ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ– 3᠂ᠬᠣᠷᠮᠣᠢ ᠶᠢᠨ ᠡᠪᠡᠳᠴᠢᠨ Эр эмийн ёсон – Д᠂ Болдцэрэн <2-р бүлэг>– Хорвоогийн эрээн бараан- хормойн өвчин
<ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ
ᠬᠣᠷᠮᠣᠢ ᠶᠢᠨ ᠡᠪᠡᠳᠴᠢᠨ
ᠭᠡᠪᠡᠴᠦ ᠡᠨᠡ ᠪᠡᠶ᠎ᠡ ᠶ᠋ᠢᠨ ᠮᠤᠩᠬᠠᠭ ᠠ᠋ᠴᠠ ᠪᠣᠯᠵᠤ ᠠᠷᠢᠭᠤᠨ ᠵᠢᠷᠤᠮᠲᠤ ᠶᠣᠰᠣ᠂ ᠱᠠᠭᠰᠠᠪᠠᠳ ᠢ᠋ ᠰᠠᠬᠢᠵᠤ ᠴᠢᠳᠠᠬᠤ ᠦᠭᠡᠢ ᠪᠠᠢᠭᠠᠳ ᠪᠠᠢᠭᠠᠯᠢ ᠡᠬᠡ ᠬᠢᠯᠢᠩᠨᠡᠵᠦ᠂ ᠬᠣᠷᠮᠣᠢ ᠶ᠋ᠢᠨ ᠡᠪᠡᠳᠴᠢᠨ ᠭᠠᠷᠤᠭᠰᠠᠨ ᠶᠤᠮ ᠪᠣᠯᠪᠠᠤ ᠳᠠ᠃ ᠥᠭᠡᠷ᠎ᠡ ᠪᠡᠷ ᠬᠡᠯᠡᠪᠡᠯ᠂ ᠬᠣᠷᠮᠣᠢ ᠶ᠋ᠢᠨ ᠡᠪᠡᠳᠴᠢᠨ ᠪᠣᠯ ᠰᠠᠳᠤᠷ ᠰᠠᠮᠠᠭᠤᠨ᠂ ᠤᠵᠢᠳ ᠵᠠᠪᠬᠠᠢ ᠶᠠᠪᠤᠳᠠᠯ ᠢ᠋ ᠭᠡᠰᠬᠡᠭᠡᠨ ᠴᠡᠭᠡᠷᠯᠡᠭᠦᠯᠦᠭᠰᠡᠨ ᠪᠠᠢᠭᠠᠯᠢ ᠡᠬᠡ ᠶ᠋ᠢᠨ ᠰᠢᠳᠬᠡᠯ ᠪᠠᠢᠬ᠎ᠠ ᠭᠡᠵᠦ ᠪᠣᠳᠣᠭᠳᠠᠬᠤ ᠶᠤᠮ ᠠ᠋᠃ ᠢᠩᠭᠢᠬᠦᠯᠡᠷ᠂ ᠰᠠᠳᠤᠷ ᠰᠠᠮᠠᠭᠤᠨ᠂ ᠤᠵᠢᠳ ᠵᠠᠪᠬᠠᠢ᠂ ᠪᠤᠰᠤᠷᠮᠠᠭ ᠶᠠᠪᠤᠳᠠᠯ ᠲᠣᠨᠢᠯᠤᠭᠠ ᠦᠭᠡᠢ ᠴᠠᠭ ᠲᠤ᠌ ᠬᠣᠷᠮᠣᠢ ᠶ᠋ᠢᠨ ᠡᠪᠡᠳᠴᠢᠨ ᠤᠰᠠᠳᠴᠤ ᠠᠯᠠᠭ᠎ᠠ ᠪᠣᠯᠤᠨ᠎ᠠ ᠭᠡᠵᠦ ᠬᠡᠵᠢᠶ᠎ᠡ ᠴᠦ᠍ ᠦᠭᠡᠢ ᠪᠠᠢᠭᠰᠠᠭᠠᠷ ᠯᠠ ᠪᠠᠢᠬᠤ ᠪᠣᠯᠤᠨ᠎ᠠ᠃ ᠬᠡᠷᠪᠡ ᠬᠣᠷᠮᠣᠢ ᠶ᠋ᠢᠨ ᠡᠪᠡᠳᠴᠢᠨ ᠭᠡᠭᠴᠢ ᠦᠭᠡᠢ ᠪᠠᠢᠭᠰᠠᠨ ᠰᠠᠨ ᠪᠣᠯ ᠬᠣᠷᠸ᠎ᠠ ᠶᠢᠷᠲᠢᠨᠴᠦ ᠬᠥᠮᠦᠰ ᠪᠤᠰᠤ ᠶᠠᠪᠤᠳᠠᠯ ᠤ᠋ᠨ ᠬᠥᠯ ᠦᠭᠡᠢ ᠳᠠᠯᠠᠢ ᠵᠢᠪᠪᠦᠬᠦ ᠪᠠᠢᠭᠰᠠᠨ ᠪᠢᠵᠡ ᠠ᠋᠃ ᠴᠣᠬᠣᠮ ᠳ᠋ᠠᠭᠠᠨ ᠬᠣᠷᠮᠣᠢ ᠶ᠋ᠢᠨ ᠡᠪᠡᠳᠴᠢᠨ ᠦ᠌ ᠠᠴᠢ ᠪᠠᠷ ᠡᠯᠳᠡᠪ ᠥᠩᠭᠡ ᠶ᠋ᠢᠨ ᠡᠪᠡᠳᠴᠢᠨ ᠵᠣᠪᠠᠯᠠᠩ ᠠᠪᠴᠢᠬᠠᠬᠤ ᠪᠣᠢ ᠭᠡᠵᠦ ᠠᠶᠤᠨ ᠡᠮᠢᠶᠡᠵᠦ᠂ ᠠᠷᠠᠢ ᠵᠠᠮᠪᠠᠷᠠᠭ᠎ᠠ ᠲᠠᠢ ᠶᠠᠪᠤᠭ᠎ᠠ ᠪᠢᠵᠡ ᠳᠡ᠃ ᠥᠩᠭᠡᠨ ᠦ᠌ ᠡᠪᠡᠳᠴᠢᠨ ᠨᠢ ᠡᠷᠡᠭᠦᠯ ᠪᠡᠶ᠎ᠡ ᠶ᠋ᠢ ᠡᠷᠡᠮᠳᠡᠭ ᠵᠡᠷᠡᠮᠳᠡᠭ᠂ ᠰᠠᠷᠠᠭᠤᠯ ᠤᠬᠠᠭᠠᠨ ᠢ᠋ ᠮᠤᠯᠭᠤᠤ ᠮᠤᠩᠬᠠᠭ ᠪᠣᠯᠭᠠᠳᠠᠭ᠃ ᠡᠭᠦᠨ ᠢ᠋ ᠲᠠᠷᠢᠬᠢᠨ ᠤ᠋ ᠶᠠᠷ᠎ᠠ ᠲᠡᠮᠪᠦᠦ ᠲᠡᠢ ᠡᠪᠡᠳᠴᠢᠲᠡᠨ ᠲᠡᠢ ᠴᠥᠭᠡᠨ ᠦᠭᠡᠢ ᠲᠠᠭᠠᠷᠠᠵᠤ ᠦᠵᠡᠵᠦ ᠡᠮᠴᠢᠯᠡᠳᠡᠭ ᠦ᠋ᠨ ᠬᠤᠪᠢ ᠳ᠋ᠤ᠌ ᠮᠡᠳᠡᠬᠦ ᠪᠢᠯᠡ᠃ ᠡᠢᠮᠦ ᠡᠪᠡᠳᠴᠢᠨ ᠲᠡᠢ ᠬᠥᠮᠦᠨ ᠦ᠌ ᠲᠠᠷᠢᠬᠢ ᠶ᠋ᠢᠨ ᠰᠤᠳᠠᠰᠤ ᠪᠠ ᠪᠦᠷᠬᠦᠭᠦᠯ᠂ ᠤᠯᠠᠮ ᠢ᠋ᠶ᠋ᠠᠷ ᠡᠳ᠋ ᠡᠰ ᠨᠢ ᠲᠡᠮᠪᠦᠦ ᠡᠪᠡᠳᠴᠢᠨ ᠦ᠌ ᠡᠭᠦᠰᠬᠡᠭᠴᠢ ᠪᠡᠷ ᠢᠳᠡᠭᠳᠡᠨ ᠭᠡᠮᠲᠦᠵᠦ᠂ ᠡᠭᠦᠨ ᠦ᠌ ᠤᠯᠠᠮ ᠠ᠋ᠴᠠ ᠤᠬᠠᠭᠠᠨ ᠰᠠᠨᠠᠭ᠎ᠠ ᠨᠢ ᠮᠠᠭᠤᠳᠠᠨ ᠲᠡᠨᠡᠭᠷᠡᠵᠦ᠂ ᠲᠡᠷᠡ ᠪᠦᠦ ᠬᠡᠯᠡ ᠰᠣᠯᠢᠶᠠᠷᠠᠬᠤ ᠨᠢ ᠪᠣᠢ᠃ ᠣᠢᠷᠠᠮᠠᠭᠬᠠᠨ ᠨᠢᠭᠡ ᠵᠢᠰᠢᠶ᠎ᠠ ᠲᠠᠲᠠᠶ᠎ᠠ᠃
《᠁ ᠡᠪᠡᠳᠴᠢᠲᠡᠨ ᠨ᠂42 ᠨᠠᠰᠤᠲᠠᠢ᠂ ᠣᠳᠣ ᠠ᠋ᠴᠠ6-7 ᠵᠢᠯ ᠦ᠋ᠨ ᠡᠮᠦᠨ᠎ᠡ ᠠᠢᠯ ᠤ᠋ᠨ ᠬᠤᠷᠢᠮ ᠳ᠋ᠤ᠌ ᠣᠴᠢᠵᠤ᠂ ᠲᠡᠨᠳᠡ ᠡᠴᠡ ᠨᠡᠯᠢᠶᠡᠳ ᠬᠠᠯᠠᠮᠰᠠᠭᠤ ᠭᠠᠷᠴᠤ ᠶᠠᠪᠤᠵᠤ ᠪᠠᠢᠭᠠᠳ ᠵᠢᠰᠦ ᠦᠯᠦ ᠮᠡᠳᠡᠬᠦ ᠨᠢᠭᠡᠨ ᠪᠦᠰᠡᠭᠦᠢ ᠲᠡᠢ ᠲᠠᠭᠠᠷᠠᠯᠳᠤᠵᠤ᠂ ᠡᠪᠦᠯ ᠦ᠋ᠨ ᠲᠡᠰᠬᠢᠮ᠎ᠡ ᠬᠦᠢᠲᠡᠨ ᠣᠷᠣᠢ ᠴᠠᠰᠤᠨ ᠳᠡᠭᠡᠷ᠎ᠡ《ᠡᠩᠭᠡᠷ ᠵᠥᠷᠢᠭᠦᠯᠡᠵᠡᠢ》᠃ ᠡᠨᠡ ᠶᠠᠪᠤᠳᠠᠯ ᠠ᠋ᠴᠠ ᠬᠣᠢᠰᠢ ᠬᠣᠶᠠᠷ ᠳᠣᠯᠣᠭᠠᠨ ᠬᠣᠨᠣᠭ ᠤ᠋ᠨ ᠳᠠᠷᠠᠭ᠎ᠠ ᠪᠡᠯᠭᠡ ᠡᠷᠬᠡᠲᠡᠨ ᠳᠡᠭᠡᠷ᠎ᠡ ᠡᠪᠡᠳᠴᠢᠨ ᠦᠭᠡᠢ ᠬᠠᠲᠠᠭᠤ ᠶᠠᠷ᠎ᠠ ᠭᠠᠷᠴᠠᠢ᠃ ᠭᠡᠪᠡᠴᠦ ᠲᠦᠳᠡᠯ ᠦᠭᠡᠢ ᠥᠪᠡᠷ ᠢ᠋ᠶ᠋ᠡᠨ ᠠᠶᠠᠨᠳᠠᠭᠠᠨ ᠠᠯᠠᠭ᠎ᠠ ᠪᠣᠯᠴᠢᠬᠠᠭᠰᠠᠨ ᠳ᠋ᠤ᠌ ᠰᠡᠳᠬᠢᠯ ᠬᠠᠭᠤᠷᠲᠠᠨ ᠶᠠᠪᠤᠭᠰᠠᠭᠠᠷ ᠡᠳᠦᠢ ᠬᠦᠷᠴᠡᠢ᠃ ᠣᠳᠣ ᠰᠡᠳᠬᠢᠯ ᠮᠡᠳᠡᠷᠡᠯ ᠦ᠋ᠨ ᠡᠮᠨᠡᠯᠭᠡ ᠳ᠋ᠦ᠍ ᠬᠢᠨᠠᠯᠲᠠ ᠳ᠋ᠤ᠌ ᠪᠠᠢᠨ᠎ᠠ᠃ ᠰᠡᠳᠬᠢᠴᠡ ᠶ᠋ᠢᠨ ᠪᠠᠢᠳᠠᠯ ᠨᠢ ᠭᠡᠪᠡᠯ ᠡᠮᠴᠢ ᠶ᠋ᠢᠨ ᠠᠰᠠᠭᠤᠭᠰᠠᠨ ᠠᠰᠠᠭᠤᠯᠲᠠ ᠶ᠋ᠢ ᠣᠢᠯᠠᠭᠠᠬᠤ ᠦᠭᠡᠢ᠂ ᠪᠤᠷᠤᠭᠤ ᠵᠥᠷᠢᠭᠦᠦ ᠬᠠᠷᠢᠭᠤᠯᠤᠨ᠎ᠠ᠃ ᠠᠷᠪᠠᠭᠠᠳ ᠵᠢᠯ ᠦ᠋ᠨ ᠡᠮᠦᠨ᠎ᠡ ᠰᠠᠯᠤᠭᠰᠠᠨ ᠠᠪᠠᠭᠠᠢ ᠬᠡᠦᠬᠡᠳ ᠦ᠋ᠨ ᠨᠡᠷ᠎ᠡ ᠶ᠋ᠢ ᠰᠠᠨᠠᠬᠤ ᠦᠭᠡᠢ᠂ ᠣᠷᠣ ᠲᠠᠰᠤ ᠮᠠᠷᠲᠠᠭᠰᠠᠨ᠂ ᠣᠨ᠂ ᠰᠠᠷ᠎ᠠ ᠡᠳᠦᠷ ᠢ᠋ ᠪᠤᠷᠤᠭᠤ ᠬᠡᠯᠡᠨ᠎ᠡ᠃ ᠪᠡᠶ᠎ᠡ ᠳ᠋ᠡᠭᠡᠨ ᠠᠷᠭᠠᠴᠠᠭ᠎ᠠ ᠮᠠᠭᠤᠲᠠᠢ᠂ ᠦᠵᠡᠭᠰᠡᠨ ᠺᠢᠨᠣ᠋᠂᠂ ᠵᠦᠴᠦᠭᠡ ᠶ᠋ᠢᠨ ᠦᠢᠯᠡ ᠶᠠᠪᠤᠳᠠᠯ ᠢ᠋ ᠣᠢᠯᠠᠭᠠᠬᠤ ᠦᠭᠡᠢ᠂ ᠶᠠᠭᠤᠮᠠᠨ ᠤ᠋ ᠤᠴᠢᠷ ᠢ᠋ ᠤᠬᠠᠵᠤ ᠣᠢᠯᠠᠭᠠᠬᠤ ᠨᠢ ᠮᠠᠭᠤᠳᠠᠭᠰᠠᠨ᠃ ᠲᠤᠬᠠᠢᠯᠠᠪᠠᠯ᠂ ᠳᠡᠭᠡᠭᠰᠢ ᠪᠡᠨ ᠬᠠᠷᠠᠬᠤ ᠳ᠋ᠤ᠌ ᠲᠩᠷᠢ ᠬᠣᠯᠠ᠂ ᠳᠣᠷᠣᠭᠰᠢ ᠪᠠᠨ ᠬᠠᠷᠠᠬᠤ ᠳ᠋ᠤ᠌ ᠭᠠᠵᠠᠷ ᠬᠠᠲᠠᠭᠤ ᠭᠡᠵᠦ ᠶᠠᠮᠠᠷ ᠤᠳᠬ᠎ᠠ ᠲᠠᠢ ᠵᠦᠢᠷ ᠦᠭᠡ ᠪᠣᠢ ᠭᠡᠬᠦ ᠳ᠋ᠦ᠍《ᠳᠡᠭᠡᠷ᠎ᠡ ᠲᠩᠷᠢ ᠬᠣᠯᠠ ᠨᠢ ᠦᠨᠡᠨ᠂ ᠳᠡᠭᠡᠭᠰᠢ ᠪᠡᠨ ᠬᠡᠴᠢᠨᠡᠨ ᠴᠦ᠍ ᠶᠠᠪᠤᠭᠠᠳ ᠬᠦᠷᠬᠦ ᠦᠭᠡᠢ᠂ ᠭᠠᠵᠠᠷ ᠬᠠᠲᠠᠭᠤ ᠨᠢ ᠪᠠᠰᠠ ᠦᠨᠡᠨ᠂ ᠣᠯᠠᠨ ᠪᠠᠢᠰᠢᠩ᠂ ᠪᠠᠷᠢᠯᠭ᠎ᠠ ᠳᠠᠭᠠᠭᠠᠵᠤ ᠪᠠᠢᠭ᠎ᠠ ᠶᠤᠮ ᠴᠢᠨᠢ》 ᠭᠡᠵᠦ ᠬᠠᠷᠢᠭᠤᠯᠤᠨ᠎ᠠ᠃ ᠡᠨᠡ ᠬᠥᠮᠦᠨ ᠡᠪᠡᠳᠴᠢᠨ ᠢ᠋ᠶ᠋ᠡᠨ ᠪᠡᠶ᠎ᠡ ᠳ᠋ᠡᠭᠡᠨ ᠨᠢᠭᠤᠨ ᠶᠠᠪᠤᠭᠰᠠᠭᠠᠷ ᠡᠴᠦᠰ ᠲᠡᠭᠡᠨ ᠡᠢᠮᠦ ᠦᠷᠦ ᠡᠪᠡᠳᠦᠯᠲᠡᠢ ᠪᠠᠢᠳᠠᠯ ᠳ᠋ᠤ᠌ ᠬᠥᠷᠥᠭᠡᠰᠡ ᠬᠡᠷᠡᠭ᠃ ᠡᠢᠮᠦ ᠳ᠋ᠦ᠍ ᠥᠩᠭᠡᠨ ᠦ᠌ ᠡᠪᠡᠳᠴᠢᠨ ᠢ᠋ ᠴᠠᠭ ᠲᠤᠬᠠᠢ ᠳ᠋ᠤᠨᠢ ᠡᠮᠴᠢᠯᠡᠬᠦ ᠦᠭᠡᠢ ᠪᠣᠯ ᠴᠠᠰᠢ ᠤᠯᠠᠮ ᠳᠠᠭᠠᠮᠵᠢᠷᠠᠬᠤ ᠠᠶᠤᠯᠲᠠᠢ᠃ ᠵᠠᠷᠢᠮ ᠵᠠᠯᠠᠭᠤᠰ ᠥᠩᠭᠡᠨ ᠦ᠌ ᠡᠪᠡᠳᠴᠢᠨ ᠲᠤᠰᠤᠮᠠᠭᠴᠠ ᠡᠮᠴᠢ ᠳ᠋ᠦ᠍ ᠣᠴᠢᠬᠤ ᠦᠭᠡᠢ ᠥᠪᠡᠷ ᠢ᠋ᠶ᠋ᠡᠨ ᠥᠪᠡᠷ ᠢ᠋ ᠪᠡᠨ ᠡᠮᠴᠢᠯᠡᠬᠦ ᠨᠢ ᠪᠣᠢ᠃ ᠡᠨᠡ ᠪᠣᠯ ᠮᠠᠰᠢ ᠶᠡᠬᠡ ᠭᠠᠢ ᠲᠠᠷᠢᠨ᠎ᠠ᠃ ᠡᠮᠴᠢ ᠶ᠋ᠢᠨ ᠵᠥᠪᠯᠡᠯᠭᠡ᠂ ᠬᠢᠨᠠᠯᠲᠠ ᠦᠭᠡᠢ ᠪᠡᠷ ᠥᠪᠡᠷ ᠢ᠋ᠶ᠋ᠡᠨ ᠥᠪᠡᠷ ᠢ᠋ ᠪᠡᠨ ᠡᠮᠡᠴᠢᠯᠡᠭᠰᠡᠨ ᠢ᠋ᠶ᠋ᠡᠷ ᠥᠩᠭᠡ ᠶ᠋ᠢᠨ ᠡᠪᠡᠳᠴᠢᠨ ᠡᠭᠦᠰᠬᠡᠭᠴᠢ ᠡᠮ ᠳ᠋ᠦ᠍ ᠲᠡᠰᠪᠦᠷᠢᠲᠡᠢ ᠪᠣᠯᠵᠤ᠂ ᠡᠪᠡᠳᠴᠢᠨ ᠴᠢᠨᠠᠭᠰᠢᠳᠠ ᠤᠯᠠᠮ 《ᠠᠷᠬᠠᠭᠰᠢᠨᠠ》᠃ ᠢᠩᠭᠢᠵᠦ ᠠᠷᠢᠭᠤᠨ ᠪᠡᠶ᠎ᠡ ᠴᠣᠭᠴᠠᠰ ᠢ᠋ᠶ᠋ᠠᠨ ᠬᠥᠨᠥᠭᠡᠬᠦ ᠶ᠋ᠢᠨ ᠣᠷᠣᠨ ᠳ᠋ᠤ᠌ ᠬᠥᠮᠦᠨ ᠪᠦᠬᠦᠨ ᠬᠣᠷᠮᠣᠢ ᠶ᠋ᠢᠨ ᠡᠪᠡᠳᠴᠢᠨ ᠡᠴᠡ ᠬᠣᠯᠠ ᠶᠠᠪᠤᠬᠤ ᠤᠴᠢᠷ ᠲᠠᠢ᠃ ᠡᠭᠦᠨ ᠦ᠌ ᠲᠤᠯᠠᠳᠠ ᠬᠡᠷᠪᠡ ᠲᠠ ᠴᠢᠨᠠᠳᠤᠬᠢ ᠬᠥᠮᠦᠨ ᠢ᠋ᠶ᠋ᠡᠨ(ᠬᠤᠷᠢᠴᠠᠯ ᠦᠢᠯᠡᠳᠴᠦ ᠪᠣᠢ ᠬᠥᠮᠦᠨ ᠢ᠋ᠶ᠋ᠡᠨ) ᠰᠠᠢᠨ ᠮᠡᠳᠡᠬᠦ ᠦᠭᠡᠢ ᠡᠷᠡᠭᠦᠯ ᠭᠡᠳᠡᠭ ᠲᠦ᠋ᠨᠢ ᠢᠲᠡᠭᠡᠬᠦ ᠦᠭᠡᠢ ᠪᠠᠢᠪᠠᠯ ᠲᠠᠨ ᠢ᠋ ᠠᠪᠤᠷᠠᠬᠤ ᠴᠣᠷ ᠤ᠋ᠨ ᠭᠠᠭᠴᠠ ᠠᠷᠭ᠎ᠠ ᠬᠡᠷᠡᠭᠰᠡᠯ ᠪᠣᠯ ᠪᠡᠯᠬᠡᠪᠴᠢ(ᠺᠤᠨᠲᠣᠮ) ᠬᠡᠷᠡᠭᠯᠡᠬᠦ ᠶᠠᠪᠤᠳᠠᠯ ᠶᠤᠮ ᠰᠢᠦ᠃ ᠪᠡᠯᠬᠡᠪᠴᠢ ᠪᠠᠢᠬᠤ ᠦᠭᠡᠢ ᠪᠣᠯ ᠬᠤᠷᠢᠴᠠᠯ ᠦᠢᠯᠡᠳᠦᠭᠰᠡᠨ ᠦ᠌ ᠳᠠᠷᠠᠭ᠎ᠠ ᠳᠠᠷᠤᠢᠬᠠᠨ ᠰᠢᠭᠡᠵᠦ᠂ ᠬᠣᠶᠠᠷ ᠴᠠᠭ ᠤ᠋ᠨ ᠳᠣᠲᠣᠷ᠎ᠠ ᠪᠡᠯᠭᠡ ᠡᠷᠬᠡᠲᠡᠨ ᠢ᠋ᠶ᠋ᠡᠨ ᠮᠠᠰᠢ ᠰᠠᠢᠨ ᠰᠠᠪᠤᠩᠳᠠᠵᠤ ᠤᠬᠢᠶᠠᠭᠠᠳ ᠴᠡᠪᠡᠷᠯᠡᠬᠦ ᠳ᠋ᠦ᠍ ᠡᠪᠡᠳᠴᠢᠨ ᠬᠠᠯᠳᠠᠬᠤ ᠦᠭᠡᠢ ᠪᠠᠢᠵᠤ ᠪᠣᠯᠤᠨ᠎ᠠ᠃
ᠮᠠᠨ ᠤ᠋ ᠤᠯᠤᠰ ᠤ᠋ᠨ ᠠᠷᠠᠰᠤ ᠥᠩᠭᠡᠨ ᠦ᠌ ᠡᠮᠭᠡᠭ ᠰᠤᠳᠤᠯᠤᠯ ᠤ᠋ᠨ ᠲᠥᠪ ᠦ᠋ᠨ ᠵᠥᠪᠯᠡᠬᠦ ᠫᠤᠯᠢᠺᠯᠢᠨᠢᠺᠲ1988 ᠣᠨ ᠠ᠋ᠴᠠ ᠡᠬᠢᠯᠡᠨ ᠡᠢᠮᠦ ᠲᠣᠬᠢᠶᠠᠯᠳᠤᠯ ᠳ᠋ᠤ᠌ ᠨᠡᠷ᠎ᠡ ᠬᠠᠶᠢᠭ ᠦᠭᠡᠢ ᠡᠮᠴᠢᠯᠡᠭᠡ᠂ ᠦᠢᠯᠡᠴᠢᠯᠡᠭᠡ ᠬᠢᠬᠦ ᠪᠣᠯᠤᠭᠰᠠᠨ ᠪᠢᠯᠡ᠃ ᠣᠳᠣ ᠡᠨᠳᠡ ᠣᠯᠠᠨ ᠬᠥᠮᠦᠨ ᠢᠷᠡᠵᠦ ᠦᠢᠯᠡᠴᠢᠭᠦᠯᠵᠦ ᠪᠠᠢᠨ᠎ᠠ᠃ ᠵᠥᠪᠬᠡᠨ ᠥᠩᠭᠡᠷᠡᠭᠰᠡᠨ ᠣᠨ ᠭᠡᠬᠦ ᠳ᠋ᠦ᠍ ᠡᠨᠡ ᠺᠡᠪᠢᠨᠢᠶᠸᠲ ᠲᠦ᠍ ᠭᠤᠷᠪᠠᠨ ᠵᠠᠭᠤ ᠭᠠᠷᠤᠢ ᠬᠥᠮᠦᠨ ᠢᠷᠡᠵᠦ ᠦᠢᠯᠡᠴᠢᠯᠡᠭᠦᠯᠦᠭᠡᠳ ᠪᠠᠢᠨ᠎ᠠ᠃ ᠶᠡᠷᠦᠨᠢ ᠡᠢᠮᠦᠷᠬᠦ ᠡᠮᠴᠢᠯᠡᠨ ᠰᠡᠷᠭᠡᠢᠯᠡᠬᠦ《ᠭᠠᠵᠠᠷ》 ᠭᠠᠳᠠᠭᠠᠳᠤ ᠶ᠋ᠢᠨ ᠪᠠᠷᠤᠭ ᠪᠦᠬᠦ ᠤᠯᠤᠰ ᠣᠷᠣᠨ ᠨᠤᠭᠤᠳ ᠲᠤ᠌ ᠪᠣᠢ᠃ ᠮᠣᠰᠺᠸᠠ ᠭᠡᠬᠦ ᠳ᠋ᠦ᠍ ᠯᠡ ᠣᠶᠤᠲᠠᠨ ᠤ᠋ ᠪᠠᠢᠷᠢ᠂ ᠵᠣᠴᠢᠳ ᠤ᠋ᠨ ᠪᠠᠭᠤᠳᠠᠯ ᠤ᠋ᠳ ᠲᠤ᠌ ᠰᠤᠮᠤ ᠪᠠᠷ ᠵᠢᠭᠠᠴᠢᠬᠠᠭᠰᠠᠨ ᠡᠢᠮᠦ ᠦᠢᠯᠡᠴᠢᠯᠡᠭᠡ ᠲᠡᠢ ᠺᠠᠪᠢᠨᠢᠶᠸᠲ ᠣᠯᠠᠨ ᠪᠠᠢᠳᠠᠭ᠃ ᠮᠠᠨ ᠤ᠋ ᠴᠦ᠍ ᠭᠡᠰᠡᠨ ᠵᠢᠷᠠᠭᠠᠳ ᠣᠨ ᠬᠦᠷᠲᠡᠯ᠎ᠡ ᠣᠳᠣ ᠶ᠋ᠢᠨ ᠲᠤᠤᠯᠠ ᠷᠸᠰᠰᠲ᠋ᠤᠷᠠᠨ ᠤ᠋ ᠪᠠᠢᠭ᠎ᠠ ᠭᠠᠵᠠᠷ᠂ ᠲᠡᠷᠡ ᠦᠶ᠎ᠡ ᠶ᠋ᠢᠨ ᠪᠠᠷᠠᠭᠠᠨ ᠤ᠋ ᠵᠠᠬ᠎ᠠ ᠶ᠋ᠢᠨ ᠳᠡᠷᠭᠡᠳᠡ ᠣᠯᠠᠨ ᠤ᠋ ᠳᠣᠲᠣᠷ᠎ᠠ《ᠵᠠᠬ᠎ᠠ ᠶ᠋ᠢᠨ ᠡᠮᠨᠡᠯᠭᠡ》 ᠭᠡᠵᠦ ᠨᠡᠷᠡᠰᠢᠭᠰᠡᠨ ᠠᠷᠠᠰᠤ ᠥᠩᠭᠡᠨ ᠦ᠌ ᠡᠮᠨᠡᠯᠭᠡ ᠳ᠋ᠦ᠍《ᠰᠥᠨᠢ ᠶ᠋ᠢᠨ ᠡᠮᠴᠢᠯᠡᠨ ᠰᠡᠷᠭᠡᠢᠯᠡᠬᠦ ᠦᠢᠯᠡᠴᠢᠯᠡᠭᠡ》 ᠪᠠᠢᠭᠰᠠᠨ ᠠᠵᠠᠢ᠃ ᠡᠨᠡ ᠨᠢ ᠥᠩᠭᠡᠨ ᠦ᠌ ᠡᠪᠡᠳᠴᠢᠨ ᠦ᠌ ᠰᠡᠵᠢᠭ ᠪᠦᠬᠦᠢ ᠦᠯᠦ ᠲᠠᠨᠢᠬᠤ ᠬᠥᠮᠦᠨ ᠲᠡᠢ ᠬᠠᠪᠢᠳᠠᠵᠤ᠂ ᠬᠠᠯᠳᠠᠪᠤᠷᠢ ᠠᠪᠤᠭᠰᠠᠨ ᠪᠠᠢᠵᠤ ᠪᠣᠯᠬᠤ ᠲᠣᠬᠢᠶᠠᠯᠳᠤᠯ ᠳ᠋ᠤ᠌ ᠡᠮᠴᠢᠯᠡᠨ ᠰᠡᠷᠭᠡᠢᠯᠡᠬᠦ ᠵᠣᠷᠢᠯᠭ᠎ᠠ ᠲᠠᠢ ᠪᠠᠢᠵᠠᠢ᠃ ᠡᠢᠮᠦ ᠦᠢᠯᠡᠴᠢᠯᠡᠭᠡ ᠠᠵᠢᠯᠴᠢᠨ ᠤ᠋ ᠲᠡᠭᠦᠷᠭᠡ᠂ ᠪᠠᠭᠰᠢ ᠶ᠋ᠢᠨ ᠰᠤᠷᠭᠠᠭᠤᠯᠢ᠂ ᠨᠠᠯᠠᠢᠬᠠ ᠳ᠋ᠤ᠌ ᠴᠦ᠍ ᠪᠠᠢᠭᠰᠠᠨ ᠢ᠋ ᠵᠢᠷᠠᠭᠠᠳ ᠣᠨ ᠤ᠋ ᠴᠠᠭ ᠦᠶ᠎ᠡ ᠶ᠋ᠢᠨ ᠤᠬᠠᠭᠠᠪᠤᠷᠢ ᠦᠭᠡᠢ ᠤᠳᠤᠷᠢᠳᠤᠯᠭ᠎ᠠ ᠶ᠋ᠢᠨ ᠭᠠᠢ ᠪᠠᠷ ᠬᠠᠭᠠᠬᠤ ᠦᠭᠡᠢ ᠪᠣᠯᠭᠠᠵᠠᠢ᠃ ᠣᠳᠣ ᠡᠢᠮᠦ ᠦᠢᠯᠡᠴᠢᠯᠡᠭᠡ ᠶ᠋ᠢ ᠶᠠᠭᠠᠬᠢᠭᠠᠳ ᠳᠡᠯᠭᠡᠷᠡᠭᠦᠯᠵᠦ ᠪᠣᠯᠬᠤ ᠦᠭᠡᠢ ᠪᠠᠢᠬᠤ ᠪᠢᠯᠡ᠃ ᠥᠩᠭᠡᠨ ᠦ᠌ ᠡᠪᠡᠳᠴᠢᠨ ᠡᠴᠡ ᠤᠷᠢᠳᠴᠢᠯᠠᠨ ᠰᠡᠷᠭᠡᠢᠯᠡᠬᠦ ᠳ᠋ᠦ᠍ ᠬᠤᠪᠢ ᠶ᠋ᠢᠨ ᠠᠷᠢᠭᠤᠨ ᠴᠡᠪᠡᠷ᠂ ᠡᠷᠡᠭᠦᠯ ᠠᠵᠤ ᠲᠥᠷᠥᠬᠦ ᠶᠣᠰᠣ᠂ ᠦᠨᠡᠨᠴᠢ ᠬᠠᠢᠷ᠎ᠠ ᠰᠡᠳᠬᠢᠯ᠂ ᠵᠢᠷᠤᠮᠲᠤ ᠶᠣᠰᠣ ᠶ᠋ᠢ ᠴᠢᠩᠳᠠ ᠰᠠᠬᠢᠬᠤ ᠠ᠋ᠴᠠ ᠢᠯᠡᠭᠦᠦ ᠨᠠᠢᠳᠠᠪᠤᠷᠢᠲᠠᠢ ᠠᠷᠭ᠎ᠠ ᠪᠠᠢᠬᠤ ᠦᠭᠡᠢ ᠠ᠋᠃ ᠲᠡᠭᠦᠨᠴᠢᠯᠡᠨ ᠶᠡᠷᠦᠩᠬᠡᠢ ᠪᠣᠯᠪᠠᠰᠤᠷᠠᠯ ᠤ᠋ᠨ ᠰᠤᠷᠭᠠᠭᠤᠯᠢ᠂ ᠲᠧᠭᠨᠢᠭ ᠮᠡᠷᠭᠡᠵᠢᠯ ᠦ᠋ᠨ ᠰᠤᠷᠭᠠᠭᠤᠯᠢ᠂ ᠲᠧᠺᠨᠢᠺᠦ᠋ᠮ᠂ ᠶᠡᠬᠡ ᠳᠡᠭᠡᠳᠦ ᠰᠤᠷᠭᠠᠭᠤᠯᠢ ᠳ᠋ᠤ᠌ ᠡᠷᠡᠭᠦᠯ ᠠᠵᠤ ᠲᠥᠷᠥᠬᠦ ᠶᠣᠰᠣ᠂ ᠡᠷ᠎ᠡ ᠡᠮ᠎ᠡ ᠶ᠋ᠢᠨ ᠶᠣᠰᠣᠨ ᠤ᠋ ᠬᠢᠴᠢᠶᠡᠯ ᠣᠷᠣᠬᠤ ᠴᠠᠭ ᠠᠯᠢ ᠬᠡᠳᠦᠢᠨᠡᠢ ᠪᠣᠯᠤᠭᠰᠠᠨ ᠪᠠᠢᠮᠠᠷ᠃ ᠭᠡᠲᠡᠯ᠎ᠡ ᠰᠤᠷᠭᠠᠯᠲᠠ ᠶ᠋ᠢᠨ ᠫᠷᠣᠭ᠌ᠷᠠᠮ ᠳ᠋ᠤ᠌ ᠥᠨᠥ ᠬᠦᠷᠲᠡᠯ᠎ᠡ《ᠨᠢᠳᠦ ᠨᠢ ᠪᠠᠯᠠᠢ ᠴᠢᠬᠢ ᠨᠢ ᠳᠦᠯᠢ》 ᠶᠠᠪᠤᠵᠤ᠂ ᠡᠷ᠎ᠡ ᠡᠮ᠎ᠡ ᠶ᠋ᠢᠨ ᠶᠣᠰᠣᠨ ᠤ᠋ ᠰᠣᠶᠣᠯ ᠬᠥᠮᠦᠵᠢᠯ᠂ ᠮᠡᠳᠡᠯᠭᠡ ᠳᠤᠲᠠᠭᠰᠠᠨ ᠠ᠋ᠴᠠ ᠥᠩᠭᠡᠨ ᠦ᠌ ᠡᠪᠡᠳᠴᠢᠨ ᠡᠷᠡᠰ ᠪᠠᠭᠤᠷᠠᠬᠤ ᠦᠭᠡᠢ ᠪᠠᠢᠭᠠᠳ ᠪᠠᠢᠭ᠎ᠠ ᠶᠤᠮ ᠪᠢᠰᠢ ᠪᠢᠵᠡ ᠭᠡᠵᠦ ᠪᠣᠳᠣᠭᠳᠠᠨ᠎ᠠ᠃ ᠨᠠᠭᠠᠳᠤ ᠵᠠᠬ᠎ᠠ ᠨᠢ ᠬᠥᠮᠦᠨ ᠪᠦᠬᠦᠨ ᠡᠳᠦᠷ ᠪᠣᠯᠭᠠᠨ ᠪᠥᠭᠰᠡᠨ ᠪᠡᠶ᠎ᠡ ᠪᠡᠨ ᠵᠠᠪᠠᠯ ᠤᠬᠢᠶᠠᠳᠠᠭ ᠳᠠᠳᠬᠠᠯ ᠵᠤᠷᠰᠢᠯ ᠲᠠᠢ ᠪᠣᠯᠴᠢᠬᠠᠪᠠᠯ ᠮᠥᠨ ᠴᠦ᠍ ᠶᠡᠬᠡ ᠬᠡᠷᠡᠭ ᠪᠠᠢᠨ᠎ᠠ ᠳᠠ᠃ ᠭᠡᠲᠡᠯ᠎ᠡ ᠵᠣᠷᠯᠣᠩ ᠳ᠋ᠤ᠌ ᠣᠷᠣᠴᠢᠬᠠᠭᠠᠳ ᠭᠠᠷ ᠢ᠋ᠶ᠋ᠠᠨ ᠤᠬᠢᠶᠠᠬᠤ ᠦᠭᠡᠢ ᠶᠠᠪᠤᠭᠠᠳ ᠥᠭᠬᠦ ᠨᠢ ᠲᠡᠢᠮᠦ ᠴᠦ᠍ ᠬᠣᠪᠣᠷ ᠪᠢᠰᠢ ᠦᠵᠡᠭᠳᠡᠬᠦ ᠶᠦᠮ᠃ ᠡᠢᠮᠦ ᠪᠠᠢᠬᠤ ᠳ᠋ᠤ᠌ ᠳᠤᠮᠳᠠᠳᠤ ᠰᠤᠷᠭᠠᠭᠤᠯᠢ ᠶ᠋ᠢᠨ ᠰᠤᠷᠤᠭᠴᠢᠳ ᠤ᠋ᠨ《ᠪᠥᠨᠳᠥᠭᠥᠷ》 ᠢ᠋ ᠶᠡᠷᠦᠩᠬᠡᠢ ᠡᠷᠳᠡᠮ ᠦ᠋ᠨ ᠣᠯᠠᠨ ᠬᠢᠴᠢᠶᠡᠯ ᠢ᠋ᠶ᠋ᠡᠷ ᠳᠦᠭᠦᠷᠭᠡᠵᠦ ᠡᠷᠡᠭᠦᠯ ᠠᠵᠤ ᠲᠥᠷᠥᠬᠦ ᠶᠣᠰᠣ᠂ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ ᠣᠯᠭᠣᠬᠤ ᠬᠢᠴᠢᠶᠡᠯ ᠢ᠋ ᠬᠣᠶᠠᠷᠳᠠᠬᠢ《ᠲᠦᠭᠦᠬᠡᠢ ᠡᠳ᠋》 ᠮᠡᠲᠦ ᠱᠣᠭᠣᠪᠲᠣᠷᠯᠠᠭᠰᠠᠭᠠᠷ ᠪᠠᠢᠭ᠎ᠠ ᠨᠢ ᠵᠦᠢ ᠳ᠋ᠦ᠍ ᠨᠡᠢᠴᠡᠬᠦ ᠤᠤ! ᠬᠥᠮᠦᠨ ᠪᠣᠯᠭᠠᠨ ᠡᠷᠳᠡᠮᠲᠡᠨ ᠪᠣᠯᠬᠤ ᠠᠯᠪᠠ ᠦᠭᠡᠢ᠃ ᠬᠠᠷᠢᠨ ᠡᠨᠡ ᠬᠣᠷᠸ᠎ᠠ ᠳ᠋ᠤ᠌ ᠡᠷᠳᠡᠨᠢᠲᠦ ᠬᠥᠮᠦᠨ ᠦ᠌ ᠪᠡᠶ᠎ᠡ ᠶ᠋ᠢ ᠣᠯᠵᠤ ᠲᠥᠷᠥᠭᠰᠡᠨ ᠬᠡᠨ ᠪᠣᠯᠪᠠᠴᠤ ᠢᠷᠡᠭᠡᠳᠦᠢ ᠶ᠋ᠢᠨ ᠡᠴᠢᠭᠡ᠂ ᠡᠬᠡ ᠪᠣᠯᠤᠨ᠎ᠠ᠃ ᠡᠢᠮᠦ ᠳ᠋ᠦ᠍ ᠲᠡᠳᠡᠨ ᠦ᠌ ᠭᠡᠷ ᠪᠦᠯᠢ ᠶ᠋ᠢᠨ ᠠᠮᠢᠳᠤᠷᠠᠯ ᠳ᠋ᠤ᠌ ᠪᠠᠭ᠎ᠠ ᠠ᠋ᠴᠠ ᠨᠢ ᠪᠡᠯᠡᠳᠬᠡᠬᠦ ᠶ᠋ᠢᠨ ᠲᠤᠯᠠᠳᠠ ᠡᠷᠡᠭᠦᠯ ᠠᠵᠤ ᠲᠥᠷᠥᠬᠦ ᠶ᠋ᠢᠨ ᠶᠣᠰᠣ᠂ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ ᠣᠯᠭᠣᠬᠤ ᠶᠣᠰᠣᠲᠠᠢ ᠪᠤᠰᠤ ᠤᠤ! ᠢᠩᠭᠢᠭᠰᠡᠨ ᠴᠠᠭ ᠲᠤ᠌ ᠨᠠᠭᠠᠨᠠᠳᠠᠵᠤ ᠬᠤᠪᠢ ᠬᠥᠮᠦᠨ ᠦ᠌ ᠡᠷᠡᠭᠦᠯ ᠮᠡᠨᠳᠦ᠂ ᠴᠠᠭᠠᠨᠠᠳᠠᠵᠤ ᠤᠯᠤᠰ ᠨᠡᠢᠭᠡᠮ ᠳ᠋ᠦ᠍ ᠤᠴᠠᠷᠠᠭᠤᠯᠬᠤ ᠬᠣᠷᠮᠣᠢ ᠶ᠋ᠢᠨ ᠡᠪᠡᠳᠴᠢᠨ ᠦ᠌ ᠬᠣᠣᠷ ᠬᠥᠨᠥᠭᠡᠯ ᠢ᠋ ᠪᠠᠭᠠᠰᠬᠠᠬᠤ ᠪᠣᠢ ᠢ᠎ᠠ᠃
ᠣᠳᠣ ᠥᠩᠭᠡᠨ ᠦ᠌ ᠵᠠᠷᠢᠮ ᠡᠪᠡᠳᠴᠢᠨ ᠦ᠌ ᠢᠯᠡᠷᠡᠯ ᠢ᠋ ᠲᠣᠪᠴᠢᠬᠠᠨ ᠥᠭᠦᠯᠡᠶ᠎ᠡ᠃ ᠥᠩᠭᠡᠨ ᠦ᠌ ᠡᠪᠡᠳᠴᠢᠨ ᠡᠴᠡ ᠬᠠᠮᠤᠭ ᠤ᠋ᠨ ᠬᠦᠨᠳᠦ ᠨᠢ ᠲᠡᠮᠪᠦᠦ ᠶᠦᠮ᠃ ᠡᠨᠡ ᠡᠪᠡᠳᠴᠢᠨ ᠢ᠋ᠶ᠋ᠡᠷ ᠠᠯᠢ ᠴᠦ᠍ ᠨᠠᠰᠤᠨ ᠤ᠋ ᠬᠥᠮᠦᠨ ᠡᠪᠡᠳᠴᠢᠯᠡᠵᠦ ᠪᠣᠯᠤᠨ᠎ᠠ᠃ ᠮᠠᠨ ᠤ᠋ ᠤᠯᠤᠰ ᠤ᠋ᠨ ᠠᠷᠠᠰᠤ ᠥᠩᠭᠡᠨ ᠦ᠌ ᠡᠮᠭᠡᠭ ᠰᠤᠳᠤᠯᠤᠯ ᠤ᠋ᠨ ᠲᠥᠪ ᠦ᠋ᠨ ᠥᠩᠭᠡ ᠶ᠋ᠢᠨ ᠡᠪᠡᠳᠴᠢᠨ ᠢ᠋ᠶ᠋ᠡᠷ ᠭᠣᠣᠯᠴᠠᠭᠤ15-25 ᠨᠠᠰᠤᠨ ᠤ᠋ ᠬᠡᠦᠬᠡᠳ᠂ ᠵᠠᠯᠠᠭᠤᠴᠤᠳ ᠡᠮᠴᠢᠯᠡᠭᠳᠡᠵᠦ ᠪᠠᠢᠨ᠎ᠠ᠃ ᠲᠡᠮᠪᠦᠦ ᠡᠪᠡᠳᠴᠢᠨ ᠦ᠌ ᠨᠢᠭᠤᠴᠠ ᠦᠶ᠎ᠡ(ᠬᠠᠯᠳᠠᠪᠤᠷᠢ ᠠᠪᠤᠭᠰᠠᠨ ᠦᠶ᠎ᠡ ᠡᠴᠡ ᠡᠪᠡᠳᠴᠢᠨ ᠦ᠌ ᠠᠩᠬᠠᠨ ᠤ᠋ ᠰᠢᠨᠵᠢ ᠲᠡᠮᠳᠡᠭ ᠬᠦᠷᠲᠡᠯᠡᠬᠢ ᠬᠤᠭᠤᠴᠠᠭ᠎ᠠ ᠶ᠋ᠢ ᠢᠩᠭᠢᠵᠦ ᠨᠡᠷᠡᠯᠡᠳᠡᠭ) ᠨᠢ3-5 ᠳᠣᠯᠣᠭᠠᠨ ᠬᠣᠨᠣᠭ ᠦᠷᠭᠦᠯᠵᠢᠯᠡᠳᠡᠭ᠃ ᠭᠡᠬᠦ ᠳ᠋ᠡᠭᠡᠨ ᠡᠭᠦᠨ ᠡᠴᠡ ᠴᠦ᠍ ᠤᠷᠲᠤ ᠪᠠᠢᠵᠤ ᠪᠣᠯᠤᠨ᠎ᠠ᠃ ᠪᠣᠭᠣᠨᠢ ᠴᠦ᠍ ᠪᠠᠢᠵᠤ ᠪᠣᠯᠬᠤ ᠶ᠋ᠢ ᠠᠩᠬᠠᠷ᠃ ᠡᠪᠡᠳᠴᠢᠨ ᠦ᠌ ᠨᠢᠭᠤᠴᠠ ᠦᠶ᠎ᠡ ᠶ᠋ᠢ ᠤᠷᠲᠤᠰᠬᠠᠳᠠᠭ ᠨᠢᠭᠡ ᠰᠢᠯᠲᠠᠭᠠᠨ ᠨᠢ ᠲᠡᠮᠪᠦᠦ ᠶ᠋ᠢᠨ ᠬᠠᠯᠳᠠᠪᠤᠷᠢ ᠠᠪᠤᠭᠰᠠᠨ ᠦᠶ᠎ᠡ ᠳ᠋ᠡᠭᠡᠨ ᠬᠠᠨᠢᠶᠠᠳᠤ ᠲᠣᠮᠣᠭᠣ ᠬᠦᠷᠴᠦ ᠬᠣᠭᠣᠯᠠᠢ ᠨᠢ ᠡᠪᠡᠳᠦᠭᠰᠡᠨ ᠡᠴᠡ ᠶᠠᠩᠵᠤ ᠪᠦᠷᠢ ᠶ᠋ᠢᠨ ᠡᠮ ᠤᠤᠭᠤᠬᠤ ᠶᠠᠪᠤᠳᠠᠯ ᠶᠤᠮ᠃
᠁ ᠬ᠌᠂20 ᠨᠠᠰᠤᠲᠠᠢ᠂ ᠲᠧᠭᠨᠢᠭ ᠮᠡᠷᠭᠡᠵᠢᠯ ᠦ᠋ᠨ ᠰᠤᠷᠭᠠᠭᠤᠯᠢ ᠶ᠋ᠢᠨ ᠰᠤᠷᠤᠭᠴᠢ᠂ ᠠᠷᠠᠰᠤ ᠥᠩᠭᠡᠨ ᠦ᠌ ᠳ᠋ᠢᠰᠫᠠᠨᠰᠸᠷ ᠲᠤ᠌ ᠣᠴᠢᠬᠤ ᠳ᠋ᠠᠭᠠᠨ《ᠵᠠᠭ ᠬᠦᠢᠲᠡᠨ》 ᠭᠡᠳᠡᠭ ᠣᠨᠣᠰᠢ ᠲᠠᠯᠪᠢᠵᠠᠢ᠃ ᠡᠨᠡ ᠡᠪᠡᠳᠴᠢᠨ ᠦ᠌ ᠬᠠᠯᠳᠠᠪᠤᠷᠢ ᠶ᠋ᠢ ᠠᠮᠢᠳᠤᠷᠠᠯ ᠳ᠋ᠠᠭᠠᠨ ᠬᠠᠮᠤᠭ ᠤ᠋ᠨ ᠠᠩᠬ᠎ᠠ ᠤᠳᠠᠭ᠎ᠠ ᠡᠮᠡᠭᠲᠡᠢ ᠬᠥᠮᠦᠨ ᠲᠡᠢ ᠬᠠᠪᠢᠳᠠᠭᠰᠠᠨ ᠤ᠋ ᠳᠠᠷᠠᠭ᠎ᠠ ᠠᠪᠴᠠᠢ᠃ ᠲᠡᠭᠦᠨ ᠡᠴᠡ ᠶᠠᠮᠠᠷ ᠬᠥᠮᠦᠨ ᠡᠴᠡ ᠡᠨᠡ ᠡᠪᠡᠳᠴᠢᠨ ᠢ᠋ ᠠᠪᠤᠭᠰᠠᠨ ᠢ᠋ ᠶᠠᠭᠠᠬᠢᠵᠤ ᠠᠰᠠᠭᠤᠭᠰᠠᠨ ᠴᠦ᠍《ᠮᠡᠳᠡᠬᠦ ᠦᠭᠡᠢ》 ᠭᠡᠬᠦ ᠡᠴᠡ ᠥᠭᠡᠷ᠎ᠡ ᠶᠠᠭᠤ ᠴᠦ᠍ ᠬᠡᠯᠡᠭᠰᠡᠨ ᠦᠭᠡᠢ᠃ ᠡᠮᠴᠢᠯᠡᠭᠡ ᠬᠢᠯᠭᠡᠭᠰᠡᠨ ᠡᠴᠡ ᠬᠣᠢᠰᠢ ᠬᠡᠳᠦᠨ ᠰᠠᠷ᠎ᠠ ᠶ᠋ᠢᠨ ᠳᠠᠷᠠᠭ᠎ᠠ ᠳᠠᠬᠢᠨ ᠳᠠᠪᠲᠠᠨ ᠰᠢᠨᠵᠢᠯᠡᠭᠡ ᠬᠢᠬᠦ ᠳ᠋ᠦ᠍ ᠲᠡᠮᠪᠦᠦ ᠶ᠋ᠢᠨ ᠰᠢᠨᠵᠢ ᠲᠡᠮᠳᠡᠭ ᠢᠯᠡᠷᠡᠪᠡ᠃ ᠲᠡᠭᠦᠨ ᠳ᠋ᠦ᠍ ᠲᠡᠮᠪᠦᠦ ᠡᠪᠡᠳᠴᠢᠨ ᠢ᠋ ᠥᠨᠥᠬᠢ ᠯᠡ ᠤᠴᠠᠷᠠᠯ《ᠱᠠᠩᠨᠠᠭᠰᠠᠨ》 ᠢ᠋ ᠡᠮᠴᠢ ᠡᠴᠡ ᠲᠤᠭᠤᠯᠤᠭᠰᠠᠨ ᠤ᠋ ᠪᠠᠨ ᠳᠠᠷᠠᠭ᠎ᠠ ᠰᠠᠶᠢ ᠡᠪᠡᠳᠴᠢᠨ ᠬᠠᠯᠳᠠᠭᠠᠭᠰᠠᠨ ᠬᠥᠮᠦᠨ ᠢ᠋ᠶ᠋ᠡᠨ ᠬᠡᠯᠡᠭᠰᠡᠨ ᠶᠦᠮ᠃ ᠬᠡᠨ ᠪᠠᠢᠭᠰᠠᠨ ᠭᠡᠵᠦ ᠰᠠᠨᠠᠨ᠎ᠠ! ᠤᠴᠢᠷ ᠮᠡᠳᠡᠬᠦ ᠦᠭᠡᠢ ᠡᠨᠡ ᠬᠡᠦᠬᠡᠳ ᠲᠦ᠍ ᠲᠡᠭᠦᠨ ᠡᠴᠡ ᠣᠯᠠᠨ ᠨᠠᠰᠤ ᠪᠠᠷ ᠡᠭᠡᠴᠢ《ᠠᠪᠠᠭᠠᠢ》 ᠡᠪᠡᠳᠴᠢᠨ ᠬᠠᠯᠳᠠᠭᠠᠵᠠᠢ᠃ ᠴᠣᠬᠣᠮ ᠡᠢᠮᠦ ᠡᠴᠡ ᠨᠡᠷ᠎ᠡ ᠶ᠋ᠢ ᠨᠢ ᠢᠴᠢᠭᠡᠳ ᠬᠡᠯᠡᠵᠦ ᠴᠢᠳᠠᠬᠤ ᠦᠭᠡᠢ ᠪᠠᠢᠭᠰᠠᠨ ᠬᠡᠷᠡᠭ᠃ ᠡᠨᠡ ᠡᠮᠡᠭᠲᠡᠢ ᠳ᠋ᠦ᠍ ᠠᠷᠬᠠᠭ ᠵᠠᠭ ᠬᠦᠢᠲᠡᠨ᠂ ᠪᠠᠰᠠ ᠲᠡᠮᠪᠦᠦ ᠢᠯᠡᠷᠡᠭᠰᠡᠨ ᠶᠦᠮ᠃ ᠨᠢᠭᠤᠴᠠ ᠦᠶ᠎ᠡ ᠥᠩᠭᠡᠷᠡᠭᠰᠡᠨ ᠦ᠌ ᠳᠠᠷᠠᠭ᠎ᠠ ᠲᠡᠮᠪᠦᠦ ᠡᠪᠡᠳᠴᠢᠨ ᠡᠭᠦᠰᠬᠡᠭᠴᠢ ᠨᠡᠪᠲᠡᠷᠡᠨ ᠣᠷᠣᠭᠰᠠᠨ ᠭᠠᠵᠠᠷ ᠵᠥᠪ ᠲᠣᠭᠣᠷᠢᠭ ᠬᠡᠯᠪᠡᠷᠢᠲᠡᠢ᠂ ᠭᠥᠯᠢᠭᠡᠷ ᠭᠠᠳᠠᠷᠭᠤ ᠲᠠᠢ᠂ ᠲᠤᠩᠭᠠᠯᠠᠭ ᠰᠢᠩᠭᠡᠨ ᠢᠯᠭᠠᠷᠠᠭᠤᠯᠳᠠᠭ ᠡᠪᠡᠳᠴᠢᠨ ᠦᠭᠡᠢ ᠰᠢᠷᠬ᠎ᠠ ᠡᠭᠦᠰᠦᠨ᠎ᠡ᠃ ᠲᠡᠭᠦᠨ ᠦ᠌ ᠢᠷᠣᠭᠠᠷ ᠨᠢ ᠬᠠᠲᠠᠭᠤ ᠪᠠᠢᠳᠠᠭ᠃ ᠡᠨᠡ ᠦᠶ᠎ᠡ ᠳ᠋ᠦ᠍ ᠬᠥᠮᠦᠨ ᠳ᠋ᠦ᠍ ᠶᠠᠮᠠᠷ ᠴᠦ᠍ ᠡᠪ ᠦᠭᠡᠢ ᠮᠠᠭᠤᠬᠠᠢ ᠰᠠᠷᠠᠯ ᠮᠡᠳᠡᠭᠳᠡᠬᠦ ᠦᠭᠡᠢ ᠤᠴᠢᠷ ᠠ᠋ᠴᠠ ᠡᠮᠴᠢ ᠳ᠋ᠦ᠍ ᠪᠠᠷᠤᠭᠲᠠᠢ ᠳ᠋ᠤ᠌ ᠪᠣᠯ ᠣᠴᠢᠬᠤ ᠦᠭᠡᠢ᠃ ᠡᠮᠡᠭᠲᠡᠢ ᠬᠥᠮᠦᠨ ᠦ᠌ ᠬᠤᠪᠢ ᠳ᠋ᠤ᠌ ᠡᠨᠡ ᠰᠢᠷᠬ᠎ᠠ ᠨᠢ ᠲᠡᠭᠦᠨ ᠦ᠌ ᠳᠣᠲᠣᠷ᠎ᠠ ᠪᠡᠯᠭᠡ ᠡᠷᠬᠡᠲᠡᠨ ᠳᠡᠭᠡᠷ᠎ᠡ ᠶᠡᠬᠡᠪᠴᠢᠯᠡᠨ ᠭᠠᠷᠳᠠᠭ ᠤᠴᠢᠷ ᠠ᠋ᠴᠠ ᠡᠭᠦᠨ ᠢ᠋ ᠣᠭᠲᠣ ᠮᠡᠳᠡᠬᠦ ᠦᠭᠡᠢ ᠪᠠᠢᠵᠤ ᠪᠣᠯᠤᠨ᠎ᠠ᠃ ᠡᠪᠡᠳᠴᠢᠨ ᠦᠭᠡᠢ ᠬᠠᠲᠠᠭᠤ ᠰᠢᠷᠬ᠎ᠠ ᠭᠠᠷᠤᠭᠰᠠᠨ ᠤ᠋ ᠳᠠᠷᠠᠭ᠎ᠠ ᠲᠡᠭᠦᠨ ᠦ᠌ ᠣᠢᠷᠠᠯᠴᠠᠭᠠᠬᠢ ᠲᠤᠩᠭᠠᠯᠠᠭ ᠤ᠋ᠨ ᠵᠠᠩᠭᠢᠯᠠᠭ᠎ᠠ ᠦᠷᠪᠢᠰᠴᠦ ᠡᠬᠢᠯᠡᠳᠡᠭ᠃ ᠡᠪᠡᠳᠴᠢᠨ ᠡᠭᠦᠰᠬᠡᠭᠴᠢ ᠨᠡᠪᠲᠡᠷᠡᠨ ᠣᠷᠣᠭᠰᠠᠨ ᠭᠠᠵᠠᠷ ᠳᠡᠭᠡᠷ᠎ᠡ ᠭᠠᠷᠤᠭᠰᠠᠨ ᠰᠢᠷᠬ᠎ᠠ ᠨᠢ ᠡᠮᠴᠢᠯᠡᠭᠡ ᠬᠢᠯᠭᠡᠭᠰᠡᠨ᠂ ᠬᠢᠯᠭᠡᠭᠡ ᠦᠭᠡᠢ ᠥᠪᠡᠷ ᠢ᠋ᠶ᠋ᠡᠨ ᠠᠶᠠᠨᠳᠠᠭᠠᠨ ᠠᠷᠢᠯᠵᠤ᠂ ᠭᠤᠷᠪᠠᠨ ᠳᠣᠯᠣᠭ᠎ᠠ ᠬᠣᠨᠣᠭ ᠤ᠋ᠨ ᠳᠠᠷᠠᠭ᠎ᠠ ᠡᠷᠭᠢᠭᠡᠳ ᠭᠠᠷᠤᠭᠠᠳ ᠢᠷᠡᠳᠡᠭ᠃ ᠭᠡᠬᠦ ᠳ᠋ᠡᠭᠡᠨ ᠪᠠᠰᠠᠯᠠ ᠵᠠᠭᠠᠲᠤᠨᠠᠬᠤ ᠦᠭᠡᠢ᠃ ᠡᠢᠨᠬᠦ ᠡᠮᠴᠢ ᠳ᠋ᠦ᠍ ᠴᠠᠭ ᠲᠤᠬᠠᠢ ᠳ᠋ᠤᠨᠢ ᠣᠴᠢᠬᠤ ᠦᠭᠡᠢ ᠪᠣᠯ ᠡᠪᠡᠳᠴᠢᠨ ᠤᠯᠠᠮ ᠭᠠᠵᠠᠷ ᠠᠪᠴᠤ᠂ ᠲᠠᠷᠢᠬᠢ᠂ ᠶᠠᠰᠤ᠂ ᠳᠣᠲᠣᠷ᠎ᠠ ᠡᠷᠬᠡᠲᠡᠨ ᠭᠡᠮᠲᠦᠬᠦ ᠵᠡᠷᠭᠡ ᠨᠣᠴᠢᠲᠠᠢ ᠬᠦᠨᠳᠦᠷᠡᠯ ᠡᠭᠦᠰᠬᠡᠨ᠎ᠡ᠃ ᠬᠤᠪᠢᠰᠬᠠᠯ ᠤ᠋ᠨ ᠵᠢᠯ ᠦ᠋ᠳ ᠲᠦ᠍ ᠲᠡᠮᠪᠦᠦ ᠶ᠋ᠢᠨ ᠤᠯᠠᠮ ᠠ᠋ᠴᠠ ᠭᠤᠩᠰᠢᠶ᠎ᠠ ᠬᠣᠭᠣᠯᠠᠢ ᠲᠠᠢ᠂ ᠨᠠᠬᠢᠭᠤ ᠬᠠᠮᠠᠷ ᠲᠠᠢ ᠪᠣᠯᠤᠭᠰᠠᠨ ᠬᠥᠮᠦᠰ ᠴᠥᠭᠡᠨ ᠦᠭᠡᠢ ᠪᠠᠢᠭᠰᠠᠨ᠃ ᠶᠡᠬᠡ ᠳ· ᠨᠠᠴᠤᠭᠳᠣᠷᠵᠢ ᠶ᠋ᠢᠨ《ᠬᠠᠢᠷᠠᠨ ᠬᠠᠮᠠᠷ》 ᠰᠢᠯᠦᠭ ᠲᠦ᠍ ᠴᠣᠬᠣᠮ ᠳ᠋ᠠᠭᠠᠨ ᠡᠨᠡ ᠲᠤᠬᠠᠢ ᠤᠷᠠᠨ ᠰᠠᠢᠬᠠᠨ ᠳᠦᠷᠰᠦᠯᠡᠵᠡᠢ᠃
ᠡᠭᠦᠨ ᠢ᠋ᠶ᠋ᠡᠷ ᠲᠡᠮᠪᠦᠦ ᠶ᠋ᠢᠨ ᠲᠤᠬᠠᠢ ᠶᠠᠷᠢᠶ᠎ᠠ ᠪᠠᠨ ᠥᠨᠳᠥᠷᠯᠡᠭᠡᠳ᠂ ᠵᠠᠭ ᠬᠦᠢᠲᠡᠨ ᠦ᠌ ᠲᠤᠬᠠᠢ ᠥᠭᠦᠯᠡᠶ᠎ᠡ᠃ ᠡᠨᠡ ᠡᠪᠡᠳᠴᠢᠨ ᠦ᠌ ᠬᠠᠯᠳᠠᠪᠤᠷᠢ ᠶ᠋ᠢ ᠮᠥᠨ ᠯᠡ ᠬᠠᠪᠢᠲᠠᠯ ᠤ᠋ᠨ ᠵᠠᠮ ᠢ᠋ᠶ᠋ᠠᠷ ᠠᠪᠤᠨ᠎ᠠ᠃ ᠭᠡᠪᠡᠴᠦ ᠡᠪᠡᠳᠴᠢᠲᠡᠨ ᠦ᠌ ᠬᠡᠷᠡᠭᠯᠡᠵᠦ ᠪᠠᠢᠭᠰᠠᠨ ᠴᠠᠭᠠᠨ ᠬᠡᠷᠡᠭᠯᠡᠯ᠂ ᠠᠶᠠᠭ᠎ᠠ᠂ ᠰᠢᠨᠠᠭ᠎ᠠ᠂ ᠲᠠᠮᠠᠬᠢ᠂ ᠪᠡᠶ᠎ᠡ ᠤᠬᠢᠶᠠᠳᠠᠭ ᠵᠦᠯᠭᠦᠭᠦᠷ ᠵᠡᠷᠭᠡ ᠡᠴᠡ ᠡᠪᠡᠳᠴᠢᠨ ᠬᠠᠯᠳᠠᠪᠤᠷᠢᠯᠠᠵᠤ ᠪᠣᠯᠬᠤ ᠲᠠᠯ᠎ᠠ ᠲᠠᠢ᠃ ᠺᠤᠷᠢ᠂ ᠰᠠᠯᠬᠢᠨ ᠴᠡᠴᠡᠭ ᠵᠡᠷᠭᠡ ᠬᠠᠯᠳᠠᠪᠤᠷᠢᠲᠤ ᠡᠪᠡᠳᠴᠢᠨ ᠦ᠌ ᠨᠢᠭᠡᠨ ᠠᠳᠠᠯᠢ ᠵᠠᠭ ᠬᠦᠢᠲᠡᠨ ᠳ᠋ᠦ᠍ ᠳᠠᠷᠬᠠᠯᠠᠯ ᠲᠣᠭᠲᠠᠭᠠᠬᠤ ᠦᠭᠡᠢ ᠤᠴᠢᠷ ᠠ᠋ᠴᠠ ᠡᠮᠴᠢᠯᠡᠭᠡ ᠬᠢᠯᠭᠡᠭᠰᠡᠨ ᠦ᠌ ᠳᠠᠷᠠᠭ᠎ᠠ ᠳᠠᠬᠢᠨ ᠬᠠᠯᠳᠠᠪᠤᠷᠢ ᠠᠪᠴᠤ ᠡᠪᠡᠳᠴᠢᠯᠡᠵᠦ ᠪᠣᠯᠤᠨ᠎ᠠ᠃ ᠠᠯᠢᠪᠠ ᠬᠠᠯᠳᠠᠪᠤᠷᠢᠲᠤ ᠪᠤᠰᠤᠳ ᠡᠪᠡᠳᠴᠢᠨ ᠲᠡᠢ ᠨᠢᠭᠡᠨ ᠠᠳᠠᠯᠢ ᠵᠠᠭ ᠬᠦᠢᠲᠡᠨ ᠳ᠋ᠦ᠍ ᠲᠣᠳᠣᠷᠬᠠᠢ ᠵᠦᠢ ᠲᠣᠭᠲᠠᠭᠠᠯ ᠪᠣᠢ᠃ ᠲᠤᠬᠠᠢᠯᠠᠪᠠᠯ᠄ ᠵᠠᠪᠠᠯ ᠡᠪᠡᠳᠴᠢᠨ ᠡᠭᠦᠰᠬᠡᠭᠴᠢ ᠪᠠᠢᠳᠠᠭ᠃ ᠡᠪᠡᠳᠴᠢᠨ ᠦ᠌ ᠬᠠᠯᠳᠠᠪᠤᠷᠢ ᠡᠪᠡᠳᠴᠢᠨ ᠲᠡᠢ ᠬᠥᠮᠦᠨ ᠡᠴᠡ ᠡᠷᠭᠦᠯ ᠬᠥᠮᠦᠨ ᠳ᠋ᠦ᠍ ᠳᠠᠮᠵᠢᠳᠠᠭ᠃ ᠵᠠᠢᠯᠠᠰᠢ ᠦᠭᠡᠢ ᠨᠢᠭᠤᠴᠠ ᠦᠶ᠎ᠡ ᠲᠡᠢ ᠪᠠᠢᠳᠠᠭ᠃ ᠡᠪᠡᠳᠴᠢᠨ ᠦ᠌ ᠢᠯᠡᠷᠡᠯ ᠪᠠ ᠶᠠᠪᠤᠴᠠ ᠨᠢ ᠥᠪᠡᠷᠮᠢᠴᠡ ᠪᠠᠢᠳᠠᠭ᠃ ᠵᠠᠭ ᠬᠦᠢᠲᠡᠨ ᠢ᠋ ᠡᠭᠦᠰᠬᠡᠭᠴᠢ ᠶ᠋ᠢ ᠪᠢᠴᠢᠯ ᠬᠠᠷᠠᠭᠤᠷ ᠢ᠋ᠶ᠋ᠠᠷ ᠬᠠᠷᠠᠬᠤ ᠳ᠋ᠤ᠌ ᠪᠡᠶ᠎ᠡ ᠪᠡᠶ᠎ᠡ ᠤᠷᠤᠭᠤ ᠪᠠᠨ ᠬᠣᠩᠬᠣᠷ ᠲᠠᠯ᠎ᠠ ᠪᠠᠷ ᠢ᠋ᠶ᠋ᠠᠨ ᠡᠷᠭᠢᠵᠦ ᠬᠠᠷᠠᠭᠰᠠᠨ ᠦᠷ᠎ᠡ ᠰᠢᠭ ᠪᠠᠢᠳᠠᠭ᠃ ᠵᠠᠭ ᠬᠦᠢᠲᠡᠨ ᠦ᠌ ᠬᠠᠯᠳᠠᠪᠤᠷᠢ ᠠᠪᠤᠭᠰᠠᠨ ᠠ᠋ᠴᠠ ᠬᠣᠢᠰᠢ ᠡᠬᠢᠨ ᠦ᠌3-5 ᠬᠣᠨᠣᠭ ᠶᠠᠮᠠᠷ ᠴᠦ᠍ ᠰᠢᠨᠵᠢ ᠲᠡᠮᠳᠡᠭ ᠮᠡᠳᠡᠭᠳᠡᠬᠦ ᠦᠭᠡᠢ᠂ ᠭᠡᠬᠦ ᠳ᠋ᠡᠭᠡᠨ ᠡᠪᠡᠳᠴᠢᠨ ᠦ᠌ ᠨᠢᠭᠤᠴᠠ ᠦᠶ᠎ᠡ2 ᠳᠣᠯᠣᠭ᠎ᠠ ᠬᠣᠨᠣᠭ ᠬᠦᠷᠲᠡᠯ᠎ᠡ ᠦᠷᠭᠦᠯᠵᠢᠯᠡᠵᠦ ᠪᠣᠯᠤᠨ᠎ᠠ᠃ ᠪᠡᠶ᠎ᠡ ᠶ᠋ᠢᠨ ᠡᠰᠡᠷᠭᠦᠴᠡᠯ ᠬᠡᠳᠦᠢ ᠴᠢᠨᠡᠭᠡ ᠰᠤᠯᠠ ᠳᠣᠷᠣᠢ ᠪᠠᠢᠨ᠎ᠠ᠂ ᠲᠡᠳᠦᠢ ᠴᠢᠨᠡᠭᠡ ᠵᠠᠭ ᠬᠦᠢᠲᠡᠨ ᠦ᠌ ᠨᠢᠭᠤᠴᠠ ᠦᠶ᠎ᠡ ᠤᠳᠠᠭᠠᠨ ᠦᠷᠭᠦᠯᠵᠢᠯᠡᠨ᠎ᠡ᠃ ᠵᠠᠭ ᠬᠦᠢᠲᠡᠨ ᠦ᠌ ᠬᠠᠯᠳᠠᠪᠤᠷᠢ ᠶ᠋ᠢᠨ ᠤᠯᠠᠮ ᠠ᠋ᠴᠠ ᠡᠮᠡᠭᠲᠡᠢ ᠬᠥᠮᠦᠨ ᠦ᠌ ᠰᠢᠭᠡᠰᠦᠨ ᠰᠦᠪᠡ᠂ ᠦᠲᠦᠷᠢᠶᠡᠨ ᠦ᠌ ᠠᠮᠠᠰᠠᠷ ᠤ᠋ᠨ ᠪᠤᠯᠴᠢᠷᠬᠠᠢ᠂ ᠤᠮᠠᠢ᠂ ᠤᠮᠠᠢ ᠶ᠋ᠢᠨ ᠬᠣᠭᠣᠯᠠᠢ ᠦᠲᠦᠷᠢᠶᠡᠨ ᠦ᠌ ᠰᠠᠯᠢᠰᠤᠲᠤ ᠪᠦᠷᠬᠦᠪᠴᠢ ᠭᠡᠮᠲᠦᠨ᠎ᠡ᠃ ᠡᠷᠡᠭᠲᠡᠢ ᠬᠥᠮᠦᠨ ᠨᠢᠭᠡᠨ ᠠᠳᠠᠯᠢ ᠬᠠᠯᠳᠠᠪᠤᠷᠢ ᠠᠪᠤᠭᠰᠠᠨ ᠠ᠋ᠴᠠ ᠬᠣᠢᠰᠢ3-4 ᠡᠳᠦᠷ ᠦ᠋ᠨ ᠳᠠᠷᠠᠭ᠎ᠠ ᠡᠬᠢᠯᠡᠨ᠎ᠡ᠃ ᠭᠡᠬᠦ ᠳ᠋ᠡᠭᠡᠨ ᠡᠷᠡᠭᠲᠡᠢ ᠬᠥᠮᠦᠨ ᠡᠴᠡ ᠢᠯᠭᠠᠭ᠎ᠠ ᠲᠠᠢ ᠨᠢ ᠡᠮᠡᠭᠲᠡᠢ ᠬᠥᠮᠦᠨ ᠳ᠋ᠦ᠍ ᠵᠠᠭ ᠬᠦᠢᠲᠡᠨ ᠪᠠᠷᠤᠭ ᠮᠡᠳᠡᠭᠳᠡᠬᠦ ᠦᠭᠡᠢ ᠥᠩᠭᠡᠷᠡᠳᠡᠭ᠃ ᠡᠨᠡ ᠪᠣᠯ ᠮᠠᠰᠢ ᠠᠶᠤᠯᠲᠠᠢ᠃ ᠤᠴᠢᠷ ᠶᠠᠭᠤᠨ ᠭᠡᠪᠡᠯ ᠵᠠᠭ ᠬᠦᠢᠲᠡᠨ ᠦ᠌ ᠤᠯᠠᠮ ᠠ᠋ᠴᠠ ᠡᠷᠡᠭᠲᠡᠢ ᠶ᠋ᠢᠨ ᠰᠢᠭᠡᠰᠦᠨ ᠰᠦᠪᠡ ᠬᠦᠴᠦᠲᠡᠢ ᠡᠪᠡᠳᠴᠦ᠂ ᠬᠣᠷᠣᠰᠳᠠᠭ ᠨᠢ ᠬᠤᠷᠢᠴᠠᠯ ᠦᠢᠯᠡᠳᠬᠦ ᠪᠣᠯᠤᠯᠴᠠᠭ᠎ᠠ ᠣᠯᠭᠣᠬᠤ ᠦᠭᠡᠢ᠃ ᠲᠡᠭᠡᠪᠡᠯ ᠡᠮᠡᠭᠲᠡᠢ ᠬᠥᠮᠦᠨ ᠳ᠋ᠦ᠍ ᠶᠠᠮᠠᠷ ᠴᠦ᠍ ᠵᠣᠪᠠᠭᠤᠷᠢ ᠰᠢᠨᠠᠯᠭᠠ ᠮᠡᠳᠡᠭᠳᠡᠬᠦ ᠦᠭᠡᠢ ᠤᠴᠢᠷ ᠠ᠋ᠴᠠ ᠡᠪᠡᠳᠴᠢᠨ ᠠᠪᠤᠭᠰᠠᠨ ᠢ᠋ᠶ᠋ᠠᠨ ᠰᠡᠵᠢᠭᠯᠡᠬᠦ ᠦᠭᠡᠢ᠂ ᠬᠤᠷᠢᠴᠠᠯ ᠦᠢᠯᠡᠳᠦᠭᠰᠡᠭᠡᠷ ᠪᠠᠢᠵᠤ ᠪᠣᠯᠤᠨ᠎ᠠ᠃
᠁ ᠴᠢ·28 ᠨᠠᠰᠤᠲᠠᠢ᠂ ᠠᠮᠠᠷᠠᠯᠲᠠ ᠪᠠᠷ ᠠᠮᠠᠷᠠᠵᠤ ᠪᠠᠢᠬᠤ ᠳ᠋ᠠᠭᠠᠨ ᠨᠢᠭᠡ ᠬᠠᠷ᠎ᠠ ᠬᠦᠦ ᠲᠡᠢ ᠲᠠᠨᠢᠯᠴᠠᠭᠰᠠᠨ ᠶᠤᠮᠰᠠᠨᠵᠠᠢ᠃ ᠲᠡᠷᠡ ᠲᠡᠭᠦᠨ ᠢ᠋ ᠪᠥᠵᠢᠭ ᠲᠦ᠍ ᠤᠷᠢᠵᠤ᠂ ᠬᠣᠶᠠᠭᠤᠯᠠ ᠶᠡᠬᠡ ᠪᠥᠵᠢᠭᠯᠡᠳᠡᠭ ᠪᠠᠢᠵᠠᠢ᠃ ᠨᠢᠭᠡ ᠤᠳᠠᠭ᠎ᠠ ᠪᠥᠵᠢᠭ ᠲᠠᠷᠬᠠᠭᠰᠠᠨ ᠤ᠋ ᠳᠠᠷᠠᠭ᠎ᠠ ᠬᠠᠮᠲᠤ ᠵᠤᠭᠠᠯᠠᠵᠤ ᠪᠠᠢᠭᠠᠳ《ᠶᠢᠷᠲᠢᠨᠴᠦ ᠶ᠋ᠢᠨ ᠶᠠᠭᠤᠮ᠎ᠠ》 ᠪᠣᠯᠤᠭᠠᠳ ᠥᠩᠭᠡᠷᠡᠵᠡᠢ᠃ ᠴᠠᠭ ᠬᠤᠭᠤᠴᠠᠭ᠎ᠠ ᠨᠢᠳᠦ ᠢᠷᠮᠡᠬᠦ ᠵᠠᠭᠤᠷ᠎ᠠ ᠨᠢᠰᠦᠨ ᠥᠩᠭᠡᠷᠡᠵᠦ᠂ ᠠᠮᠠᠷᠠᠯᠲᠠ ᠠ᠋ᠴᠠ ᠪᠤᠴᠠᠵᠠᠢ᠃ ᠭᠡᠷ ᠲᠡᠭᠡᠨ ᠬᠠᠷᠢᠭᠰᠠᠨ ᠠ᠋ᠴᠠ ᠬᠣᠢᠰᠢ4 ᠡᠳᠦᠷ ᠦ᠋ᠨ ᠳᠠᠷᠠᠭ᠎ᠠ ᠨᠥᠬᠥᠷ ᠨᠢ᠄《ᠪᠢ ᠴᠢᠮ᠎ᠠ ᠠ᠋ᠴᠠ ᠡᠪᠡᠳᠴᠢᠨ ᠠᠪᠤᠯ᠎ᠠ᠂ ᠴᠢᠮ᠎ᠠ ᠠ᠋ᠴᠠ ᠥᠭᠡᠷ᠎ᠡ ᠬᠡᠨ ᠲᠡᠢ ᠴᠦ᠍ ᠪᠠᠢᠭ᠎ᠠ ᠦᠭᠡᠢ᠃ ᠴᠢ ᠨᠠᠮ᠎ᠠ ᠶ᠋ᠢ ᠪᠤᠵᠠᠷᠯᠠᠵᠤ ᠣᠷᠬᠢᠯ᠎ᠠ》 ᠭᠡᠵᠡᠢ᠃ ᠡᠬᠡᠨᠡᠷ ᠨᠢ ᠬᠠᠷᠢᠭᠤ ᠳ᠋ᠤᠨᠢ᠄《ᠬᠤᠳᠠᠯ ᠠ᠋᠂ ᠪᠢ ᠡᠷᠡᠭᠦᠯ᠃ ᠪᠢ ᠶᠠᠭᠤ ᠪᠣᠯᠤᠯ᠎ᠠ ᠭᠡᠵᠦ ᠡᠪᠡᠳᠴᠢᠨ ᠬᠠᠯᠳᠠᠭᠠᠬᠤ ᠶᠤᠮ ᠪᠣᠢ!》 ᠭᠡᠵᠦ ᠮᠡᠯᠵᠢᠵᠡᠢ᠃ ᠢᠩᠭᠢᠭᠡᠳ ᠠᠷᠠᠰᠤ ᠥᠩᠭᠡᠨ ᠦ᠌ ᠳ᠋ᠢᠰᠫᠠᠨᠰᠸᠷ ᠲᠤ᠌ ᠰᠢᠨᠵᠢᠯᠡᠭᠡ ᠬᠢᠬᠦ ᠳ᠋ᠦ᠍ ᠡᠬᠡᠨᠡᠷ ᠲᠦ᠍ ᠨᠢ ᠵᠠᠭ ᠬᠦᠢᠲᠡᠨ ᠢᠯᠡᠷᠡᠵᠡᠢ᠃ ᠡᠯ᠎ᠡ ᠭᠤᠲᠤᠮᠰᠢᠭᠲᠤ ᠶᠠᠪᠤᠳᠠᠯ ᠡᠨᠡ ᠠᠢᠯ ᠭᠡᠷ ᠦ᠋ᠨ ᠬᠤᠪᠢ ᠵᠠᠶᠠᠭᠠᠨ ᠳ᠋ᠤ᠌ ᠶᠠᠮᠠᠷ ᠭᠠᠢ ᠲᠠᠷᠢᠬᠤ ᠶ᠋ᠢ ᠬᠡᠨ ᠡᠰᠡ ᠮᠡᠳᠡᠯ᠎ᠡ᠃ ᠡᠮᠡᠭᠲᠡᠢ ᠬᠥᠮᠦᠨ ᠳ᠋ᠦ᠍ ᠵᠠᠭ ᠬᠦᠢᠲᠡᠨ ᠶᠠᠭᠤ ᠴᠦ᠍ ᠮᠡᠳᠡᠭᠳᠡᠬᠦ ᠦᠭᠡᠢ ᠥᠩᠭᠡᠷᠡᠳᠡᠭ ᠤᠴᠢᠷ ᠠ᠋ᠴᠠ ᠡᠨᠡ ᠡᠮᠡᠭᠲᠡᠢ ᠡᠪᠡᠳᠴᠢᠨ ᠠᠪᠤᠭᠰᠠᠨ ᠢ᠋ᠶ᠋ᠠᠨ ᠥᠴᠦᠬᠡᠨ ᠴᠦ᠍ ᠰᠡᠵᠢᠭᠯᠡᠭᠡ ᠦᠭᠡᠢ ᠶᠠᠪᠤᠵᠠᠢ᠃
ᠣᠳᠣ ᠥᠩᠭᠡ ᠶ᠋ᠢᠨ ᠡᠪᠡᠳᠴᠢᠨ ᠠᠳᠠᠯᠢ ᠬᠠᠪᠢᠲᠠᠯ ᠤ᠋ᠨ ᠵᠠᠮ ᠢ᠋ᠶ᠋ᠠᠷ ᠬᠠᠯᠳᠠᠵᠤ ᠬᠣᠣᠷᠲᠤ ᠬᠠᠪᠤᠳᠠᠷ ᠠᠳᠠᠯᠢ ᠠᠮᠢ ᠨᠠᠰᠤᠨ ᠳ᠋ᠤ᠌ ᠬᠦᠷᠳᠡᠭ ᠠᠶᠤᠯᠲᠤ ᠡᠪᠡᠳᠴᠢᠨ— ᠠᠢᠽ ᠡᠪᠡᠳᠴᠢᠨ ᠦ᠌ ᠲᠤᠬᠠᠢ ᠥᠭᠦᠯᠡᠶ᠎ᠡ᠃ ᠰᠡᠭᠦᠯ ᠦ᠋ᠨ ᠵᠢᠯ ᠦ᠋ᠨ ᠳᠣᠲᠣᠷ᠎ᠠ ᠳᠡᠯᠡᠬᠡᠢ ᠶ᠋ᠢᠨ ᠣᠯᠠᠨ ᠤᠯᠤᠰ ᠭᠦᠷᠦᠨ ᠳ᠋ᠦ᠍ ᠲᠠᠷᠬᠠᠵᠤ ᠣᠯᠠᠨ ᠮᠢᠩᠭᠠᠨ ᠬᠥᠮᠦᠨ ᠦ᠌ ᠠᠮᠢ ᠨᠠᠰᠤ ᠶ᠋ᠢ ᠪᠦᠷᠢᠯᠭᠡᠭᠰᠡᠨ ᠠᠢᠽ ᠬᠡᠮᠡᠬᠦ ᠡᠨᠡᠬᠦ ᠬᠠᠯᠳᠠᠪᠤᠷᠢᠲᠤ ᠡᠪᠡᠳᠴᠢᠨ ᠲᠡᠢ ᠬᠥᠮᠦᠨ ᠲᠥᠷᠥᠯᠬᠢᠲᠡᠨ20 ᠳ᠋ᠤᠭᠠᠷ ᠵᠠᠭᠤᠨ ᠤ᠋ ᠳᠠᠯᠠᠭᠠᠳ ᠣᠨ ᠤ᠋ ᠰᠡᠭᠦᠯᠴᠢ ᠪᠡᠷ ᠲᠤᠯᠭᠠᠷᠠᠭᠰᠠᠨ ᠢ᠋ ᠣᠳᠣ ᠮᠡᠳᠡᠬᠦ ᠦᠭᠡᠢ ᠬᠥᠮᠦᠨ ᠦᠭᠡᠢ᠃ ᠳᠠᠷᠬᠠᠯᠠᠯ ᠪᠣᠯᠤᠨ ᠬᠠᠮ ᠰᠢᠨᠵᠢ ᠰᠤᠳᠤᠯᠤᠯ ᠤ᠋ᠨ ᠤᠬᠠᠭᠠᠨ ᠤ᠋ ᠣᠯᠤᠯᠲᠠ ᠠᠮᠵᠢᠯᠲᠠ ᠶ᠋ᠢᠨ ᠠᠴᠢ ᠪᠠᠷ ᠡᠨᠡ ᠡᠪᠡᠳᠴᠢᠨ ᠦ᠌ ᠰᠢᠯᠲᠠᠭᠠᠨ᠂ ᠡᠮᠭᠡᠭ ᠵᠠᠮ ᠢ᠋ ᠲᠣᠭᠲᠠᠭᠠᠭᠰᠠᠨ ᠪᠥᠭᠡᠳ ᠡᠭᠦᠰᠬᠡᠭᠴᠢ ᠨᠢ ᠬᠥᠮᠦᠨ ᠦ᠌ ᠴᠢᠰᠤᠨ ᠤ᠋ ᠲ— ᠯᠢᠮᠹᠦᠽᠢᠲ ᠡᠰ ᠲᠦ᠍ ᠬᠠᠯᠳᠠᠪᠤᠷᠢᠯᠠᠳᠠᠭ ᠬᠠᠮ ᠰᠢᠨᠵᠢ ᠪᠣᠯᠬᠤ ᠶ᠋ᠢ ᠲᠣᠭᠲᠠᠭᠠᠭᠰᠠᠨ ᠪᠢᠯᠡ᠃ ᠡᠨᠡ ᠬᠠᠮ ᠰᠢᠨᠵᠢ ᠶ᠋ᠢ ᠬᠥᠮᠦᠨ ᠦ᠌ ᠳᠠᠷᠬᠠᠯᠠᠯ ᠤ᠋ᠨ ᠬᠣᠮᠰᠠᠳᠠᠯ ᠤ᠋ᠨ ᠰᠢᠨᠵᠢ ᠭᠡᠵᠦ ᠨᠡᠷᠡᠯᠡᠳᠡᠭ᠃ ᠬᠥᠮᠦᠨ ᠦ᠌ ᠳᠠᠷᠬᠠᠯᠠᠯ ᠬᠣᠮᠰᠠᠳᠠᠯ ᠤ᠋ᠨ ᠬᠠᠮ ᠰᠢᠨᠵᠢ ᠨᠢ ᠬᠥᠮᠦᠨ ᠦ᠌ ᠪᠡᠶ᠎ᠡ ᠮᠠᠬᠠᠪᠣᠳ ᠢ᠋ ᠨᠢᠳᠦᠨ ᠳ᠋ᠦ᠍ ᠦᠯᠦ ᠦᠵᠡᠭᠳᠡᠬᠦ《ᠳᠠᠢᠰᠤᠨ ᠨᠤᠭᠤᠳ》 ᠤ᠋ᠨ ᠠᠶᠤᠯ ᠠ᠋ᠴᠠ ᠦᠷᠭᠦᠯᠵᠢ ᠳᠠᠷᠬᠠᠯᠠᠨ ᠬᠠᠮᠠᠭᠠᠯᠠᠵᠤ ᠪᠠᠢᠬᠤ ᠡᠭᠦᠷᠭᠡ ᠲᠡᠢ ᠡᠰ ᠦ᠋ᠳ ᠢ᠋(ᠲᠤᠬᠠᠢᠯᠠᠪᠠᠯ᠂ ᠲ ᠯᠢᠮᠹᠦᠽᠢᠲ) ᠦᠢ ᠣᠯᠠᠨ ᠢ᠋ᠶ᠋ᠠᠷ ᠨᠢ ᠬᠠᠢᠷ᠎ᠠ ᠨᠠᠢᠷ ᠦᠭᠡᠢ ᠤᠰᠠᠳᠬᠠᠵᠤ ᠵᠢᠭᠰᠠᠭᠠᠯ ᠠ᠋ᠴᠠ ᠭᠠᠷᠭᠠᠳᠠᠭ᠃ ᠡᠭᠦᠨ ᠦ᠌ ᠤᠯᠠᠮ ᠠ᠋ᠴᠠ ᠬᠥᠮᠦᠨ ᠦ᠌ ᠪᠡᠶ᠎ᠡ ᠮᠠᠬᠠᠪᠣᠳ ᠬᠠᠯᠳᠠᠪᠤᠷᠢ ᠶ᠋ᠢᠨ ᠡᠰᠡᠷᠭᠦ ᠲᠡᠮᠡᠴᠡᠬᠦ ᠴᠢᠳᠠᠪᠤᠷᠢ ᠦᠭᠡᠢ ᠪᠣᠯᠵᠤ ᠠᠮᠢᠳᠤ ᠪᠠᠷ ᠢ᠋ᠶ᠋ᠠᠨ《ᠨᠢᠶᠠᠨ》 ᠤ᠋ ᠬᠣᠭᠣᠯᠠ ᠲᠡᠵᠢᠭᠡᠯ ᠪᠣᠯᠤᠨ᠎ᠠ ᠭᠡᠰᠡᠨ ᠦᠭᠡ᠃ ᠥᠭᠡᠷ᠎ᠡ ᠪᠡᠷ ᠬᠡᠯᠡᠪᠡᠯ ᠳᠠᠷᠬᠠᠯᠠᠯ ᠤ᠋ᠨ ᠠᠴᠢ ᠪᠠᠷ ᠬᠥᠮᠦᠨ ᠠᠯᠢᠪᠠ ᠬᠠᠯᠳᠠᠪᠤᠷᠢ ᠡᠪᠡᠳᠴᠢᠨ ᠡᠮᠭᠡᠭ ᠢ᠋ ᠡᠰᠡᠷᠭᠦᠴᠡᠳᠡᠭ᠃ ᠪᠣᠷᠣᠭᠠᠨ ᠳ᠋ᠤ᠌ ᠨᠣᠷᠬᠤ ᠦᠭᠡᠢ ᠶ᠋ᠢᠨ ᠲᠤᠯᠠᠳᠠ ᠰᠢᠭᠦᠷ ᠲᠡᠢ ᠪᠠᠢᠬᠤ ᠬᠡᠷᠡᠭᠲᠡᠢ ᠠᠳᠠᠯᠢ ᠬᠠᠯᠳᠠᠪᠤᠷᠢᠲᠤ ᠡᠪᠡᠳᠴᠢᠨ ᠳ᠋ᠦ᠍ ᠥᠷᠲᠥᠬᠦ ᠦᠭᠡᠢ ᠶ᠋ᠢᠨ ᠲᠤᠯᠠᠳᠠ ᠳᠠᠷᠬᠠᠯᠠᠯ ᠲᠠᠢ ᠪᠠᠢᠬᠤ ᠤᠴᠢᠷ ᠲᠠᠢ᠃ ᠭᠡᠲᠡᠯ᠎ᠡ ᠬᠥᠮᠦᠨ ᠦ᠌ ᠪᠡᠶ᠎ᠡ ᠮᠠᠬᠠᠪᠣᠳ ᠢ᠋ ᠡᠪᠡᠳᠴᠢᠨ ᠡᠮᠭᠡᠭ ᠡᠴᠡ ᠬᠠᠮᠠᠭᠠᠯᠠᠳᠠᠭ ᠳᠠᠷᠬᠠᠯᠠᠯ ᠤ᠋ᠨ ᠰᠢᠰᠲ᠋ᠧᠮ ᠦ᠋ᠨ ᠡᠰ ᠢ᠋ ᠡᠨᠡ ᠡᠪᠡᠳᠴᠢᠨ ᠦ᠌ ᠬᠠᠮ ᠰᠢᠨᠵᠢ ᠭᠡᠮᠲᠦᠭᠡᠳᠡᠭ ᠢ᠋ᠶ᠋ᠡᠷ ᠢ᠋ᠶ᠋ᠡᠨ ᠬᠠᠮᠤᠭ ᠤ᠋ᠨ ᠠᠶᠤᠯᠲᠠᠢ᠃ ᠠᠢᠽ ᠡᠪᠡᠳᠴᠢᠨ ᠦ᠌ ᠨᠢᠭᠤᠴᠠ ᠦᠶ᠎ᠡ ᠣᠢᠷᠠᠯᠴᠠᠭ᠎ᠠ ᠪᠠᠷ2-3 ᠵᠢᠯ᠂ ᠵᠠᠷᠢᠮ ᠳ᠋ᠠᠭᠠᠨ7-8 ᠵᠢᠯ ᠲᠡᠭᠦᠨ ᠡᠴᠡ ᠴᠦ᠍ ᠤᠷᠲᠤ ᠪᠠᠢᠭ᠎ᠠ ᠨᠢ ᠬᠠᠯᠳᠠᠪᠤᠷᠢ ᠲᠡᠭᠡᠭᠡᠭᠴᠢ ᠶ᠋ᠢ ᠡᠷᠲᠡ ᠢᠯᠡᠷᠡᠭᠦᠯᠵᠦ ᠬᠠᠯᠳᠠᠪᠤᠷᠢ ᠴᠢᠨᠠᠭᠰᠢ ᠳᠠᠮᠵᠢᠬᠤ ᠵᠠᠮ ᠢ᠋ ᠲᠠᠰᠤᠯᠠᠨ ᠵᠣᠭᠰᠣᠭᠠᠬᠤ ᠪᠣᠯᠤᠯᠴᠠᠭ᠎ᠠ ᠶ᠋ᠢ ᠮᠤᠬᠤᠷᠳᠠᠮᠠᠯ ᠪᠠᠢᠳᠠᠯ ᠳ᠋ᠤ᠌ ᠣᠷᠣᠭᠤᠯᠵᠤ ᠪᠠᠢᠨ᠎ᠠ᠃ ᠠᠢᠽ ᠡᠪᠡᠳᠴᠢᠨ ᠵᠣᠩᠬᠢᠯᠠᠨ ᠪᠡᠯᠭᠡ ᠲᠡᠮᠳᠡᠭ ᠵᠠᠮ ᠢ᠋ᠶ᠋ᠠᠷ ᠬᠠᠯᠳᠠᠪᠤᠷᠢᠯᠠᠳᠠᠭ ᠪᠣᠯᠪᠠᠴᠤ ᠪᠠᠰᠠ ᠵᠡᠭᠦᠦ ᠱᠫᠷᠢᠽ ᠢ᠋ᠶ᠋ᠡᠷ ᠪᠣᠯᠤᠨ ᠴᠢᠰᠤ ᠪᠠᠷ ᠳᠠᠮᠵᠢᠨ ᠬᠠᠯᠳᠠᠪᠤᠷᠢᠯᠠᠵᠤ ᠪᠣᠯᠳᠠᠭ ᠨᠢ ᠠᠶᠤᠯ ᠢ᠋ ᠪᠦᠷ ᠴᠦ᠍ ᠶᠡᠬᠡᠰᠬᠡᠵᠦ ᠪᠠᠢᠭ᠎ᠠ ᠶᠤᠮ᠃ ᠬᠥᠮᠦᠨ ᠦ᠌ ᠳᠠᠷᠬᠠᠯᠠᠯ ᠬᠣᠮᠰᠠᠳᠠᠯ ᠤ᠋ᠨ ᠬᠠᠮ ᠰᠢᠨᠵᠢ ᠶ᠋ᠢ ᠴᠢᠰᠤ᠂ ᠦᠷ᠎ᠡ ᠶ᠋ᠢᠨ ᠰᠢᠩᠭᠡᠨ᠂ ᠰᠠᠪᠠᠨ ᠤ᠋ ᠬᠦᠵᠦᠭᠦᠦ᠂ ᠤᠮᠠᠢ ᠶ᠋ᠢᠨ ᠰᠠᠯᠢᠰᠤᠯᠢᠭ ᠰᠢᠩᠭᠡᠨ᠂ ᠰᠢᠯᠦᠰᠦ᠂ ᠨᠢᠯᠪᠤᠰᠤ᠂ ᠰᠢᠭᠡᠰᠦ᠂ ᠬᠥᠬᠥᠨ ᠰᠦ ᠨᠤᠭᠤᠰᠤᠨ ᠤ᠋ ᠰᠢᠩᠭᠡᠨ ᠵᠡᠷᠭᠡ ᠡᠴᠡ ᠥᠰᠭᠡᠪᠦᠷᠢᠯᠡᠨ ᠭᠠᠷᠭᠠᠭᠰᠠᠨ ᠪᠠᠢᠨ᠎ᠠ᠃ ᠳᠡᠯᠡᠬᠡᠢ ᠶ᠋ᠢᠨ ᠡᠷᠡᠭᠦᠯ ᠬᠠᠮᠠᠭᠠᠯᠠᠯ ᠤ᠋ᠨ ᠪᠠᠢᠭᠤᠯᠭ᠎ᠠ ᠠ᠋ᠴᠠ ᠢᠯᠡᠷᠡᠭᠦᠯᠦᠭᠰᠡᠨ ᠮᠡᠳᠡᠭᠡᠨ ᠡᠴᠡ ᠦᠵᠡᠬᠦ ᠳ᠋ᠦ᠍ ᠠᠢᠽ ᠡᠪᠡᠳᠴᠢᠨ ᠢ᠋ᠶ᠋ᠡᠷ ᠡᠪᠡᠳᠴᠢᠯᠡᠭᠰᠡᠳ ᠦ᠋ᠨ65% ᠨᠢ ᠢᠵᠢᠯ ᠬᠦᠢᠰᠦᠲᠡᠨ ᠲᠡᠢ ᠬᠪᠢᠳᠠᠭᠴᠢᠳ᠂17% ᠨᠢ ᠮᠠᠩᠰᠢᠭᠤᠷᠠᠭᠤᠯᠬᠤ ᠪᠣᠳᠠᠰ ᠰᠤᠳᠠᠰᠤ ᠪᠠᠷ ᠬᠡᠷᠡᠭᠯᠡᠭᠴᠢᠳ ᠪᠠᠢᠨ᠎ᠠ᠃ ᠬᠥᠮᠦᠨ ᠦ᠌ ᠳᠠᠷᠬᠠᠯᠠᠯ ᠤ᠋ᠨ ᠬᠣᠮᠰᠠᠳᠠᠯ ᠤ᠋ᠨ ᠬᠠᠮ ᠰᠢᠨᠵᠢ ᠪᠡᠷ ᠬᠠᠯᠳᠠᠪᠤᠷᠢᠯᠠᠭᠰᠠᠨ ᠬᠥᠮᠦᠰ ᠲᠦ᠍ ᠶᠠᠮᠠᠷ ᠨᠢᠭᠡᠨ ᠵᠣᠪᠠᠭᠤᠷᠢ ᠰᠢᠨᠠᠯᠭᠠ ᠢᠯᠡᠷᠡᠬᠦ ᠦᠭᠡᠢ《ᠡᠷᠡᠭᠦᠯ》 ᠶᠦᠮ ᠰᠢᠭ2-7 ᠵᠢᠯ ᠶᠠᠪᠤᠭᠰᠠᠨ ᠤ᠋ ᠳᠠᠷᠠᠭ᠎ᠠ ᠡᠪᠡᠳᠴᠢᠨ ᠦ᠌ ᠠᠩᠬᠠᠨ ᠤ᠋ ᠰᠢᠨᠵᠢ ᠲᠡᠮᠳᠡᠭ ᠨᠢ ᠶᠡᠬᠡᠪᠴᠢᠯᠡᠨ ᠪᠤᠯᠴᠢᠷᠬᠠᠢ ᠴᠣᠬᠢᠵᠤ᠂ ᠡᠯᠢᠭᠡ ᠲᠣᠯᠣᠭ ᠳᠡᠯᠢᠭᠦᠦ ᠲᠣᠮᠣᠷᠠᠬᠤ᠂ ᠠᠮᠠᠷᠬᠠᠨ ᠶᠠᠳᠠᠷᠠᠬᠤ᠂ ᠬᠥᠯᠥᠷᠡᠬᠦ᠂ ᠰᠠᠭᠤᠯᠭᠠᠬᠤ ᠪᠤᠶᠤ ᠲᠤᠷᠠᠵᠤ ᠡᠴᠡᠬᠦ᠂ ᠠᠮᠠᠨ ᠬᠥᠨᠳᠡᠢ ᠦᠷᠪᠢᠰᠬᠦ ᠵᠡᠷᠭᠡ ᠪᠳᠯ ᠢ᠋ᠶ᠋ᠡᠷ ᠢᠯᠡᠷᠡᠨ᠎ᠡ᠃ ᠡᠪᠡᠳᠴᠢᠨ ᠲᠤᠰᠤᠭᠰᠠᠨ ᠬᠥᠮᠦᠰ ᠦ᠋ᠨ50-80% ᠨᠢ ᠬᠣᠶᠠᠷ ᠵᠢᠯ ᠬᠦᠷᠬᠦ ᠦᠭᠡᠢ ᠬᠤᠭᠤᠴᠠᠭᠠᠨ ᠳ᠋ᠤ᠌ ᠨᠠᠰᠤ ᠪᠠᠷᠠᠵᠤ ᠪᠠᠢᠭ᠎ᠠ ᠪᠥᠭᠡᠳ ᠤᠭ ᠡᠪᠡᠳᠴᠢᠨ ᠢ᠋ ᠡᠮᠴᠢᠯᠡᠬᠦ᠂ ᠤᠷᠢᠳᠴᠢᠯᠠᠨ ᠰᠡᠷᠭᠡᠢᠯᠡᠬᠦ ᠲᠡᠭᠦᠰ ᠠᠷᠭ᠎ᠠ ᠣᠳᠣ ᠪᠠᠷ ᠣᠯᠳᠠᠭᠠᠳᠤᠢ ᠪᠠᠢᠨ᠎ᠠ᠃ ᠳ᠋ᠢᠳᠦᠪᠦᠳᠢᠨ᠂ ᠹᠤᠰᠢᠳᠢᠨ ᠤ᠋ ᠬᠦᠴᠢᠯ ᠵᠡᠷᠭᠡ ᠣᠯᠠᠨ ᠲᠣᠭᠠᠨ ᠤ᠋ ᠡᠮ ᠦ᠋ᠨ ᠪᠡᠯᠡᠳᠦᠮᠡᠯ ᠢ᠋ ᠬᠡᠷᠡᠭᠯᠡᠨ ᠲᠤᠷᠰᠢᠵᠤ ᠪᠠᠢᠭ᠎ᠠ ᠪᠣᠯᠪᠠᠴᠤ ᠠᠢᠽ ᠡᠪᠡᠳᠴᠢᠨ ᠢ᠋ ᠪᠦᠷᠢᠨ ᠡᠮᠴᠢᠯᠡᠬᠦ ᠨᠠᠢᠳᠠᠪᠤᠷᠢᠲᠠᠢ ᠡᠮ ᠢ᠋ ᠪᠣᠢ ᠪᠣᠯᠭᠠᠬᠤ ᠬᠦᠷᠲᠡᠯ᠎ᠡ ᠪᠠᠭ᠎ᠠ ᠦᠭᠡᠢ ᠬᠤᠭᠤᠴᠠᠭ᠎ᠠ ᠱᠠᠭᠠᠷᠳᠠᠭᠳᠠᠬᠤ ᠨᠢ ᠲᠣᠳᠣᠷᠬᠠᠢ ᠶᠤᠮ᠃ ᠮᠠᠨ ᠤ᠋ ᠣᠷᠣᠨ ᠳ᠋ᠤ᠌ ᠡᠨᠡ ᠡᠪᠡᠳᠴᠢᠨ ᠣᠳᠣ ᠪᠠᠷ ᠭᠠᠷᠤᠭ᠎ᠠ ᠦᠭᠡᠢ ᠪᠠᠢᠨ᠎ᠠ᠃ ᠭᠡᠪᠡᠴᠦ ᠳᠡᠯᠡᠬᠡᠢ ᠳ᠋ᠠᠬᠢᠨ ᠢ᠋ ᠬᠠᠮᠤᠷᠤᠭᠰᠠᠨ《ᠲᠠᠬᠤᠯ》 ᠮᠠᠨ ᠤ᠋ ᠬᠢ ᠶ᠋ᠢ ᠲᠣᠭᠣᠷᠢᠭᠠᠳ ᠥᠩᠭᠡᠷᠡᠨ᠎ᠡ ᠭᠡᠵᠦ ᠪᠣᠳᠣᠬᠤ ᠶ᠋ᠢᠨ ᠦᠭᠡᠢ ᠪᠠᠢᠬᠤ ᠶ᠋ᠢ ᠬᠥᠮᠦᠨ ᠪᠦᠷᠢ ᠭᠦᠨᠵᠡᠭᠡᠢ ᠤᠬᠠᠮᠰᠠᠷᠯᠠᠨ ᠣᠢᠯᠠᠭᠠᠬᠤ ᠤᠴᠢᠷ ᠲᠠᠢ᠃ ᠣᠯᠠᠨ ᠮᠢᠩᠭᠠᠨ ᠥᠬᠢᠳ ᠬᠥᠪᠡᠭᠦᠳ ᠭᠠᠳᠠᠭᠠᠳᠤ ᠳ᠋ᠤ᠌ ᠰᠤᠷᠤᠯᠴᠠᠵᠤ᠂ ᠮᠠᠨ ᠤ᠋ ᠢᠷᠭᠡᠳ ᠬᠡᠳᠦᠨ ᠵᠠᠭᠤ ᠪᠠᠷ ᠢ᠋ᠶ᠋ᠠᠨ ᠬᠢᠯᠢ ᠶ᠋ᠢᠨ ᠴᠢᠨᠠᠳᠤ ᠠᠶᠠᠯᠠᠯ ᠵᠢᠭᠤᠯᠴᠢᠯᠠᠯ᠂ ᠠᠮᠠᠷᠠᠯᠲᠠ᠂ ᠡᠮᠴᠢᠯᠡᠭᠡ᠂ ᠰᠤᠪᠢᠯᠭᠠᠨ ᠳ᠋ᠤ᠌ ᠶᠠᠪᠤᠵᠤ᠂ ᠭᠠᠳᠠᠭᠠᠳᠤ ᠶ᠋ᠢᠨ ᠣᠯᠠᠨ ᠮᠢᠩᠭᠠᠨ ᠢᠷᠭᠡᠳ ᠮᠠᠨ ᠤ᠋ ᠳ᠋ᠤ᠌ ᠢᠷᠡᠵᠦ ᠪᠠᠢᠭ᠎ᠠ ᠨᠢ ᠮᠠᠨ ᠤ᠋ ᠣᠷᠣᠨ ᠤ᠋ ᠢᠷᠭᠡᠨ ᠪᠦᠷᠢ ᠡᠴᠡ ᠥᠨᠳᠥᠷ ᠰᠣᠨᠣᠷ ᠰᠡᠷᠡᠮᠵᠢᠲᠡᠢ ᠪᠠᠢᠬᠤ ᠶ᠋ᠢ ᠵᠦᠢ ᠶᠣᠰᠣᠭᠠᠷ ᠱᠠᠭᠠᠷᠳᠠᠵᠤ ᠪᠠᠢᠨ᠎ᠠ᠃ ᠢᠯᠠᠩᠭᠤᠶ᠎ᠠ ᠭᠠᠳᠠᠭᠠᠳᠤ ᠳ᠋ᠤ᠌ ᠰᠤᠷᠤᠯᠴᠠᠳᠠᠭ ᠣᠶᠤᠲᠠᠨ ᠵᠠᠯᠠᠭᠤᠴᠤᠳ᠂ ᠶᠠᠪᠤᠭᠴᠢᠳ ᠲᠤ᠌ ᠡᠨᠡ ᠡᠪᠡᠳᠴᠢᠨ ᠦ᠌ ᠲᠠᠯ᠎ᠠ ᠪᠠᠷ ᠭᠣᠢᠳᠠ ᠣᠢᠯᠠᠭᠠᠭᠤᠯᠬᠤ ᠬᠡᠷᠡᠭᠲᠡᠢ ᠪᠣᠯᠵᠤ ᠪᠠᠢᠨ᠎ᠠ᠃ ᠠᠢᠽ ᠡᠪᠡᠳᠴᠢᠨ ᠬᠠᠮ ᠰᠢᠨᠵᠢ ᠪᠡᠷ ᠡᠭᠦᠰᠬᠦ ᠪᠥᠭᠡᠳ ᠰᠠᠳᠤᠷ ᠰᠠᠮᠠᠭᠤᠨ ᠶᠠᠪᠤᠳᠠᠯᠲᠠᠢ᠂ ᠲᠣᠭᠲᠠᠭᠰᠠᠨ ᠠᠮᠢᠳᠤᠷᠠᠯ ᠦᠭᠡᠢ᠂ ᠮᠠᠩᠰᠢᠭᠤᠷᠠᠭᠤᠯᠬᠤ ᠪᠣᠳᠠᠰ ᠤ᠋ᠨ ᠲᠤᠩ ᠲᠠᠢ᠂ ᠠᠷᠬᠠᠭ ᠠᠷᠢᠭᠴᠢᠢᠨ ᠬᠥᠮᠦᠰ ᠢᠯᠡᠭᠦᠦ ᠲᠡᠢ ᠡᠪᠡᠳᠴᠢᠯᠡᠵᠦ᠂ ᠬᠠᠯᠳᠠᠪᠤᠷᠢ ᠲᠠᠷᠬᠠᠭᠠᠭᠴᠢ ᠪᠣᠯᠵᠤ ᠪᠠᠢᠨ᠎ᠠ᠃ ᠠᠢᠽ ᠡᠪᠡᠳᠴᠢᠨ ᠬᠥᠮᠦᠨ ᠦ᠌ ᠴᠢᠰᠤ᠂ ᠦᠷ᠎ᠡ ᠶ᠋ᠢᠨ ᠪᠣᠯᠤᠨ ᠦᠲᠦᠷᠢᠶᠡᠨ ᠦ᠌ ᠰᠢᠩᠭᠡᠨ ᠵᠡᠷᠭᠡ ᠪᠡᠷ ᠵᠥᠪᠬᠡᠨ ᠬᠠᠪᠢᠲᠠᠯ ᠤ᠋ᠨ ᠵᠠᠮ ᠢ᠋ᠶ᠋ᠠᠷ ᠬᠠᠯᠳᠠᠳᠠᠭ ᠨᠢ ᠨᠢᠭᠡᠨᠲᠡ ᠲᠣᠳᠣᠷᠬᠠᠢ ᠪᠣᠯᠬᠣᠷ ᠡᠨᠡ ᠠᠶᠤᠯᠲᠤ ᠡᠪᠡᠳᠴᠢᠨ ᠡᠴᠡ ᠰᠡᠷᠭᠡᠢᠯᠡᠬᠦ ᠳ᠋ᠦ᠍ ᠮᠥᠨ ᠯᠡ ᠠᠵᠤ ᠲᠥᠷᠥᠬᠦ ᠶᠣᠰᠣ᠂ ᠵᠢᠷᠤᠮᠲᠤ ᠶᠣᠰᠣ ᠶ᠋ᠢ ᠴᠢᠩᠳᠠ ᠰᠠᠬᠢᠬᠤ᠂ ᠲᠡᠪᠴᠢᠶᠡᠷᠢᠲᠡᠢ ᠪᠠᠢᠬᠤ ᠠ᠋ᠴᠠ ᠥᠭᠡᠷ᠎ᠡ ᠠᠷᠭ᠎ᠠ ᠪᠠᠢᠬᠤ ᠦᠭᠡᠢ᠃ ᠬᠤᠪᠢ ᠬᠥᠮᠦᠨ ᠦ᠌ ᠪᠣᠯᠴᠢᠮ ᠦᠭᠡᠢ ᠵᠠᠩ᠂ ᠲᠡᠪᠴᠢᠶᠡᠷᠢ ᠠᠯᠳᠠᠭᠰᠠᠨ ᠭᠠᠭᠴᠠᠬᠠᠨ ᠦᠢᠯᠡᠳᠦᠯ ᠯᠡ ᠨᠢᠭᠡ ᠨᠠᠰᠤᠨ ᠤ᠋ ᠠᠮᠢᠳᠤᠷᠠᠯ ᠢ᠋ ᠪᠠᠯᠠᠯᠵᠤ᠂ ᠲᠡᠷᠡᠬᠦ ᠠᠶᠤᠮᠰᠢᠭ ᠢ᠋ ᠳᠡᠭᠡᠬᠡᠨ ᠠᠭᠤᠯᠤᠭᠴᠢ ᠪᠣᠯᠭᠠᠵᠤ᠂ ᠵᠥᠪᠬᠡᠨ ᠥᠨᠥ ᠮᠠᠷᠭᠠᠰᠢ ᠶ᠋ᠢᠨ ᠠᠮᠢ ᠨᠠᠰᠤᠨ ᠤ᠋ ᠪᠠᠨ ᠲᠥᠯᠥᠭᠡ ᠲᠡᠮᠡᠴᠡᠬᠦ ᠭᠣᠷᠢᠳᠠᠯᠭ᠎ᠠ ᠯᠠ ᠦᠯᠡᠳᠡᠨ᠎ᠡ᠃ ᠡᠢᠮᠦ ᠡᠴᠡ ᠬᠢᠯᠢ ᠶ᠋ᠢᠨ ᠰᠤᠷᠤᠯᠴᠠᠭᠴᠢ ᠪᠣᠯᠤᠨ ᠶᠠᠪᠤᠭᠴᠢ ᠬᠡᠨ ᠪᠣᠯᠪᠠᠴᠤ ᠠᠯᠢ ᠨᠢᠭᠡ ᠬᠥᠮᠦᠨ ᠲᠡᠢ ᠡᠷ᠎ᠡ ᠡᠮ᠎ᠡ ᠶ᠋ᠢᠨ ᠬᠠᠷᠢᠴᠠᠭ᠎ᠠ ᠲᠣᠭᠲᠠᠭᠠᠵᠤ᠂ ᠰᠠᠳᠤᠷ ᠰᠠᠮᠠᠭᠤᠨ ᠶᠠᠪᠤᠳᠠᠯ ᠤᠷᠤᠭᠤ ᠬᠠᠯᠲᠤᠷᠢᠨ ᠣᠷᠣᠪᠠᠯ ᠡᠨᠡ ᠠᠶᠤᠯᠲᠠᠢ ᠡᠪᠡᠳᠴᠢᠨ ᠢ᠋ᠶ᠋ᠡᠷ ᠡᠪᠡᠳᠴᠢᠯᠡᠵᠦ ᠪᠣᠯᠤᠨ᠎ᠠ ᠭᠡᠳᠡᠭ ᠢ᠋ ᠢᠮᠠᠭᠲᠠ ᠬᠠᠲᠠᠭᠤ ᠰᠠᠨᠠᠵᠤ᠂ ᠪᠡᠶ᠎ᠡ ᠪᠡᠨ ᠵᠥᠪ ᠠᠪᠴᠤ ᠶᠠᠪᠤᠬᠤ ᠬᠡᠷᠡᠭᠲᠡᠢ᠃ ᠲᠡᠭᠦᠨᠴᠢᠯᠡᠨ ᠣᠨᠴᠠ ᠶ᠋ᠢᠨ ᠬᠡᠷᠡᠭᠴᠡᠭᠡ ᠦᠭᠡᠢ ᠴᠢᠰᠤ᠂ ᠴᠢᠰᠤᠨ ᠤ᠋ ᠪᠡᠯᠡᠳᠦᠮᠡᠯ᠂ ᠲᠠᠷᠢᠶ᠎ᠠ ᠬᠢᠯᠭᠡᠬᠦ ᠦᠭᠡᠢ ᠪᠠᠢᠬᠤ᠂ ᠰᠢᠪᠡᠭᠡᠰᠦ ᠲᠠᠯᠪᠢᠭᠤᠯᠬᠤ᠂ ᠠᠷᠠᠰᠤ ᠰᠠᠯᠢᠰᠤ ᠳ᠋ᠠᠭᠠᠨ ᠭᠡᠮᠲᠦᠭᠡᠵᠦ ᠰᠢᠷᠬᠠᠲᠤᠭᠤᠯᠬᠤ ᠠ᠋ᠴᠠ ᠦᠷᠭᠦᠯᠵᠢᠳᠡ ᠪᠣᠯᠭᠣᠮᠵᠢᠯᠠᠭᠠᠷᠠᠢ᠃ ᠬᠡᠭᠡᠷ᠎ᠡ ᠶ᠋ᠢᠨ ᠭᠠᠯᠠᠭᠤ ᠨᠢᠰᠦᠭᠡᠳ ᠦᠯᠦ ᠬᠦᠷᠬᠦ ᠭᠠᠵᠠᠷ ᠡᠷᠳᠡᠮ ᠰᠤᠷᠬᠤ ᠪᠠᠷ ᠶᠠᠪᠤᠭ᠎ᠠ ᠵᠠᠯᠠᠭᠤᠰ ᠮᠢᠨᠢ ᠠ᠋! ᠲᠠ ᠨᠠᠷ ᠠᠷᠢᠬᠢ ᠳᠠᠷᠠᠰᠤ ᠶ᠋ᠢ ᠲᠡᠪᠴᠢᠵᠦ᠂《ᠬᠥᠮᠦᠨ ᠦ᠌ ᠭᠠᠵᠠᠷ ᠨᠡᠷ᠎ᠡ ᠪᠡᠨ᠂ ᠥᠪᠡᠷ ᠦ᠋ᠨ ᠭᠠᠵᠠᠷ ᠶᠠᠰᠤ ᠪᠠᠨ》 ᠭᠡᠳᠡᠭ ᠦᠭᠡ ᠶ᠋ᠢ ᠬᠠᠲᠠᠭᠤ ᠰᠠᠨᠠᠵᠤ ᠶᠠᠪᠤ᠃ ᠭᠡᠨᠡᠳᠡᠵᠦ ᠲᠡᠪᠴᠢᠶᠡᠷᠢ ᠠᠯᠳᠠᠪᠠᠯ ᠠᠶᠤᠯᠲᠤ ᠡᠪᠡᠳᠴᠢᠨ ᠳ᠋ᠦ᠍ ᠥᠷᠲᠥᠬᠦ ᠪᠣᠢ᠃ ᠭᠡᠪᠡᠴᠦ ᠬᠣᠵᠢᠮ ᠢ᠋ᠶ᠋ᠠᠨ ᠬᠡᠴᠢᠨᠡᠨ ᠭᠡᠮᠰᠢᠪᠡᠴᠦ ᠠᠮᠢ ᠨᠠᠰᠤ ᠴᠢᠨᠢ ᠠᠪᠤᠷᠠᠭᠳᠠᠬᠤ ᠦᠭᠡᠢ ᠳ᠋ᠦ᠍ ᠬᠦᠷᠬᠦ ᠪᠣᠯᠤᠨ᠎ᠠ᠃ ᠬᠥᠮᠦᠨ ᠲᠥᠷᠥᠯᠬᠢᠲᠡᠨ ᠳ᠋ᠦ᠍ ᠦᠬᠦᠯ ᠦ᠋ᠨ ᠬᠠᠷᠠᠩᠭ᠎ᠠ ᠳᠡᠯᠡᠳᠴᠦ ᠪᠣᠢ20 ᠳ᠋ᠤᠭᠠᠷ ᠵᠠᠭᠤᠨ ᠤ᠋ ᠲᠠᠬᠤᠯ ᠪᠣᠯᠤᠭᠰᠠᠨ ᠠᠢᠽ ᠡᠪᠡᠳᠴᠢᠨ ᠦ᠌ ᠬᠠᠯᠳᠠᠪᠤᠷᠢ ᠠᠪᠴᠤ᠂ ᠶᠣᠰᠣᠲᠠᠢ ᠲᠡᠭᠦᠨ ᠢ᠋ᠶ᠋ᠡᠷ ᠶᠠᠪᠤᠭᠰᠠᠨ ᠭᠠᠢ ᠶ᠋ᠢ ᠨᠠᠭᠠᠭᠤᠷ ᠳᠠᠯᠠᠯᠵᠤ ᠪᠠᠢᠭ᠎ᠠ ᠶᠤᠮ ᠰᠢᠭ᠋ ᠰᠠᠢᠬᠠᠨ ᠮᠣᠩᠭᠣᠯ ᠣᠷᠣᠨ᠂ ᠲᠦᠪᠰᠢᠨ ᠠᠮᠤᠭᠤᠯᠠᠩ ᠠᠷᠠᠳ ᠲᠦᠮᠡᠨ ᠳ᠋ᠡᠭᠡᠨ ᠪᠦᠦ ᠠᠪᠴᠢᠷᠠ!
