ᠠᠯᠠᠭ ᠠᠭᠤᠯᠠ ᠮᠢᠨᠦ ᠥᠯᠥᠭᠡᠢ -ᠳ᠋ᠠᠱᠠᠺᠡAlag uul minii ölgii-TashakaАлаг уул миний өлгий-Ташака ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠠᠯᠠᠭ ᠠᠭᠤᠯᠠ ᠮᠢᠨᠦ ᠥᠯᠥᠭᠡᠢ -ᠳ᠋ᠠᠱᠠᠺᠡAlag uul minii ölgii-TashakaАлаг уул миний өлгий-Ташака

ᠠᠯᠠᠭ ᠠᠭᠤᠯᠠ ᠮᠢᠨᠦ ᠥᠯᠥᠭᠡᠢ -ᠳ᠋ᠠᠱᠠᠺᠡAlag uul minii ölgii-TashakaАлаг уул миний өлгий-Ташака

ᠠᠩᠭᠢᠯᠠᠯ:ᠳᠠᠭᠤᠤ ᠬᠥᠭᠵᠢᠮ
2025-09-04

704

ᠠᠯᠠᠭ ᠠᠭᠤᠯᠠ ᠮᠢᠨᠦ ᠥᠯᠥᠭᠡᠢ

        ᠦᠭᠡ᠄ ᠡᠷᠳᠡᠨᠢᠪᠠᠭᠠᠲᠤᠷ 
        ᠠᠶ᠎ᠠ᠄ ᠴᠣᠪᠣᠭᠣ 
        ᠳᠠᠭᠤᠴᠢᠨ᠄ ᠳ᠋ᠠᠱᠠᠺᠡ 
ᠰᠣᠷᠭᠣᠭ ᠴᠡᠴᠡᠭ ᠪᠠᠯ ᠢ᠋ᠶ᠋ᠠᠷ ᠨᠢ ᠬᠡᠰᠡᠷᠯᠡᠬᠡᠳ 
ᠰᠣᠯᠣᠩᠭᠠᠨ ᠡᠭᠦᠯᠡ ᠬᠢᠷ᠎ᠠ ᠪᠠᠷ ᠨᠢ ᠨᠡᠭᠦᠳᠡᠯᠯᠡᠭᠰᠡᠨ 
ᠤᠷᠭᠤᠬᠤ ᠨᠠᠷᠠ ᠨᠢ ᠥᠯᠮᠡᠢ ᠡᠷᠭᠦᠨ ᠮᠠᠨᠳᠤᠭᠰᠠᠨ 
ᠮᠥᠩᠭᠥᠨ ᠰᠠᠷᠠᠨ ᠣᠭᠲᠠᠷᠭᠤᠢ ᠳ᠋ᠤᠨᠢ ᠲᠡᠷᠭᠡᠯᠰᠢᠭᠰᠡᠨ 
ᠠᠯᠠᠭ ᠠᠭᠤᠯᠠ ᠮᠢᠨᠦ ᠨᠤᠲᠤᠭ ᠤ᠋ᠨ ᠠᠭᠤᠯᠠ 
ᠠᠰᠠᠷᠠᠵᠤ ᠨᠠᠮ᠎ᠠ ᠶ᠋ᠢ ᠪᠡᠨ ᠪᠣᠢᠵᠢᠭᠤᠯᠤᠭᠰᠠᠨ ᠬᠠᠢᠷ᠎ᠠ ᠶ᠋ᠢᠨ ᠥᠯᠥᠭᠡᠢ 

ᠤᠷᠢᠬᠠᠨ ᠬᠠᠪᠤᠷ ᠬᠥᠬᠦᠭᠡᠨ ᠳᠠᠭᠤ ᠲᠠᠢ ᠢᠵᠢᠯᠢᠰᠢᠭᠡᠳ 
ᠤᠷᠲᠤ ᠨᠠᠮᠤᠷ ᠠᠳᠤᠭᠤᠨ ᠰᠦᠷᠦᠭ ᠦ᠋ᠳ ᠬᠦᠶᠣᠬᠦᠯᠣᠨ᠎ᠡ 
ᠠᠭᠠᠭᠢᠮ᠎ᠠ ᠵᠤᠨ ᠰᠢᠪᠡᠷᠡᠭᠡ ᠪᠣᠷᠣᠭᠠᠨ ᠳ᠋ᠤ᠌ ᠰᠡᠪᠡᠯᠵᠡᠭᠰᠡᠨ 
ᠠᠯᠠᠭ ᠠᠭᠤᠯᠠ ᠬᠡᠢᠮᠣᠷᠢ ᠪᠣᠰᠤᠭᠰᠠᠨ ᠰᠦᠯᠳᠡ 
ᠠᠯᠠᠭ ᠠᠭᠤᠯᠠ ᠮᠢᠨᠦ ᠨᠤᠲᠤᠭ ᠤ᠋ᠨ ᠠᠭᠤᠯᠠ 
ᠠᠰᠠᠷᠠᠵᠤ ᠨᠠᠮ᠎ᠠ ᠶ᠋ᠢ ᠪᠡᠨ ᠪᠣᠢᠵᠢᠭᠤᠯᠤᠭᠰᠠᠨ ᠬᠠᠢᠷ᠎ᠠ ᠶ᠋ᠢᠨ ᠥᠯᠥᠭᠡᠢ

ᠲᠦᠰᠢᠵᠦ ᠲᠤᠯᠤᠭᠰᠠᠨ ᠨᠤᠲᠤᠭ ᠤ᠋ᠨ ᠮᠢᠨᠢ ᠠᠭᠤᠯᠠ
ᠲᠦᠮᠡᠨ ᠭᠠᠵᠠᠷ ᠮᠠᠷᠲᠠᠭᠳᠠᠰᠢ ᠦᠭᠡᠢ ᠨᠤᠲᠤᠭ
ᠠᠵᠠ ᠡᠨᠡᠷᠢᠯ ᠪᠠᠷᠠᠭᠳᠠᠰᠢ ᠦᠭᠡᠢ ᠥᠯᠥᠭᠡᠢ
ᠠᠯᠠᠭ ᠠᠭᠤᠯᠠ ᠡᠭᠦᠷᠢᠳᠡ ᠮᠢᠨᠦ ᠨᠠᠷᠠ
ᠠᠯᠠᠭ ᠠᠭᠤᠯᠠ ᠮᠢᠨᠦ ᠨᠤᠲᠤᠭ ᠤ᠋ᠨ ᠠᠭᠤᠯᠠ
ᠠᠰᠠᠷᠠᠵᠤ ᠨᠠᠮ᠎ᠠ ᠶ᠋ᠢ ᠪᠡᠨ ᠪᠣᠢᠵᠢᠭᠤᠯᠤᠭᠰᠠᠨ ᠬᠠᠢᠷ᠎ᠠ ᠶ᠋ᠢᠨ ᠥᠯᠥᠭᠡᠢ
ᠠᠯᠠᠭ ᠠᠭᠤᠯᠠ ᠮᠢᠨᠦ ᠨᠤᠲᠤᠭ ᠤ᠋ᠨ ᠠᠭᠤᠯᠠ
ᠠᠰᠠᠷᠠᠵᠤ ᠨᠠᠮ᠎ᠠ ᠶ᠋ᠢ ᠪᠡᠨ ᠪᠣᠢᠵᠢᠭᠤᠯᠤᠭᠰᠠᠨ ᠬᠠᠢᠷ᠎ᠠ ᠶ᠋ᠢᠨ ᠥᠯᠥᠭᠡᠢ

      ᠦᠰᠦᠭ ᠠᠮᠢᠯᠠᠭᠤᠯᠤᠭᠴᠢ᠄ ᠰᠠᠴᠠᠡᠭᠡᠷᠠᠯ
      ᠬᠢᠨᠠᠭᠴᠢ ᠪᠠᠭᠰᠢ᠄ ᠠᠯᠳᠠᠨᠴᠡᠴᠩ