᠠᠢᠳᠠᠯ ᠢ᠋ ᠪᠢᠳᠡ ᠲᠣᠳᠣᠷᠬᠠᠢᠯᠠᠬᠤ ᠵᠣᠷᠢᠯᠭ᠎ᠠ ᠪᠠᠷ ᠳᠠᠷᠢᠲᠤ ᠳ᠋ᠠᠬᠢ ᠬᠡᠦᠬᠡᠳ ᠦ᠋ᠨ ᠬᠥᠳᠡᠯᠮᠦᠷᠢ ᠬᠥᠮᠦᠵᠢᠯ ᠦ᠋ᠨ ᠺᠣᠯᠣᠨᠢ ᠳ᠋ᠤ᠌ ᠣᠴᠢᠭᠰᠠᠨ ᠶᠤᠮ᠃
(ᠳ· ᠪᠤᠯᠤᠳᠰᠡᠷᠡᠩ᠂ ᠨ᠂ ᠣᠷᠯᠣᠶᠤ1990.4 ᠰᠠᠷ᠎ᠠ)
ᠢᠩᠭᠢᠬᠦ ᠳ᠋ᠦ᠍ ᠲᠡᠳᠡᠨ ᠦ᠌ ᠰᠡᠳᠬᠢᠴᠡ ᠶ᠋ᠢᠨ ᠪᠣᠯᠤᠨ ᠪᠡᠯᠭᠡ ᠶ᠋ᠢᠨ ᠶᠠᠮᠠᠷ ᠨᠢᠭᠡ ᠡᠮᠭᠡᠭ ᠥᠭᠡᠷᠡᠴᠢᠯᠡᠯᠲᠡ ᠢᠯᠡᠷᠡᠭᠰᠡᠨ ᠦᠭᠡᠢ᠃ ᠡᠢᠮᠦ ᠳ᠋ᠦ᠍ ᠬᠣᠷᠮᠣᠢ ᠶ᠋ᠢᠨ ᠭᠡᠮᠲᠦ ᠬᠡᠷᠡᠭ ᠦᠢᠯᠡᠳᠴᠦ ᠪᠣᠢ ᠤᠴᠢᠷ ᠰᠢᠯᠲᠠᠭᠠᠨ ᠢ᠋ ᠥᠭᠡᠷ᠎ᠡ ᠶᠠᠭᠤᠮᠠᠨ ᠠ᠋ᠴᠠ ᠡᠷᠢᠵᠦ ᠬᠠᠢᠬᠤ ᠠ᠋ᠴᠠ ᠠᠷᠭ᠎ᠠ ᠦᠭᠡᠢ ᠪᠣᠯᠤᠯ᠎ᠠ᠃ ᠪᠢᠳᠡᠨ ᠦ᠌ ᠦᠵᠡᠵᠦ ᠪᠠᠢᠭ᠎ᠠ ᠪᠠᠷ ᠬᠣᠷᠮᠣᠢ ᠶ᠋ᠢᠨ ᠭᠡᠮᠲᠦ ᠬᠡᠷᠡᠭ ᠦᠢᠯᠡᠳᠦᠭᠴᠢᠳ ᠦ᠋ᠨ ᠨᠢᠭᠡ ᠬᠡᠰᠡᠭ ᠪᠡᠯᠭᠡ ᠶ᠋ᠢᠨ ᠪᠣᠢᠵᠢᠯᠲᠠ ᠨᠢ ᠬᠡᠪ ᠦ᠋ᠨ᠂ ᠨᠥᠭᠦᠭᠡ ᠬᠡᠰᠡᠭ ᠨᠢ ᠪᠡᠯᠭᠡ ᠶ᠋ᠢᠨ ᠴᠢᠯᠬ᠎ᠠ ᠨᠢ ᠳᠤᠮᠳᠠ ᠵᠡᠷᠭᠡ ᠪᠥᠭᠡᠳ ᠬᠥᠩᠭᠡᠨ ᠬᠡᠢᠰᠪᠦᠷᠢ ᠵᠠᠩ ᠠ᠋ᠴᠠ ᠪᠠᠨ ᠪᠣᠯᠵᠤ ᠳᠡᠭᠡᠷᠡᠬᠢ ᠬᠡᠷᠡᠭ ᠢ᠋ ᠪᠦᠯᠦᠭᠯᠡᠵᠦ ᠦᠢᠯᠡᠳᠦᠭᠰᠡᠨ ᠪᠠᠢᠪᠠ᠃ ᠲᠡᠳᠡᠨ ᠦ᠌ ᠦᠢᠯᠡᠳᠦᠭᠰᠡᠨ ᠬᠠᠮ᠂ ᠪᠦᠯᠦᠭ ᠭᠡᠮᠲᠦ ᠬᠡᠷᠡᠭ ᠦ᠋ᠨ30% ᠨᠢ2-3᠂50% ᠨᠢ4-10᠂20% ᠨᠢ11 ᠡᠴᠡ ᠳᠡᠭᠡᠭᠰᠢ ᠬᠣᠯᠪᠣᠭᠳᠠᠭᠴᠢ ᠲᠠᠢ ᠪᠠᠢᠭᠰᠠᠨ ᠪᠥᠭᠡᠳ ᠡᠢᠮᠦ ᠭᠡᠮᠲᠦ ᠬᠡᠷᠡᠭ ᠲᠦ᠍ ᠣᠷᠣᠭᠰᠠᠨ ᠰᠢᠯᠲᠠᠭᠠᠨ᠂ ᠨᠥᠬᠥᠴᠡᠯ ᠢ᠋ ᠠᠰᠠᠭᠤᠬᠤ ᠳ᠋ᠤ᠌《ᠡᠴᠢᠭᠡ᠂ ᠡᠬᠡ᠂ ᠪᠠᠭᠰᠢ᠂ ᠬᠠᠮᠲᠤ ᠣᠯᠠᠨ ᠤ᠋ ᠬᠠᠷᠠᠭ᠎ᠠ ᠬᠢᠨᠠᠯᠲᠠ ᠠ᠋ᠴᠠ ᠬᠥᠨᠳᠡᠢᠷᠡᠵᠦ ᠭᠠᠳᠠᠭᠤᠷ ᠲᠡᠨᠦᠵᠦ ᠰᠡᠯᠡᠭᠦᠴᠡᠳᠡᠭ᠂ ᠤᠬᠠᠮᠰᠠᠷ ᠮᠥᠴᠢᠳ᠂ ᠬᠥᠩᠭᠡᠨ ᠬᠡᠢᠰᠪᠦᠷᠢ᠂ ᠪᠤᠰᠤᠳ ᠢ᠋ ᠠᠶᠠᠯᠳᠤᠨ ᠳᠠᠭᠠᠯᠳᠤᠳᠠᠭ᠂ ᠥᠪᠡᠷ ᠦ᠋ᠨ ᠭᠡᠰᠡᠨ ᠪᠣᠳᠣᠯᠭ᠎ᠠ ᠦᠭᠡᠢ ᠠᠰᠠᠭᠤᠳᠠᠯ ᠢ᠋ ᠶᠠᠨ ᠬᠦᠴᠦ ᠪᠡᠷ ᠲᠦᠷᠦᠭᠦᠦ ᠪᠠᠷᠢᠨ ᠰᠢᠢᠳᠬᠦ ᠭᠡᠳᠡᠭ ᠳᠡᠭᠡᠷᠡᠩᠭᠦᠢ ᠵᠠᠩ ᠲᠠᠢ᠂ ᠲᠢᠭ ᠵᠢᠷᠤᠮ ᠦᠭᠡᠢ᠂ ᠲᠠᠩᠬᠠᠢ᠂ ᠬᠥᠮᠦᠨ ᠢ᠋ ᠬᠦᠨᠳᠦᠳᠬᠡᠬᠦ ᠦᠭᠡᠢ ᠪᠠᠢᠭᠰᠠᠨ ᠵᠡᠷᠭᠡ ᠡᠴᠡ ᠪᠣᠯᠤᠯ᠎ᠠ》 ᠭᠡᠵᠦ ᠬᠠᠷᠢᠭᠤᠯᠵᠠᠭᠠᠵᠤ ᠪᠠᠢᠯ᠎ᠠ᠃ ᠬᠡᠷᠡᠭ ᠦᠢᠯᠡᠳᠦᠭᠰᠡᠨ ᠪᠠᠢᠳᠠᠯ ᠢ᠋ ᠠᠪᠴᠤ ᠦᠵᠡᠪᠡᠯ ᠬᠡᠨ ᠨᠢᠭᠡ ᠬᠥᠮᠦᠵᠢᠯ ᠦ᠋ᠨ ᠳᠣᠭᠣᠯᠳᠠᠯ ᠲᠠᠢ ᠨᠢ ᠤᠭ ᠬᠡᠷᠡᠭ ᠢ᠋ ᠡᠭᠦᠰᠬᠡᠨ ᠰᠠᠨᠠᠭᠠᠴᠢᠯᠠᠵᠤ᠂ ᠪᠤᠰᠤᠳ ᠨᠢ ᠳᠠᠭᠠᠯᠳᠤᠭᠰᠠᠨ᠂《ᠳᠠᠷᠪᠠᠢᠭᠰᠠᠨ》 ᠰᠢᠨᠵᠢ ᠴᠢᠨᠠᠷ ᠲᠠᠢ᠂ ᠥᠩᠭᠡᠴᠡ ᠱᠣᠬᠣᠭᠣᠷᠬᠠᠯ ᠨᠥᠯᠥᠭᠡᠯᠡᠭᠰᠡᠨ ᠪᠠᠢᠪᠠ᠃ ᠲᠡᠳᠡᠨ ᠲᠡᠢ ᠶᠠᠷᠢᠯᠴᠠᠬᠤ ᠳ᠋ᠤ᠌ ᠡᠭᠦᠨ ᠢ᠋ ᠪᠡᠨ ᠬᠦᠯᠢᠶᠡᠨ ᠵᠥᠪᠰᠢᠶᠡᠷᠡᠵᠦ ᠪᠠᠢᠭᠰᠠᠨ ᠶᠤᠮ᠃ ᠲᠡᠳᠡ ᠬᠡᠷᠡᠭ ᠲᠦ᠍ ᠲᠠᠲᠠᠭᠳᠠᠬᠤ ᠠ᠋ᠴᠠ ᠡᠮᠦᠨ᠎ᠡ ᠬᠣᠭᠣᠷᠣᠨᠳᠣ ᠪᠠᠨ ᠶᠠᠷᠢᠯᠴᠠᠳᠠᠭ ᠭᠣᠣᠯ ᠰᠡᠳᠦᠪ ᠨᠢ ᠡᠷ᠎ᠡ ᠡᠮ᠎ᠡ ᠶ᠋ᠢᠨ ᠶᠣᠰᠣᠨ ᠤ᠋ ᠲᠤᠬᠠᠢ ᠶᠠᠷᠢᠶ᠎ᠠ ᠪᠠᠢᠪᠠ᠃ ᠡᠨᠡ ᠲᠤᠬᠠᠢ ᠵᠦᠭᠡᠷ ᠰᠣᠨᠢᠭᠤᠴᠢᠯᠠᠨ ᠶᠠᠷᠢᠯᠴᠠᠬᠤ ᠲᠡᠳᠦᠢ ᠯᠡ ᠰᠠᠷᠠᠯ ᠨᠢ ᠬᠦᠴᠦᠲᠡᠢ ᠬᠥᠳᠡᠯᠳᠡᠭ ᠦ᠋ᠨ ᠡᠷᠬᠡ ᠪᠡᠷ ᠨᠢᠳᠦᠨ ᠦ᠌ ᠬᠢᠨᠢ ᠡᠮᠦᠨ᠎ᠡ ᠬᠦᠴᠦᠨ ᠳ᠋ᠦ᠍ ᠠᠪᠲᠠᠭᠰᠠᠨ ᠬᠡᠳᠦᠢ ᠴᠦ᠍ ᠨᠢᠴᠦᠭᠦᠨ ᠬᠡᠪᠲᠡᠵᠦ ᠪᠣᠢ ᠥᠬᠢᠨ ᠢ᠋ ᠬᠠᠷᠠᠭᠠᠳ ᠦᠨᠡᠬᠡᠷ ᠲᠡᠰᠬᠡᠯ ᠦᠭᠡᠢ᠂ ᠶᠠᠮᠠᠷ ᠪᠠᠢᠳᠠᠭ ᠢ᠋ ᠨᠢ ᠦᠵᠡᠬᠦ ᠭᠡᠳ ᠮᠠᠭᠤᠬᠠᠢ ᠬᠡᠷᠡᠭ ᠲᠦ᠍ ᠬᠣᠯᠪᠣᠭᠳᠠᠯ᠎ᠠ ᠭᠡᠳ ᠭᠡᠮᠰᠢᠨ ᠶᠠᠷᠢᠵᠤ ᠪᠠᠢᠭᠰᠠᠨ ᠬᠡᠦᠬᠡᠳ ᠦ᠋ᠳ ᠴᠥᠭᠡᠨ ᠦᠭᠡᠢ ᠪᠠᠢᠪᠠ᠃ ᠨᠢᠭᠡᠨ ᠪᠠᠷᠢᠮᠲᠠ ᠰᠡᠬᠦᠶᠡ᠃
14 ᠨᠠᠰᠤᠲᠠᠢ ᠨ ᠭᠡᠭᠴᠢ ᠬᠡᠦᠬᠡᠳ ᠥᠪᠡᠷ ᠡᠴᠡ ᠪᠡᠨ ᠠᠬ᠎ᠠ ᠰᠤᠷᠤᠯᠭ᠎ᠠ᠂ ᠬᠥᠮᠦᠵᠢᠯ ᠦ᠋ᠨ ᠳᠣᠭᠣᠯᠳᠠᠯ ᠲᠠᠢ ᠬᠡᠰᠡᠭ ᠬᠡᠦᠬᠡᠳ ᠦ᠋ᠳ ᠲᠡᠢ ᠨᠥᠬᠥᠷᠯᠡᠵᠦ᠂ ᠲᠡᠳᠡᠨ ᠦ᠌ ᠮᠠᠭᠤ ᠨᠥᠯᠦᠭᠡᠨ ᠳ᠋ᠦ᠍ ᠠᠪᠲᠠᠨ ᠬᠦᠴᠦᠨ ᠦ᠌ ᠬᠡᠷᠡᠭ ᠲᠦ᠍ ᠣᠷᠣᠵᠤ᠂ ᠭᠤᠷᠪᠠᠨ ᠵᠢᠯ ᠦ᠋ᠨ ᠬᠤᠭᠤᠴᠠᠭ᠎ᠠ ᠲᠠᠢ ᠶᠠᠯ᠎ᠠ ᠡᠳ᠋ᠯᠡᠵᠦ ᠪᠠᠢᠨ᠎ᠠ᠃ ᠰᠠᠢᠨ ᠢ᠋ ᠳᠠᠭᠠᠪᠠᠯ ᠰᠠᠷᠠᠨ ᠤ᠋ ᠭᠡᠷᠡᠯ᠂ ᠮᠠᠭᠤ ᠶ᠋ᠢ ᠳᠠᠭᠠᠪᠠᠯ ᠮᠣᠭᠠᠢ ᠶ᠋ᠢᠨ ᠬᠣᠣᠷ ᠭᠡᠭᠴᠢ ᠨᠢ ᠡᠨᠡ ᠳᠡ᠃ ᠡᠢᠮᠦ ᠡᠴᠡ ᠬᠣᠷᠮᠣᠢ ᠶ᠋ᠢᠨ ᠭᠡᠮᠲᠦ ᠬᠡᠷᠡᠭ ᠲᠦ᠍ ᠥᠷᠲᠥᠬᠦ ᠡᠴᠡ ᠦᠷ᠎ᠡ ᠬᠡᠦᠬᠡᠳ ᠢ᠋ᠶ᠋ᠡᠨ ᠰᠡᠷᠡᠮᠵᠢᠯᠡᠬᠦ ᠶ᠋ᠢᠨ ᠲᠤᠯᠠᠳᠠ ᠪᠣᠯᠬᠤ᠂ ᠪᠦᠲᠦᠬᠦ ᠦᠭᠡᠢ ᠬᠥᠮᠦᠰ ᠲᠡᠢ ᠨᠥᠬᠥᠷᠯᠡᠬᠦ ᠡᠴᠡ ᠰᠡᠷᠭᠡᠢᠯᠡᠬᠦ ᠨᠢ ᠴᠢᠬᠤᠯᠠ ᠶᠤᠮ᠃ ᠬᠦᠴᠦᠷᠬᠡᠭᠯᠡᠯ ᠦ᠋ᠨ ᠬᠠᠮᠤᠭ ᠤ᠋ᠨ ᠶᠡᠷᠦᠩᠬᠡᠢ ᠰᠢᠯᠲᠠᠭᠠᠨ ᠨᠢ ᠡᠷᠡᠭᠲᠡᠢ ᠡᠮᠡᠭᠲᠡᠢ ᠬᠥᠮᠦᠨ ᠦ᠌ ᠳᠤᠷ᠎ᠠ ᠲᠠᠴᠢᠶᠠᠯ ᠤ᠋ᠨ ᠢᠯᠭᠠᠪᠤᠷᠢ ᠲᠠᠢ ᠬᠣᠯᠪᠣᠭ᠎ᠠ ᠲᠠᠢ᠃ ᠡᠷᠡᠭᠲᠡᠢ ᠬᠥᠮᠦᠨ ᠡᠰᠡᠷᠭᠦᠴᠡᠯ ᠢ᠋ ᠳᠠᠪᠠᠨ ᠭᠠᠷᠴᠤ ᠪᠠᠢᠵᠤ ᠪᠠᠬ᠎ᠠ ᠨᠢ ᠬᠠᠨᠳᠠᠭ ᠲᠠᠯ᠎ᠠ ᠪᠣᠢ᠃ ᠥᠭᠡᠷ᠎ᠡ ᠪᠡᠷ ᠬᠡᠯᠡᠪᠡᠯ᠂ ᠬᠥᠮᠦᠨ ᠬᠡᠳᠦᠢ ᠴᠢᠨᠡᠭᠡ ᠡᠰᠡᠷᠭᠦᠴᠡᠯ ᠦᠵᠡᠭᠦᠯᠦᠨ᠎ᠡ᠂ ᠡᠷᠡᠭᠲᠡᠢ ᠬᠥᠮᠦᠨ ᠦ᠌ ᠰᠠᠷᠠᠯ ᠲᠡᠳᠦᠢ ᠴᠢᠨᠡᠭᠡ ᠬᠦᠴᠦᠲᠡᠢ ᠬᠥᠳᠡᠯᠳᠡᠭ᠃ ᠡᠢᠨᠬᠦ ᠡᠷᠡᠭᠲᠡᠢ ᠬᠥᠮᠦᠨ ᠦ᠌ ᠳᠤᠷ᠎ᠠ ᠲᠠᠴᠢᠶᠠᠯ ᠢᠮᠠᠭᠲᠠ ᠬᠦᠴᠦᠷᠬᠡᠭᠯᠡᠯ ᠦ᠋ᠨ ᠡᠯᠸᠮᠸᠨ᠋ᠲ ᠠᠭᠤᠯᠵᠤ ᠪᠠᠢᠳᠠᠭ᠃ ᠬᠣᠷᠮᠣᠢ ᠶ᠋ᠢᠨ ᠭᠡᠮᠲᠦ ᠬᠡᠷᠡᠭ ᠦᠢᠯᠡᠳᠦᠭᠴᠢᠳ ᠦ᠋ᠨ ᠨᠢᠭᠡ ᠬᠡᠰᠡᠭ ᠨᠢ ᠤᠭ ᠤ᠋ᠨ ᠬᠡᠷᠡᠭ ᠢ᠋ ᠭᠠᠭᠴᠠᠭᠠᠷ ᠢ᠋ᠶ᠋ᠠᠨ ᠦᠢᠯᠡᠳᠦᠭᠰᠡᠨ ᠪᠠᠢᠪᠠ᠃ ᠲᠡᠳᠡᠨ ᠦ᠌ ᠰᠡᠳᠬᠢᠴᠡ ᠶ᠋ᠢᠨ ᠪᠠ ᠪᠡᠯᠭᠡ ᠶ᠋ᠢᠨ ᠦᠢᠯᠡ ᠠᠵᠢᠯᠯᠠᠭ᠎ᠠ ᠶ᠋ᠢ ᠰᠤᠳᠤᠯᠤᠨ ᠦᠴᠡᠬᠦ ᠳ᠋ᠦ᠍᠂ ᠪᠡᠯᠭᠡ ᠶ᠋ᠢᠨ ᠪᠣᠢᠵᠢᠯᠲᠠ ᠶ᠋ᠢᠨ ᠶᠠᠪᠤᠴᠠ ᠦᠶ᠎ᠡ ᠳᠠᠩ ᠤ᠋ᠨ ᠬᠢ ᠡᠴᠡ ᠬᠣᠴᠣᠷᠤᠭᠰᠠᠨ᠂ ᠥᠩᠭᠡᠨ ᠲᠠᠯ᠎ᠠ ᠠ᠋ᠴᠠ ᠪᠠᠨ ᠪᠦᠷᠦᠭ ᠳᠣᠷᠣᠢ ᠮᠡᠲᠦ ᠬᠠᠷᠠᠭᠳᠠᠪᠠᠴᠤ ᠳᠣᠲᠣᠷ᠎ᠠ ᠪᠠᠨ ᠡᠷ᠎ᠡ ᠡᠮ᠎ᠡ ᠶ᠋ᠢᠨ ᠶᠣᠰᠣᠨ ᠤ᠋ ᠲᠠᠯ᠎ᠠ ᠪᠠᠷ ᠶᠡᠬᠡ ᠪᠣᠳᠣᠳᠠᠭ᠂ ᠨᠢᠭᠡ ᠦᠭᠡ ᠪᠡᠷ ᠬᠡᠯᠡᠬᠦ ᠳ᠋ᠦ᠍ ᠳᠣᠲᠣᠭᠠᠳᠤ ᠶᠢᠷᠲᠢᠨᠴᠦ ᠨᠢ ᠲᠦᠭᠵᠢᠭᠳᠡᠮᠡᠯ᠂ ᠬᠠᠭᠠᠯᠲᠠ ᠲᠠᠢ ᠪᠠᠢᠳᠠᠭ ᠨᠢ ᠠᠵᠢᠭᠯᠠᠭᠳᠠᠯᠠ᠃ ᠪᠣᠳᠠᠲᠤ ᠦᠵᠡᠯᠭᠡ ᠪᠡᠷ᠂ ᠶᠡᠬᠡᠩᠬᠢ ᠶ᠋ᠢᠨ ᠬᠢᠨᠢ ᠤᠮᠠᠳᠠᠭ ᠲᠤᠨᠢ ᠦᠰᠦ ᠤᠷᠭᠤᠭ᠎ᠠ ᠦᠭᠡᠢ᠂ ᠪᠡᠯᠭᠡ ᠡᠷᠬᠡᠲᠡᠨ ᠨᠢ ᠲᠣᠮᠣᠷᠠᠭᠠ ᠦᠭᠡᠢ ᠪᠠᠢᠪᠠ᠃
ᠡᠨᠡ ᠬᠡᠰᠡᠭ ᠲᠦ᠍ ᠬᠠᠮᠤᠷᠤᠭᠳᠠᠭᠰᠠᠳ ᠤ᠋ᠨ ᠭᠡᠮᠲᠦ ᠦᠢᠯᠡᠳᠦᠯ ᠦ᠋ᠨ ᠭᠣᠣᠯ ᠣᠪᠢᠶᠠᠺᠲ— ᠬᠣᠬᠢᠷᠠᠭᠴᠢ ᠨᠢ ᠪᠠᠭ᠎ᠠ ᠨᠠᠰᠤᠨ ᠤ᠋ ᠥᠬᠢᠳ ᠪᠠᠢᠳᠠᠭ ᠢ᠋ᠶ᠋ᠠᠷ ᠢ᠋ᠶ᠋ᠠᠨ ᠠᠶᠤᠯᠲᠠᠢ ᠪᠠᠢᠳᠠᠭ ᠪᠥᠭᠡᠳ ᠲᠡᠷᠡ ᠥᠬᠢᠨ ᠢ᠋ ᠪᠦᠬᠦ ᠨᠠᠰᠤ ᠪᠠᠷ ᠨᠢ ᠪᠡᠶ᠎ᠡ᠂ ᠰᠡᠳᠬᠢᠯ ᠢ᠋ᠶ᠋ᠡᠷ ᠨᠢ ᠬᠣᠣᠷᠯᠠᠳᠠᠭ ᠪᠠᠢᠨ᠎ᠠ᠃ ᠡᠢᠮᠦ ᠮᠠᠭᠤ ᠦᠢᠯᠡ ᠬᠢᠭᠴᠢ ᠥᠪᠡᠷᠰᠡᠳ ᠦ᠋ᠨ ᠬᠦᠴᠦ ᠪᠣᠯᠤᠯᠴᠠᠭ᠎ᠠ ᠶ᠋ᠢ ᠦᠷᠭᠦᠯᠵᠢ ᠳᠤᠲᠠᠭᠤ ᠦᠨᠡᠯᠡᠳᠡᠭ ᠦᠶ᠎ᠡ ᠳᠠᠩ ᠤ᠋ᠨ ᠢ᠋ᠶ᠋ᠠᠨ ᠥᠬᠢᠳ ᠲᠡᠢ ᠬᠠᠪᠢᠳᠠᠵᠤ ᠣᠭᠲᠣ ᠴᠢᠳᠠᠬᠤ ᠦᠭᠡᠢ ᠮᠡᠲᠦ ᠪᠡᠷ ᠳᠦᠷᠰᠦᠯᠡᠨ ᠰᠡᠳᠬᠢᠳᠡᠭ ᠨᠡᠷᠡᠯᠬᠡᠦ᠂ ᠵᠣᠷᠢᠭ ᠮᠠᠭᠤᠲᠠᠢ ᠠᠶᠤᠮᠠᠬᠠᠢ ᠬᠥᠮᠦᠰ ᠪᠠᠢᠳᠠᠭ᠃ ᠡᠢᠮᠦ ᠪᠠᠢᠳᠠᠯ ᠵᠠᠷᠢᠮ ᠨᠠᠰᠤᠨ ᠳ᠋ᠤ᠌ ᠬᠦᠷᠦᠭᠴᠢᠳ ᠲᠦ᠍ ᠴᠦ᠍ ᠭᠠᠷᠳᠠᠭ ᠢ᠋ ᠡᠨᠳᠡ ᠳᠤᠷᠠᠳᠬᠤ ᠬᠡᠷᠡᠭᠲᠡᠢ᠃ ᠢᠩᠭᠢᠭᠡᠳ ᠲᠡᠳᠡ ᠬᠤᠷᠢᠴᠠᠯ ᠦᠢᠯᠡᠳᠴᠦ ᠴᠢᠳᠠᠬᠤ ᠡᠰᠡᠬᠦ ᠪᠡᠨ ᠲᠤᠷᠰᠢᠬᠤ᠂ ᠬᠦᠰᠡᠯ ᠲᠠᠴᠢᠶᠠᠯ ᠢ᠋ᠶ᠋ᠠᠨ ᠬᠠᠩᠭᠠᠬᠤ ᠶ᠋ᠢᠨ ᠲᠤᠯᠠᠳᠠ ᠪᠡᠶ᠎ᠡ ᠪᠡᠨ ᠬᠠᠮᠠᠭᠠᠯᠠᠬᠤ ᠴᠢᠳᠠᠪᠤᠷᠢ ᠦᠭᠡᠢ᠂ ᠪᠠᠭ᠎ᠠ ᠨᠠᠰᠤᠨ ᠤ᠋ ᠥᠬᠢᠳ ᠢ᠋ ᠰᠣᠩᠭᠣᠵᠤ ᠠᠪᠳᠠᠭ ᠪᠠᠢᠨ᠎ᠠ᠃ ᠡᠨᠳᠡ ᠳᠤᠷᠠᠳᠪᠠᠯ ᠵᠣᠬᠢᠬᠤ ᠨᠢᠭᠡ ᠵᠦᠢᠯ ᠪᠣᠯ ᠬᠣᠷᠮᠣᠢ ᠶ᠋ᠢᠨ ᠭᠡᠮᠲᠦ ᠬᠡᠷᠡᠭ ᠦᠢᠯᠡᠳᠦᠭᠴᠢᠳ ᠨᠢ ᠲᠩᠷᠢ ᠡᠴᠡ ᠤᠨᠠᠵᠤ ᠭᠠᠵᠠᠷ ᠠ᠋ᠴᠠ ᠤᠷᠭᠤᠳᠠᠭ ᠦᠭᠡᠢ ᠶ᠋ᠢ ᠬᠡᠯᠡᠬᠦ ᠬᠡᠷᠡᠭᠲᠡᠢ᠃ ᠲᠡᠳᠡ ᠬᠣᠬᠢᠷᠠᠭᠴᠢ ᠶ᠋ᠢ ᠤᠷᠢᠳᠤ ᠡᠮᠦᠨ᠎ᠡ ᠰᠠᠢᠨ ᠲᠠᠨᠢᠳᠠᠭ ᠮᠡᠳᠡᠳᠡᠭ᠂ ᠲᠡᠷᠡ ᠪᠤᠤ ᠬᠡᠯᠡ ᠵᠠᠷᠢᠮ ᠨᠢ ᠬᠠᠮᠢᠶᠠᠲᠠᠨ ᠰᠠᠳᠤᠨ ᠪᠠᠢᠭᠰᠠᠨ ᠨᠢ ᠬᠡᠷᠡᠭ ᠦ᠋ᠨ ᠮᠠᠲ᠋ᠧᠷᠢᠶᠠᠯ ᠠ᠋ᠴᠠ ᠲᠣᠳᠣᠷᠬᠠᠢ ᠪᠠᠢᠪᠠ᠃ ᠪᠠᠰᠠ ᠨᠢᠭᠡ ᠵᠢᠰᠢᠶ᠎ᠠ ᠲᠠᠲᠠᠶ᠎ᠠ᠃ ᠭᠡᠮᠲᠦ ᠬᠡᠷᠡᠭ ᠦᠢᠯᠡᠳᠦᠭᠴᠢ ᠶ᠋ᠢᠨ· ᠬᠠᠵᠠᠭᠤ ᠠᠢᠯ ᠤ᠋ᠨ ᠢ᠋ᠶ᠋ᠠᠨ8 ᠨᠠᠰᠤᠲᠠᠢ ᠥᠬᠢᠨ ᠳ ᠢ᠋ ᠲᠣᠮᠣᠴᠤᠳ ᠪᠠᠢᠬᠤ ᠦᠭᠡᠢ ᠦᠶ᠎ᠡ ᠳ᠋ᠦ᠍ ᠬᠦᠴᠦᠷᠬᠡᠭᠯᠡᠨ ᠵᠣᠭᠰᠣᠬᠤ ᠦᠭᠡᠢ ᠪᠡᠯᠭᠡ ᠡᠷᠬᠡᠲᠡᠨ ᠢ᠋ᠶ᠋ᠡᠨ ᠬᠣᠬᠢᠷᠠᠭᠴᠢ ᠶ᠋ᠢᠨ ᠠᠮᠠᠨ ᠳ᠋ᠤ᠌ ᠬᠢᠵᠦ ᠲᠣᠬᠣᠭᠤᠷᠬᠠᠨ ᠳᠣᠷᠣᠮᠵᠢᠯᠠᠵᠤ ᠲᠠᠩᠬᠠᠢᠷᠠᠭᠰᠠᠨ ᠪᠠᠢᠪᠠ᠃ ᠡᠴᠢᠭᠡ ᠡᠬᠡ ᠨᠢ ᠯᠠᠪ ᠬᠡᠦᠬᠡᠳ ᠢ᠋ᠶ᠋ᠡᠨ ᠡᠢᠮᠦ ᠪᠤᠰᠤᠷᠮᠠᠭ ᠬᠡᠷᠡᠭ ᠬᠢᠨ᠎ᠡ ᠭᠡᠵᠦ ᠬᠡᠵᠢᠶ᠎ᠡ ᠴᠦ᠍ ᠵᠡᠭᠦᠳᠦᠯᠡᠭᠡ ᠦᠭᠡᠢ ᠤᠷᠢᠳᠴᠢᠯᠠᠨ ᠲᠠᠭᠠᠪᠤᠷᠢᠯᠠᠭᠠ ᠦᠭᠡᠢ ᠪᠢᠵᠡ᠃ ᠢᠩᠭᠢᠭᠡᠳ ᠪᠣᠳᠣᠬᠤ ᠳ᠋ᠤ᠌ ᠪᠢᠳᠡ ᠪᠦᠬᠦᠨ ᠦ᠌ ᠮᠠᠨᠢ ᠬᠡᠨ ᠦ᠌ ᠴᠦ᠍ ᠦᠷ᠎ᠡ ᠬᠡᠦᠬᠡᠳ ᠭᠡᠮᠲᠦ ᠬᠡᠷᠡᠭ ᠲᠦ᠍ ᠬᠣᠯᠪᠣᠭᠳᠠᠵᠤ᠂ ᠬᠦᠴᠦᠷᠬᠡᠭᠯᠡᠯ ᠳ᠋ᠦ᠍ ᠤᠴᠠᠷᠠᠬᠤ ᠦᠭᠡᠢ ᠭᠡᠰᠡᠨ ᠪᠣᠳᠠᠲᠠᠢ ᠪᠠᠲᠤᠯᠠᠭ᠎ᠠ ᠳᠠᠩᠴᠢ ᠠᠯᠠᠭ᠎ᠠ ᠪᠠᠢᠨ᠎ᠠ ᠰᠢᠦ ᠳᠡ᠃ ᠡᠢᠮᠦ ᠡᠴᠡ ᠬᠦᠴᠦᠨ ᠦ᠌ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠯᠡᠬᠦ ᠨᠢ ᠨᠡᠢᠭᠡᠮ ᠦ᠋ᠨ ᠲᠣᠮᠣᠬᠠᠨ ᠠᠰᠠᠭᠤᠳᠠᠯ ᠶᠤᠮ᠃ ᠬᠦᠴᠦᠷᠬᠡᠭᠯᠡᠯ ᠪᠣᠯ ᠡᠩᠭᠡᠷ ᠵᠥᠷᠢᠭᠦᠯᠬᠦ ᠡᠷᠬᠢᠮ ᠶᠣᠰᠣᠨ ᠤ᠋ ᠤᠭ ᠮᠥᠨ ᠴᠢᠨᠠᠷ ᠢ᠋ ᠭᠠᠵᠢᠭᠤᠳᠠᠭᠤᠯᠵᠤ ᠪᠠᠢᠭ᠎ᠠ ᠪᠠᠷ ᠢ᠋ᠶ᠋ᠠᠨ ᠪᠤᠰᠤᠷᠮᠠᠭ ᠶᠠᠪᠤᠳᠠᠯ᠂ ᠨᠣᠴᠢᠲᠠᠢ ᠭᠡᠮᠲᠦ ᠬᠡᠷᠡᠭ ᠳᠠᠷᠤᠢ ᠮᠥᠨ᠃ ᠫᠤᠯᠠᠨᠲ ᠲᠤ᠌ ᠠᠯᠢᠪᠠ ᠬᠣᠷᠮᠣᠢ ᠶ᠋ᠢᠨ ᠭᠡᠮᠲᠦ ᠬᠡᠷᠡᠭ ᠪᠤᠶᠤ ᠬᠦᠴᠦᠨ ᠦ᠌ ᠬᠡᠷᠡᠭ ᠢ᠋ ᠵᠥᠪᠬᠡᠨ ᠰᠡᠳᠬᠢᠴᠡ ᠶ᠋ᠢᠨ ᠲᠡᠳᠦᠢ ᠦᠭᠡᠢ ᠡᠷ᠎ᠡ ᠡᠮ᠎ᠡ ᠶ᠋ᠢᠨ ᠶᠣᠰᠣᠨ ᠤ᠋ ᠰᠤᠳᠤᠯᠤᠯ ᠤ᠋ᠨ ᠨᠠᠷᠢᠪᠴᠢᠯᠠᠭᠰᠠᠨ ᠮᠠᠭᠠᠳᠯᠠᠭᠠ ᠬᠢᠭᠰᠡᠨ ᠦ᠌ ᠳᠠᠷᠠᠭ᠎ᠠ ᠰᠢᠳᠬᠡᠳᠡᠭ ᠪᠠᠢᠨ᠎ᠠ᠂ ᠬᠠᠷᠠᠮᠰᠠᠯᠲᠠᠢ ᠨᠢ ᠮᠠᠨ ᠤ᠋ ᠳ᠋ᠤ᠌ ᠡᠢᠮᠦ ᠪᠣᠯᠤᠯᠴᠠᠭ᠎ᠠ ᠬᠠᠷᠠᠬᠠᠨ ᠠᠯᠠᠭ᠎ᠠ᠃ ᠵᠠᠷᠢᠮ ᠤᠯᠤᠰ ᠣᠷᠣᠨ ᠳ᠋ᠤ᠌ ᠤᠳᠠᠭ᠎ᠠ ᠳᠠᠷᠠᠭ᠎ᠠ᠂ ᠳᠠᠬᠢᠨ ᠳᠠᠪᠲᠠᠨ ᠬᠦᠴᠦᠨ ᠦ᠌ ᠬᠡᠷᠡᠭ ᠬᠢᠭᠡᠳ ᠵᠠᠰᠠᠷᠠᠬᠤ ᠦᠭᠡᠢ ᠬᠥᠮᠦᠰ ᠦ᠋ᠨ ᠪᠡᠯᠭᠡ ᠶ᠋ᠢᠨ ᠳᠤᠷ᠎ᠠ ᠲᠠᠴᠢᠶᠠᠯ ᠢ᠋ ᠪᠠᠭᠤᠷᠠᠭᠤᠯᠵᠤ᠂ ᠪᠡᠶ᠎ᠡ ᠪᠡᠨ ᠡᠵᠡᠮᠳᠡᠨ ᠵᠠᠬᠢᠷᠴᠤ ᠴᠢᠳᠠᠳᠠᠭ ᠪᠣᠯᠭᠠᠳᠠᠭ ᠲᠤᠰᠬᠠᠢ ᠡᠮ᠂ ᠪᠡᠯᠡᠳᠦᠮᠡᠯ ᠴᠦ᠍ ᠬᠡᠷᠡᠭᠯᠡᠳᠡᠭ ᠠᠵᠠᠢ᠃ ᠲᠡᠷᠡ ᠪᠦᠦ ᠬᠡᠯᠡ ᠬᠣᠷᠮᠣᠢ ᠶ᠋ᠢᠨ ᠭᠡᠮᠲᠦ ᠬᠡᠷᠡᠭ ᠦᠢᠯᠡᠳᠦᠭᠰᠡᠨ ᠬᠥᠮᠦᠰ ᠲᠦ᠍ ᠱᠣᠷᠣᠩ ᠳ᠋ᠤ᠌ ᠪᠠᠢᠬᠤ ᠳ᠋ᠤᠨᠢ ᠥᠪᠡᠷ ᠢ᠋ ᠪᠡᠨ ᠡᠵᠡᠮᠳᠡᠨ ᠵᠠᠬᠢᠷᠴᠤ ᠰᠡᠳᠬᠢᠯ ᠵᠠᠰᠠᠯ ᠤ᠋ᠨ ᠲᠤᠰᠬᠠᠢ ᠺᠦᠷᠡᠰ ᠬᠦᠷᠲᠡᠯ᠎ᠡ ᠬᠢᠯᠭᠡᠳᠡᠭ ᠠᠵᠠᠢ᠃ ᠪᠢᠳᠡᠨ ᠦ᠌ ᠦᠵᠡᠭᠰᠡᠨ ᠢ᠋ᠶ᠋ᠡᠷ᠂ ᠬᠣᠷᠮᠣᠢ ᠶ᠋ᠢᠨ ᠭᠡᠮᠲᠦ ᠬᠡᠷᠡᠭ ᠦᠢᠯᠡᠳᠬᠦ ᠭᠣᠣᠯ ᠰᠢᠯᠲᠠᠭᠠᠨ ᠪᠣᠯ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ ᠦᠭᠡᠢ᠂ ᠡᠨᠡ ᠲᠠᠯ᠎ᠠ ᠪᠠᠷ ᠠᠩᠬᠠᠨ ᠤ᠋ ᠮᠡᠳᠡᠭᠳᠡᠬᠦᠨ ᠦᠭᠡᠢ ᠶᠠᠪᠤᠳᠠᠯ ᠶᠤᠮ᠃ ᠮᠠᠨᠠᠢᠬᠢᠨ ᠡᠨᠡ ᠲᠠᠯ᠎ᠠ ᠪᠠᠷ ᠦᠷ᠎ᠡ ᠬᠡᠦᠬᠡᠳ ᠲᠡᠭᠡᠨ ᠨᠠᠷᠢᠪᠴᠢᠯᠠᠨ ᠲᠠᠢᠯᠪᠤᠷᠢᠯᠠᠵᠤ ᠥᠭᠳᠡᠭ ᠦᠭᠡᠢ᠂ ᠵᠦᠩ ᠢ᠋ᠶ᠋ᠡᠷ ᠨᠢ ᠲᠠᠯᠪᠢᠳᠠᠭ ᠲᠠᠢ ᠴᠦ᠍ ᠬᠣᠯᠪᠣᠭᠠᠲᠠᠢ ᠪᠠᠢᠵᠤ ᠪᠠᠰᠠ ᠮᠡᠳᠡᠬᠦ ᠶᠦᠮ᠃ ᠡᠢᠮᠦ ᠡᠴᠡ ᠪᠢᠳᠡᠨ ᠦ᠌ ᠦᠷ᠎ᠡ ᠬᠡᠦᠬᠡᠳ ᠡᠩᠭᠡᠷ ᠵᠥᠷᠢᠭᠦᠯᠦᠨ᠎ᠡ ᠭᠡᠳᠡᠭ ᠡᠷᠬᠢᠮ ᠶᠣᠰᠣ ᠶ᠋ᠢ ᠭᠠᠵᠢᠭᠤᠳᠠᠭᠤᠯᠵᠤ ᠪᠠᠢᠬᠤ ᠪᠠᠷ ᠢ᠋ᠶ᠋ᠠᠨ ᠬᠥᠮᠦᠨ ᠪᠦᠬᠦᠨ ᠦ᠌ ᠵᠢᠭᠰᠢᠯ ᠵᠢᠪᠡᠭᠦᠴᠡᠯ ᠢ᠋ ᠲᠥᠷᠥᠭᠦᠯᠵᠦ ᠪᠠᠢᠨ᠎ᠠ᠃ ᠡᠢᠮᠦ ᠡᠮᠭᠡᠨᠢᠯᠲᠦ ᠪᠠᠢᠳᠠᠯ ᠳ᠋ᠤ᠌ ᠦᠷ᠎ᠡ ᠬᠡᠦᠬᠡᠳ ᠢ᠋ᠶ᠋ᠡᠨ ᠣᠷᠣᠭᠤᠯᠬᠤ ᠦᠭᠡᠢ ᠶ᠋ᠢᠨ ᠲᠤᠯᠠᠳᠠ ᠡᠷ᠎ᠡ ᠡᠮ᠎ᠡ ᠶ᠋ᠢᠨ ᠶᠣᠰᠣᠨ ᠤ᠋ ᠤᠳᠬ᠎ᠠ ᠤᠴᠢᠷ ᠢ᠋ ᠬᠡᠦᠬᠡᠳ ᠪᠦᠬᠦᠨ ᠳ᠋ᠦ᠍ ᠪᠠᠭ᠎ᠠ ᠪᠠᠯᠴᠢᠷ ᠠ᠋ᠴᠠ ᠨᠢ ᠡᠴᠢᠭᠡ ᠡᠬᠡ᠂ ᠪᠠᠭᠰᠢ᠂ ᠰᠤᠷᠭᠠᠨ ᠬᠥᠮᠦᠵᠢᠭᠦᠯᠦᠭᠴᠢ ᠬᠡᠨ ᠪᠦᠬᠦᠨ ᠣᠢᠯᠠᠭᠠᠵᠤ ᠴᠢᠳᠠᠭᠰᠠᠨ ᠴᠠᠭ ᠲᠤ᠌《ᠬᠦᠴᠦᠨ》 ᠭᠡᠳᠡᠭ ᠦᠭᠡ ᠶ᠋ᠢ ᠲᠣᠯᠢ ᠪᠢᠴᠢᠭ ᠡᠴᠡ ᠡᠷᠢᠭᠡᠳ ᠣᠯᠬᠤ ᠦᠭᠡᠢ ᠴᠠᠭ ᠢᠷᠡᠬᠦ ᠪᠣᠢ ᠢ᠎ᠠ᠃ ᠡᠢᠮᠦ ᠳ᠋ᠦ᠍ ᠰᠤᠷᠭᠠᠭᠤᠯᠢ ᠶ᠋ᠢᠨ ᠫᠷᠣᠭ᠌ᠷᠠᠮ ᠳ᠋ᠤ᠌ ᠰᠧᠺᠰ ᠦ᠋ᠨ ᠲᠠᠯ᠎ᠠ ᠪᠠᠷ ᠵᠣᠬᠢᠬᠤ ᠮᠡᠳᠡᠯᠭᠡ ᠥᠭᠬᠦ ᠬᠢᠴᠢᠶᠡᠯ ᠣᠷᠣᠭᠤᠯᠪᠠᠯ ᠰᠠᠢᠨ ᠰᠠᠨ᠃
ᠡᠨᠳᠡ ᠯᠡ ᠪᠢᠳᠡᠨ ᠦ᠌ ᠦᠷ᠎ᠡ ᠬᠡᠦᠬᠡᠳ ᠢ᠋ ᠬᠣᠷᠮᠣᠢ ᠶ᠋ᠢᠨ ᠭᠡᠮᠲᠦ ᠬᠡᠷᠡᠭ ᠡᠴᠡ ᠤᠷᠢᠳᠴᠢᠯᠠᠨ ᠰᠡᠷᠭᠡᠢᠯᠡᠬᠦ ᠭᠠᠭᠴᠠ ᠠᠷᠭ᠎ᠠ ᠵᠠᠮ ᠣᠷᠣᠰᠢᠨ᠎ᠠ᠃ ᠡᠭᠦᠨ ᠡᠴᠡ ᠭᠠᠳᠠᠨ᠎ᠠ ᠥᠬᠢᠳ ᠢ᠋ ᠬᠦᠴᠦᠨ ᠦ᠌ ᠭᠡᠮᠲᠦ ᠬᠡᠷᠡᠭ ᠦ᠋ᠨ ᠬᠠᠯᠳᠠᠯᠭ᠎ᠠ ᠠ᠋ᠴᠠ ᠥᠪᠡᠷ ᠢ᠋ ᠪᠡᠨ ᠬᠠᠮᠠᠭᠠᠯᠠᠬᠤ ᠠᠷᠭ᠎ᠠ ᠵᠠᠮ ᠢ᠋ ᠪᠣᠯᠪᠠᠰᠤᠷᠠᠭᠤᠯᠬᠤ ᠶᠠᠪᠤᠳᠠᠯ ᠴᠢᠬᠤᠯᠠ ᠪᠠᠢᠨ᠎ᠠ᠃ ᠶᠠᠫᠣᠨ ᠤ᠋ ᠺᠷᠠᠲ᠋ᠸᠭ᠋ ᠤ᠋ᠨ ᠰᠤᠷᠬᠤ ᠪᠢᠴᠢᠭ ᠲᠦ᠍ ᠬᠦᠴᠦᠷᠬᠡᠭᠯᠡᠬᠦ ᠡᠴᠡ ᠥᠪᠡᠷ ᠢ᠋ ᠪᠡᠨ ᠬᠠᠮᠠᠭᠠᠯᠠᠬᠤ ᠵᠥᠪᠯᠡᠮᠵᠢ ᠡᠮᠡᠭᠲᠡᠢᠴᠦᠳ ᠲᠦ᠍ ᠥᠭᠭᠦᠭᠰᠡᠨ ᠪᠠᠢᠳᠠᠭ ᠢ᠋ ᠪᠣᠳᠣᠭᠤᠰᠢᠲᠠᠢ᠃ ᠬᠣᠷᠮᠣᠢ ᠶ᠋ᠢᠨ ᠭᠡᠮᠲᠦ ᠬᠡᠷᠡᠭ ᠦ᠋ᠨ ᠨᠥᠭᠦᠭᠡ ᠠᠶᠤᠯ ᠲᠠᠢ ᠲᠠᠯ᠎ᠠ ᠪᠣᠯ ᠭᠡᠮ ᠵᠢᠮ ᠦᠭᠡᠢ ᠥᠬᠢᠳ ᠦ᠋ᠨ ᠪᠡᠶ᠎ᠡ᠂ ᠰᠡᠳᠬᠢᠯ ᠢ᠋ ᠪᠤᠵᠠᠷᠯᠠᠵᠤ᠃ ᠲᠡᠳᠡᠨ ᠦ᠌ ᠡᠷᠡᠭᠦᠯ ᠮᠡᠨᠳᠦ ᠨᠡᠷ᠎ᠡ ᠲᠥᠷᠥ᠂ ᠰᠡᠳᠬᠢᠯ ᠰᠠᠨᠠᠭᠠᠨ ᠤ᠋ ᠬᠦᠨᠳᠦ ᠬᠣᠬᠢᠷᠠᠯ ᠤᠴᠠᠷᠠᠭᠤᠯᠵᠤ ᠪᠠᠢᠭ᠎ᠠ ᠶᠠᠪᠤᠳᠠᠯ ᠶᠤᠮ᠃ ᠵᠠᠷᠢᠮ ᠬᠣᠬᠢᠷᠠᠭᠴᠢ ᠰᠡᠳᠬᠢᠯ ᠦ᠋ᠨ ᠭᠦᠨᠵᠡᠭᠡᠢ ᠬᠢᠮᠤᠷᠠᠯ ᠳ᠋ᠤ᠌ ᠣᠷᠣᠵᠤ᠂ ᠠᠮᠢ ᠪᠠᠨ ᠬᠣᠣᠷᠯᠠᠬᠤ ᠶᠠᠪᠤᠳᠠᠯ ᠴᠦ᠍ ᠭᠠᠷᠴᠤ ᠪᠠᠢᠨ᠎ᠠ᠃ ᠡᠭᠦᠨ ᠢ᠋ ᠶᠠᠭᠤ ᠪᠠᠷ ᠴᠦ᠍ ᠨᠥᠬᠥᠵᠦ ᠴᠢᠳᠠᠬᠤ ᠦᠭᠡᠢ ᠨᠢ ᠮᠠᠰᠢ ᠬᠠᠷᠠᠮᠰᠠᠯᠲᠠᠢ ᠪᠢᠯᠡ᠃
