ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠨᠠᠢ᠍ᠮᠠ〕 Цаг төрийн үймээн – Д ᠂ Намдаг - Амьдралын зам ᠂ нэгдүгээр бүлэг - 18 ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠨᠠᠢ᠍ᠮᠠ〕 Цаг төрийн үймээн – Д ᠂ Намдаг - Амьдралын зам ᠂ нэгдүгээр бүлэг - 18

ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠨᠠᠢ᠍ᠮᠠ〕 Цаг төрийн үймээн – Д ᠂ Намдаг - Амьдралын зам ᠂ нэгдүгээр бүлэг - 18

ᠠᠩᠭᠢᠯᠠᠯ:ᠲᠤᠭᠤᠵᠢ ᠷᠣᠮᠠᠨ
2025-08-26

189

ᠪᠣᠳᠣᠭᠤᠰᠢᠲᠠᠢ ᠬᠡᠷᠡᠭ


       ᠪᠠᠯᠳᠠᠨᠴᠡᠷᠢᠩ ᠤᠯᠤᠰ ᠣᠷᠣᠨ ᠤ᠋ ᠪᠠᠨ ᠲᠤᠬᠠᠢ ᠣᠨᠴᠠᠯᠠᠨ ᠪᠣᠳᠣᠬᠤ ᠤᠴᠢᠷ ᠦᠵᠡᠰᠬᠦᠯᠡᠩᠲᠦ ᠡᠮᠡᠭᠲᠡᠢ ᠶ᠋ᠢᠨ ᠠᠰᠠᠭᠤᠳᠠᠯ ᠠᠶᠠᠨ ᠳ᠋ᠠᠭᠠᠨ ᠮᠠᠷᠲᠠᠭᠳᠠᠨ ᠣᠭᠣᠷᠴᠤ᠂ ᠰᠦᠬᠡᠪᠠᠭᠠᠲᠤᠷ ᠢ᠋ ᠰᠣᠨᠢᠷᠬᠠᠭᠰᠠᠨ ᠠᠰᠠᠭᠤᠳᠠᠯ ᠨᠢ ᠬᠡᠪ ᠢ᠋ᠶ᠋ᠡᠷ ᠦᠯᠡᠳᠡᠭᠰᠡᠨ ᠪᠠᠢᠯ᠎ᠠ᠃ ᠲᠡᠭᠡᠭᠡᠳ ᠭᠡᠷ ᠲᠡᠭᠡᠨ ᠢᠷᠡᠬᠦ ᠶ᠋ᠢ ᠤᠷᠢᠭᠰᠠᠨ ᠵᠤᠷᠪᠤᠰ ᠢ᠋ ᠪᠢᠴᠢᠬᠠᠨ ᠱᠠᠪᠢ ᠪᠠᠷ ᠢ᠋ᠶ᠋ᠠᠨ ᠶᠠᠪᠤᠭᠤᠯᠪᠠ᠃ ᠡᠭᠦᠨ ᠳ᠋ᠦ᠍ ᠡᠳᠦᠷ ᠳᠣᠳᠣᠮ ᠭᠠᠳᠠᠭᠰᠢ ᠭᠠᠷᠬᠤ ᠵᠠᠪᠰᠢᠶᠠᠨ ᠲᠣᠬᠢᠶᠠᠯᠳᠤᠭᠠᠰᠠᠢ ᠭᠡᠬᠦ ᠡᠴᠡ ᠰᠡᠳᠬᠢᠯ ᠨᠢ ᠵᠠᠭᠠᠲᠤᠨᠠᠬᠤ ᠪᠣᠯᠤᠭᠰᠠᠨ ᠱᠠᠪᠢ ᠲᠡᠰᠬᠡᠯ ᠦᠭᠡᠢ ᠪᠠᠶᠠᠷᠯᠠᠨ ᠶᠠᠪᠤᠪᠠ᠃ ᠢᠯᠠᠩᠭᠤᠶ᠎ᠠ ᠪᠠᠯᠳᠠᠨᠴᠡᠷᠢᠩ ᠰᠦᠬᠡᠪᠠᠭᠠᠲᠤᠷ ᠤ᠋ᠨ ᠬᠠᠮᠢᠭ᠎ᠠ ᠪᠠᠢᠳᠠᠭ ᠢ᠋ ᠬᠡᠨ ᠬᠥᠮᠦᠨ ᠡᠴᠡ ᠬᠠᠮᠢᠶ᠎ᠠ ᠦᠭᠡᠢ ᠠᠰᠠᠭᠤᠨ ᠰᠤᠷᠠᠭᠯᠠᠵᠤ ᠦᠯᠦ ᠪᠣᠯᠬᠤ ᠶ᠋ᠢ ᠬᠠᠲᠠᠭᠤ ᠳᠠᠭᠠᠭᠠᠯᠭᠠᠭᠰᠠᠨ ᠶᠠᠪᠤᠳᠠᠯ ᠰᠡᠳᠬᠢᠯ ᠢ᠋ ᠨᠢ ᠶᠡᠷᠦ ᠪᠤᠰᠤ ᠪᠠᠷ ᠬᠥᠳᠡᠯᠭᠡᠭᠰᠡᠨ ᠠᠵᠢ᠃ ᠥᠪᠡᠷ ᠡᠴᠡ ᠳᠡᠭᠦᠦ ᠨᠠᠰᠤᠨ ᠤ᠋ ᠬᠡᠦᠬᠡᠳ ᠪᠠᠭᠠᠴᠤᠳ ᠪᠤᠶᠤ ᠡᠰᠡᠪᠡᠯ ᠥᠨᠳᠥᠷ ᠨᠠᠰᠤᠲᠤ ᠡᠪᠦᠭᠡᠳ ᠡᠮᠡᠭᠡᠳ ᠡᠴᠡ ᠰᠤᠷᠠᠭᠯᠠᠨ ᠬᠣᠶᠠᠷ ᠡᠳᠦᠷ ᠭᠦᠶᠦᠭᠰᠡᠨ ᠦ᠌ ᠪᠡᠨ ᠡᠴᠦᠰ ᠲᠦ᠍ ᠨᠠᠮᠰᠠᠷᠠᠢ᠂ ᠰᠦᠬᠡᠪᠠᠭᠠᠲᠤᠷ ᠤ᠋ᠨ ᠭᠡᠷ ᠢ᠋ ᠠᠷᠠᠢᠬᠠᠨ ᠣᠯᠵᠤ ᠵᠤᠷᠪᠤᠰ ᠢ᠋ ᠨᠢ ᠭᠠᠷᠳᠠᠭᠤᠯᠤᠨ ᠥᠭᠪᠡ᠃ ᠬᠠᠷᠢᠭᠤ ᠳ᠋ᠤᠨᠢ ᠰᠦᠬᠡᠪᠠᠭᠠᠲᠤᠷ ᠭᠡᠷ ᠲᠦ᠋ᠨᠢ ᠣᠴᠢᠬᠤ ᠶ᠋ᠢ ᠲᠠᠲᠠᠭᠠᠯᠵᠠ᠂ ᠨᠠᠷᠠ ᠵᠢᠷᠭᠠᠬᠤ ᠶ᠋ᠢᠨ ᠡᠮᠦᠨ᠎ᠡ ᠳᠤᠮᠳᠠ ᠭᠣᠣᠯ ᠤ᠋ᠨ ᠬᠥᠪᠡᠭᠡᠨ ᠳᠡᠭᠡᠷ᠎ᠡ ᠠᠭᠤᠯᠵᠠᠶ᠎ᠠ ᠭᠡᠵᠡᠢ᠃ 
       ᠡᠭᠦᠨ ᠢ᠋ᠶ᠋ᠡᠷ ᠪᠣᠯ ᠰᠦᠬᠡᠪᠠᠭᠠᠲᠤᠷ᠂ ᠪᠠᠯᠳᠠᠨᠴᠡᠷᠢᠩ ᠦ᠋ᠨ ᠪᠣᠯᠵᠣᠭᠰᠠᠨ ᠭᠠᠵᠠᠷ ᠤᠷᠤᠭᠤ ᠶᠠᠪᠤᠵᠤ ᠪᠠᠢᠬᠤ ᠳ᠋ᠠᠭᠠᠨ ᠰᠦᠬᠡᠪᠠᠭᠠᠲᠤᠷ ᠤ᠋ᠨ ᠮᠠᠰᠢ ᠬᠢᠨᠠᠭᠤᠷ ᠬᠥᠳᠡᠯᠵᠦ ᠪᠠᠢᠭ᠎ᠠ ᠶ᠋ᠢ ᠪᠠᠬᠠᠳᠤᠨ ᠰᠠᠢᠰᠢᠶᠠᠬᠤ ᠲᠡᠳᠦᠢ ᠦᠭᠡᠢ ᠡᠢᠨ ᠬᠦ᠌ ᠨᠢᠭᠡᠨᠲᠡ ᠵᠣᠷᠢᠭᠰᠠᠨ ᠳ᠋ᠠᠭᠠᠨ ᠲᠡᠰᠪᠦᠷᠢ ᠬᠠᠲᠠᠭᠤᠵᠢᠯᠲᠠᠢ ᠵᠢᠳᠬᠦᠬᠦ ᠨᠢ ᠮᠠᠭᠠᠳ ᠭᠡᠵᠦ ᠪᠣᠳᠣᠵᠤ ᠶᠠᠪᠤᠯ᠎ᠠ᠃ 
       ᠭᠦᠦᠷ ᠳᠡᠭᠡᠷ᠎ᠡ ᠢᠷᠡᠬᠦ ᠳ᠋ᠦ᠍ ᠲᠡᠩᠬᠡᠬᠡᠷ ᠦᠰᠦᠲᠡᠢ ᠨᠢᠭᠡ ᠡᠬᠡᠨᠡᠷ᠂ ᠦᠶ᠎ᠡ ᠳᠠᠩ ᠤ᠋ᠨ ᠨᠠᠰᠤᠨ ᠤ᠋ ᠨᠢᠭᠡ ᠬᠠᠷ᠎ᠠ ᠬᠥᠮᠦᠨ ᠲᠡᠢ ᠭᠠᠷ ᠬᠡᠯᠬᠢᠯᠳᠤᠭᠦᠯᠦᠨ ᠬᠠᠰᠢᠭᠤᠷᠢ ᠳᠥᠰᠢᠨ ᠪᠥᠬᠥᠢᠵᠦ᠂ ᠬᠣᠰᠢᠭᠤ ᠬᠣᠯᠪᠣᠨ ᠰᠢᠪᠠᠷ ᠠᠪᠢᠷ ᠶᠠᠷᠢᠯᠴᠠᠨ᠎ᠠ᠃ ᠨᠥᠭᠦᠭᠡ ᠲᠠᠯ᠎ᠠ ᠶ᠋ᠢᠨ ᠬᠠᠰᠢᠭᠤᠷᠢ ᠳᠡᠭᠡᠷ᠎ᠡ ᠳᠥᠷᠪᠡᠯᠵᠢᠨ ᠲᠠᠯ᠎ᠠ ᠪᠣᠯᠭᠠᠨ ᠲᠣᠭᠣᠷᠴᠣᠭ ᠲᠠᠢ ᠬᠥᠬᠡ ᠴᠢᠰᠴᠡᠦ ᠳᠡᠪᠡᠯ ᠳᠡᠭᠡᠷ᠎ᠡ ᠥᠷᠭᠡᠨ ᠰᠢᠷ᠎ᠠ ᠳᠤᠷᠳᠤᠩ ᠪᠦᠰᠡ ᠣᠷᠢᠶᠠᠭᠰᠠᠨ ᠵᠠᠯᠠᠭᠤᠬᠠᠨ ᠡᠷ᠎ᠡ ᠲᠤᠭᠤᠰᠢ ᠲᠣᠩᠭᠣᠢᠨ ᠵᠣᠭᠰᠣᠨ᠎ᠠ᠃ ᠪᠠᠯᠳᠠᠨᠴᠡᠷᠢᠩ ᠲᠡᠭᠦᠨ ᠦ᠌ ᠭᠡᠵᠢᠭᠡ ᠦᠭᠡᠢ ᠶ᠋ᠢ ᠠᠵᠢᠬᠤ ᠲᠠᠢ ᠪᠠᠨ ᠵᠡᠷᠭᠡ ᠭᠠᠮᠢᠩ ᠤ᠋ᠨ ᠠᠯᠪᠠᠨ ᠤ᠋ ᠭᠠᠵᠠᠷ ᠠᠵᠢᠯ ᠬᠢᠳᠡᠭ ᠪᠠᠢᠵᠤ ᠮᠠᠭᠠᠳ ᠭᠡᠵᠦ ᠳᠣᠲᠣᠷ᠎ᠠ ᠰᠡᠵᠢᠭᠯᠡᠪᠡ᠃ ᠭᠡᠪᠡᠴᠦ ᠬᠡᠨ ᠴᠦ᠍ ᠪᠠᠢᠯ᠎ᠠ ᠭᠡᠰᠡᠨ ᠰᠡᠵᠢᠭ ᠠᠪᠤᠭᠤᠯᠬᠤ ᠦᠭᠡᠢ ᠪᠠᠢᠬᠤ ᠶ᠋ᠢᠨ ᠴᠢᠬᠤᠯᠠ ᠶ᠋ᠢ ᠰᠠᠨᠠᠬᠤ ᠳ᠋ᠠᠭᠠᠨ ᠠᠷᠪᠠᠭᠠᠳ ᠠᠯᠬᠤᠮ ᠤ᠋ᠨ ᠵᠠᠢᠲᠠᠢ ᠭᠠᠵᠠᠷ ᠤᠭ ᠬᠠᠰᠢᠭᠤᠷᠢ ᠶ᠋ᠢ ᠲᠦᠰᠢᠨ ᠵᠣᠭᠰᠣᠪᠠ᠃ ᠭᠦᠦᠷ ᠦ᠋ᠨ ᠳᠣᠣᠷᠠᠬᠢ ᠭᠥᠯᠢᠭᠡᠷ ᠮᠥᠰᠥ ᠶ᠋ᠢ ᠳᠡᠮᠡᠢ ᠰᠢᠷᠲᠡᠨ ᠪᠠᠢᠬᠤ ᠳ᠋ᠤ᠌ ᠠᠷᠤ ᠳ᠋ᠤ᠌ ᠪᠠᠢᠭ᠎ᠠ ᠡᠷ᠎ᠡ ᠡᠮ᠎ᠡ ᠬᠣᠶᠠᠷ ᠤ᠋ᠨ ᠰᠢᠪᠡᠨᠡᠭᠡᠨ ᠦᠷᠭᠦᠯᠵᠢᠯᠡᠨ ᠰᠣᠨᠣᠰᠤᠭᠳᠠᠨ᠎ᠠ᠃ ᠴᠣᠬᠣᠮ ᠶᠠᠭᠤ ᠬᠡᠯᠡᠯᠴᠡᠵᠦ ᠪᠠᠢᠭ᠎ᠠ ᠨᠢ ᠦᠯᠦ ᠮᠡᠳᠡᠭᠳᠡᠬᠦ ᠪᠣᠯᠪᠠᠴᠤ ᠬᠣᠶᠠᠭᠤᠯᠠ ᠶ᠋ᠢᠨ ᠬᠠᠮᠠᠷ ᠬᠦᠴᠦᠲᠡᠢ ᠱᠤᠤᠬᠢᠲᠤᠨᠠᠨ ᠢᠨᠠᠭ ᠤ᠋ᠨ ᠬᠠᠯᠠᠭᠤᠨ ᠳ᠋ᠤ᠌ ᠤᠬᠠᠭᠠᠨ ᠵᠢᠯᠣᠭᠣ ᠦᠭᠡᠢ ᠱᠤᠮᠪᠠᠭᠰᠠᠨ ᠢ᠋ ᠢᠯᠡᠷᠬᠡᠢᠯᠡᠨ᠎ᠡ᠃   
       ᠡᠮᠡᠭᠲᠡᠢ ᠶ᠋ᠢᠨ ᠳᠡᠷᠡᠭᠡᠷ ᠦᠰᠦ ᠪᠣᠯ ᠮᠡᠳᠡᠭᠡᠵᠢ ᠶ᠋ᠢᠨ ᠬᠡᠷᠡᠭ᠂ ᠪᠤᠰᠤᠳ ᠤ᠋ᠨ ᠡᠬᠡᠨᠡᠷ ᠪᠣᠯᠤᠭᠰᠠᠨ ᠤ᠋ ᠰᠢᠨᠵᠢ ᠲᠡᠮᠳᠡᠭ᠃ ᠲᠡᠭᠡᠭᠡᠳ ᠡᠨᠡ ᠪᠤᠰᠤᠳ ᠤ᠋ᠨ ᠡᠬᠡᠨᠡᠷ ᠡᠨᠳᠡ ᠬᠡᠨ ᠲᠡᠢ ᠪᠡᠨ ᠶᠠᠭᠤ ᠪᠠᠨ ᠬᠢᠵᠦ ᠶᠠᠪᠤᠭ᠎ᠠ ᠶᠤᠮ ᠪᠣᠢ? ᠡᠨᠡ ᠬᠠᠷ᠎ᠠ ᠬᠥᠮᠦᠨ ᠲᠡᠢ ᠢᠨᠠᠭ ᠠᠮᠠᠷᠠᠭ ᠪᠠᠢᠭᠰᠠᠨ ᠢ᠋ ᠨᠢ ᠰᠠᠯᠠᠭᠠᠨ ᠪᠤᠰᠤᠳ ᠲᠤ ᠪᠣᠭᠲᠣᠯᠠᠨ ᠰᠠᠭᠤᠯᠭᠠᠭᠰᠠᠨ ᠠ᠋ᠴᠠ ᠢᠩᠭᠢᠵᠦ ᠶᠠᠪᠤᠭ᠎ᠠ ᠨᠢ ᠮᠥᠨ ᠮᠡᠳᠡᠭᠡᠵᠢ ᠶ᠋ᠢᠨ ᠬᠡᠷᠡᠭ ᠪᠠᠢᠨ᠎ᠠ᠃ ᠭᠡᠪᠡᠴᠦ ᠬᠠᠢᠷ᠎ᠠ ᠳᠤᠷᠠᠯᠠᠯ ᠭᠡᠳᠡᠭ ᠬᠡᠴᠢᠨᠡᠭᠡᠨ ᠬᠠᠯᠠᠭᠤᠨ ᠪᠣᠯᠪᠠᠴᠤ ᠬᠥᠮᠦᠨ ᠪᠠᠰᠠ ᠢᠩᠭᠢᠵᠦ ᠤᠬᠠᠭᠠᠨ ᠵᠢᠯᠣᠭᠣ ᠦᠭᠡᠢ ᠶᠠᠭᠤᠮ᠎ᠠ ᠪᠣᠯᠬᠤ ᠭᠡᠵᠦ ᠤᠤ ᠭᠡᠵᠦ ᠪᠠᠯᠳᠠᠨᠴᠡᠷᠢᠩ ᠪᠣᠳᠣᠪᠠ᠃  
       ᠰᠦᠬᠡᠪᠠᠭᠠᠲᠤᠷ ᠢ᠋ ᠢᠷᠡᠬᠦ ᠳ᠋ᠦ᠍ ᠪᠠᠯᠳᠠᠨᠴᠡᠷᠢᠩ ᠬᠠᠵᠠᠭᠤ ᠶ᠋ᠢᠨ ᠵᠠᠯᠠᠭᠤ ᠠ᠋ᠴᠠ ᠪᠣᠯᠭᠣᠮᠵᠢᠯᠠᠨ᠄ 
       — ᠦᠭᠡᠢ ᠡᠨᠡ ᠴᠢᠨᠢ ᠲᠠᠨᠢᠳᠠᠭ ᠬᠥᠮᠦᠨ ᠪᠠᠢᠬᠤ ᠨᠢ ᠭᠡᠵᠦ ᠭᠠᠢᠬᠠᠭᠰᠠᠨ ᠴᠢᠷᠠᠢ ᠭᠠᠷᠭᠠᠨ ᠮᠡᠨᠳᠦ ᠮᠡᠳᠡᠪᠡ᠃ ᠰᠦᠬᠡᠪᠠᠭᠠᠲᠤᠷ ᠤᠴᠢᠷ ᠢ᠋ ᠮᠡᠳᠡᠨ ᠲᠠᠨᠢᠬᠤ ᠬᠥᠮᠦᠨ ᠦ᠌ ᠶᠣᠰᠣᠭᠠᠷ ᠬᠠᠷᠢᠭᠤ ᠮᠡᠨᠳᠦ ᠮᠡᠳᠡᠭᠡᠳ᠄ 
       — ᠲᠠ ᠡᠨᠳᠡ ᠶᠠᠭᠤ ᠬᠢᠵᠦ ᠶᠠᠪᠤᠨ᠎ᠠ? 
       — ᠵᠦᠭᠡᠷ᠃ ᠰᠠᠯᠬᠢᠨ ᠳ᠋ᠤ᠌ ᠭᠠᠷᠴᠤ ᠶᠠᠪᠤᠨ᠎ᠠ᠃ ᠲᠩᠷᠢ ᠲᠤᠩ ᠰᠠᠢᠬᠠᠨ ᠪᠠᠢᠨ᠎ᠠ ᠰᠢᠦ᠃  
       — ᠲᠡᠢᠮᠦ ᠪᠠᠢᠨ᠎ᠠ᠃ ᠪᠢ ᠴᠦ᠍ ᠰᠠᠯᠬᠢᠨ ᠳ᠋ᠤ᠌ ᠭᠠᠷᠴᠤ ᠶᠠᠪᠤᠨ᠎ᠠ᠃ ᠰᠦᠬᠡᠪᠠᠭᠠᠲᠤᠷ ᠬᠠᠵᠠᠭᠤ ᠶ᠋ᠢᠨ ᠵᠠᠯᠠᠭᠤ ᠶ᠋ᠢ ᠰᠠᠮ ᠠᠵᠢᠵᠤ ᠪᠠᠢᠭᠰᠠᠨ ᠢ᠋ᠶ᠋ᠠᠨ《ᠡᠨᠡ ᠶᠠᠭᠤᠨ ᠬᠥᠮᠦᠨ ᠪᠣᠢ?》 ᠭᠡᠬᠦ ᠪᠠᠢᠳᠠᠯ ᠢ᠋ᠶ᠋ᠠᠷ ᠪᠠᠯᠳᠠᠨᠴᠡᠷᠢᠩ ᠤᠷᠤᠭᠤ ᠬᠠᠷᠠᠪᠠ᠃ ᠬᠠᠷᠢᠭᠤ ᠳ᠋ᠤᠨᠢ ᠪᠠᠯᠳᠠᠨᠴᠡᠷᠢᠩ᠄
       —《ᠮᠡᠳᠡᠬᠦ ᠦᠭᠡᠢ》 ᠭᠡᠵᠦ ᠰᠠᠮ ᠬᠡᠯᠡᠪᠡ᠃ ᠨᠢᠭᠡ ᠬᠡᠰᠡᠭ ᠦᠭᠡ ᠲᠠᠰᠤᠷᠠᠬᠤ ᠳ᠋ᠤ᠌ ᠠᠷᠤ ᠶ᠋ᠢᠨ ᠬᠣᠶᠠᠷ ᠤ᠋ᠨ ᠱᠤᠤᠬᠢᠲᠤᠨᠠᠭᠠᠨ ᠤᠷᠢᠳ ᠠ᠋ᠴᠠ ᠠᠷᠠᠢ ᠴᠦ᠍ ᠢᠯᠡᠭᠦᠦ ᠲᠡᠢ ᠪᠣᠯᠬᠤ ᠰᠢᠭ᠋ ᠰᠣᠨᠣᠰᠤᠭᠳᠠᠨ᠎ᠠ ᠬᠠᠵᠠᠭᠤ ᠶ᠋ᠢᠨ ᠵᠠᠯᠠᠭᠤ ᠶ᠋ᠢ ᠯᠠᠪᠯᠠᠨ ᠠᠵᠢᠬᠤ ᠳ᠋ᠤ᠌ ᠦᠭᠡ ᠶᠠᠷᠢᠶ᠎ᠠ ᠰᠣᠨᠣᠰᠬᠤ ᠶ᠋ᠢᠨ ᠲᠥᠯᠥᠭᠡ ᠪᠦᠬᠦ ᠠᠩᠬᠠᠷᠤᠯ ᠢ᠋ᠶ᠋ᠠᠨ ᠲᠠᠯᠪᠢᠨ ᠴᠢᠬᠢ ᠰᠤᠩᠭᠠᠨ ᠪᠠᠢᠭ᠎ᠠ ᠰᠢᠭ᠋ ᠦᠵᠡᠭᠳᠡᠨ᠎ᠡ᠃ ᠡᠢᠮᠦ ᠳ᠋ᠦ᠍ ᠪᠠᠯᠳᠠᠨᠴᠡᠷᠢᠩ ᠵᠥᠪᠬᠡᠨ ᠬᠣᠶᠠᠷ ᠪᠡᠶ᠎ᠡ ᠳ᠋ᠡᠭᠡᠨ ᠣᠢᠯᠠᠭᠠᠭᠳᠠᠬᠤ ᠠᠷᠭ᠎ᠠ ᠪᠠᠷ ᠬᠡᠯᠡᠯᠴᠡᠬᠦ ᠶ᠋ᠢ ᠡᠷᠡᠮᠡᠯᠵᠡᠪᠡ᠃ 
       — ᠰᠡᠭᠦᠯ ᠦ᠋ᠨ ᠦᠶ᠎ᠡ ᠳ᠋ᠦ᠍ ᠮᠠᠨ ᠤ᠋ ᠪᠡᠶ᠎ᠡ ᠲᠤᠩ ᠮᠠᠭᠤ ᠪᠣᠯᠤᠭᠠᠳ ᠪᠠᠢᠭ᠎ᠠ ᠶ᠋ᠢ ᠲᠠ ᠳᠣᠭᠣᠯᠤᠭ᠎ᠠ ᠪᠢᠵᠡ ᠳᠡ᠃  
       — ᠦᠭᠡᠢ ᠬᠠᠷᠢᠨ ᠲᠡᠢᠮᠦ ᠭᠡᠰᠡᠨ᠂ ᠣᠳᠣ ᠦᠵᠡᠪᠡᠯ ᠴᠢᠷᠠᠢ ᠴᠢᠨᠢ ᠴᠦ᠍ ᠮᠠᠭᠤ ᠪᠠᠢᠨ᠎ᠠ᠃ ᠶᠠᠭᠠᠬᠢᠭᠠᠳ ᠡᠨᠡ ᠪᠣᠢ? 
       — ᠶᠠᠭᠠᠬᠢᠬᠤᠪ᠃ ᠡᠨᠡ ᠲᠩᠷᠢ ᠶ᠋ᠢᠨ ᠪᠠᠢᠳᠠᠯ᠂ ᠠᠯᠢ ᠨᠠᠮᠤᠷ ᠠ᠋ᠴᠠ ᠡᠬᠢᠯᠡᠨ ᠵᠢᠭᠲᠡᠢᠬᠡᠨ ᠪᠣᠯᠤᠭᠰᠠᠨ ᠠ᠋ᠴᠠ ᠯᠠ ᠪᠣᠯᠤᠯ᠎ᠠ᠃ 
       — ᠲᠡᠢᠮᠦ ᠠ᠋᠃ ᠡᠨᠡ ᠲᠩᠷᠢ ᠶ᠋ᠢᠨ ᠪᠠᠢᠳᠠᠯ ᠬᠥᠮᠦᠨ ᠪᠦᠷᠢ ᠶ᠋ᠢᠨ ᠪᠡᠶ᠎ᠡ ᠮᠠᠬᠠᠪᠣᠳ ᠢ᠋ ᠰᠦᠷᠡᠬᠡᠢ ᠬᠢᠮᠤᠷᠠᠯᠳᠤᠭᠤᠯᠵᠤ ᠪᠠᠢᠭ᠎ᠠ ᠶᠤᠮ᠃  ᠡᠭᠦᠨ ᠳ᠋ᠦ᠍ ᠶᠡᠷᠦ ᠶᠠᠭᠤ ᠰᠠᠢᠨ ᠪᠣᠯ? 
       — ᠬᠠᠷᠢᠨ ᠠ᠋᠃ ᠲᠠᠨ ᠤ᠋ ᠪᠣᠳᠣᠬᠤ ᠳ᠋ᠤ᠌ ᠶᠠᠭᠤ ᠬᠡᠷᠡᠭᠲᠡᠢ ᠭᠡᠵᠦ ᠪᠣᠳᠣᠵᠤ ᠪᠠᠢᠨ᠎ᠠ ᠪᠣᠢ?  
       —《ᠪᠣᠳᠣᠪᠠᠴᠤ ᠪᠤᠲᠠ ᠶ᠋ᠢᠨ ᠰᠢᠭᠢᠷ᠎ᠡ ᠳᠥᠷᠪᠡ》 ᠭᠡᠭᠴᠢ ᠪᠡᠷ ᠤᠬᠠᠭᠠᠨ ᠳ᠋ᠤ᠌ ᠣᠷᠣᠭᠰᠠᠨ ᠴᠤ᠌ ᠶᠠᠭᠤᠮ᠎ᠠ ᠶᠠᠭᠤ ᠴᠦ᠍ ᠦᠭᠡᠢ ᠳᠡᠮᠡᠢ ᠭᠠᠢᠬᠠᠬᠤ ᠳ᠋ᠠᠭᠠᠨ ᠬᠡᠪᠲᠡᠭᠡᠳ ᠯᠡ ᠪᠠᠢᠭ᠎ᠠ᠃ 
       — ᠬᠡᠪᠲᠡᠬᠦ ᠳᠡᠮᠡᠢ᠃ ᠪᠦᠷ ᠳᠣᠷᠣᠢᠲᠠᠨ᠎ᠠ᠃ ᠲᠡᠭᠡᠭᠰᠡᠨ ᠳ᠋ᠦ᠍ ᠣᠷᠣᠪᠠᠯ ᠲᠠ ᠶᠠᠳᠠᠵᠤ ᠭᠠᠳᠠᠭᠤᠷ ᠳᠣᠲᠣᠭᠤᠷ ᠶᠠᠪᠤ᠃ ᠡᠷᠡᠭᠦᠯ ᠠᠭᠠᠷ ᠠᠮᠢᠰᠬᠤᠯ! ᠬᠡᠷᠪᠡ ᠪᠣᠯᠤᠯᠴᠠᠭ᠎ᠠ ᠪᠠᠢᠪᠠᠯ ᠠᠯᠤᠰ ᠲᠤ ᠭᠠᠷᠤᠨ ᠴᠣ ᠰᠢᠨ᠎ᠡ ᠠᠭᠠᠷ ᠠᠮᠢᠰᠬᠤᠯᠯᠠᠪᠠᠯ ᠨᠢᠭᠡ ᠤᠴᠢᠷ ᠣᠯᠳᠠᠨ᠎ᠠ ᠪᠣᠢ᠃ ᠬᠠᠰᠢᠷ ᠬᠥᠮᠦᠨ ᠴᠦ᠍ ᠢᠩᠭᠢᠪᠡᠯ ᠳᠡᠭᠡᠷ᠎ᠡ ᠭᠡᠳ ᠪᠠᠢᠭ᠎ᠠ ᠶᠤᠮ᠃  
       ᠪᠠᠯᠳᠠᠨᠴᠡᠷᠢᠩ《ᠬᠠᠰᠢᠷ ᠬᠥᠮᠦᠨ》 ᠭᠡᠳᠡᠭ ᠦ᠋ᠨ ᠨᠢᠭᠡ ᠨᠢ ᠵᠠᠮᠢᠶᠠᠨ᠂《ᠠᠯᠤᠰ ᠲᠤ》 ᠭᠡᠳᠡᠭ ᠨᠢ ᠭᠠᠳᠠᠭᠠᠳᠤ ᠠ᠋ᠴᠠ ᠲᠤᠰᠠᠯᠠᠮᠵᠢ ᠭᠤᠶᠤᠬᠤ ᠬᠡᠷᠡᠭ ᠭᠡᠵᠦ ᠳᠣᠲᠣᠷ᠎ᠠ ᠪᠠᠨ ᠳᠠᠭᠠᠪᠤᠷᠢᠯᠠᠪᠠ᠃  
       — ᠠᠯᠤᠰ ᠲᠤ ᠶᠠᠪᠤᠵᠤ ᠪᠣᠯᠤᠨ᠎ᠠ᠃ ᠭᠡᠪᠡᠴᠦ ᠬᠠᠮᠢᠭᠠᠰᠢ ᠪᠠᠨ ᠶᠠᠪᠤᠬᠤ ᠪᠣᠢ? ᠭᠡᠬᠦ ᠳ᠋ᠦ᠍ ᠰᠦᠬᠡᠪᠠᠭᠠᠲᠤᠷ᠄ 
       — ᠠᠭᠤᠯᠠ᠂ ᠤᠰᠤ᠂ ᠣᠢ ᠮᠣᠳᠣ ᠡᠯᠪᠡᠭ ᠲᠡᠢ ᠬᠣᠢᠲᠤ ᠵᠦᠭ ᠪᠠᠢᠨ᠎ᠠ ᠭᠡᠳ ᠨᠡᠮᠡᠨ ᠲᠠᠢᠯᠪᠤᠷᠢᠯᠠᠬᠤ ᠳ᠋ᠠᠭᠠᠨ᠄ ᠦᠭᠡᠢ ᠶᠠᠭᠤ ᠭᠡᠪᠡ ᠠ᠋? ᠬᠣᠢᠲᠤ ᠵᠦᠭ ᠲᠦ᠍ ᠦᠦᠷ ᠦ᠋ᠨ ᠤᠯᠠᠭᠠᠨ ᠲᠤᠶᠠᠭ᠎ᠠ ᠲᠠᠲᠠᠭᠰᠠᠨ ᠭᠡᠪᠡ ᠤᠤ? ᠲᠠ ᠡᠨᠡ ᠲᠤᠬᠠᠢ ᠳᠤᠭᠤᠯᠤᠯ᠎ᠠ ᠯᠠ ᠪᠢᠵᠡ ᠳᠡ? 
       — ᠲᠤᠭᠤᠯᠤᠭᠰᠠᠨ᠃ ᠡᠨᠡ ᠴᠦ᠍ ᠣᠳᠣ ᠬᠣᠶᠠᠷ ᠵᠢᠯ ᠦ᠋ᠨ ᠡᠮᠦᠨ᠎ᠡ ᠰᠢᠦ ᠳᠡ᠃ ᠲᠡᠷᠡ ᠴᠠᠭ ᠲᠤ ᠬᠥᠮᠦᠨ ᠮᠠᠭᠤ ᠢᠷᠣ᠎ᠠ ᠯᠠ ᠶᠤᠮ ᠭᠡᠵᠦ ᠱᠠᠭᠰᠢᠶᠠᠨ ᠱᠤᠤᠭᠢᠶᠠᠨ ᠲᠠᠯᠪᠢᠵᠤ ᠪᠠᠢᠯ᠎ᠠ᠃  
       — ᠲᠡᠷᠡ ᠴᠦ᠍ ᠳᠡᠮᠡᠢ ᠶᠠᠷᠢᠨ᠎ᠠ᠃ ᠤᠯᠠᠭᠠᠨ ᠲᠤᠶᠠᠭᠠᠨ ᠤ᠋ ᠦᠳᠡᠰᠢ ᠶ᠋ᠢᠨ ᠬᠢ ᠶ᠋ᠢ ᠮᠠᠭᠤ᠂ ᠦᠦᠷ ᠦ᠋ᠨ ᠬᠢ ᠶ᠋ᠢ ᠰᠠᠢᠨ ᠭᠡᠳᠡᠭ ᠰᠢᠦ ᠳᠡ᠃ 
       — ᠠ ᠲᠡᠢᠮᠦ ᠤᠤ᠃ ᠰᠣᠨᠢᠨ ᠬᠡᠷᠡᠭ ᠪᠠᠢᠨ᠎ᠠ ᠳᠠ᠃ 
       ᠪᠠᠯᠳᠠᠨᠴᠡᠷᠢᠩ ᠦ᠋ᠨ ᠮᠥᠷᠦᠨ ᠳᠡᠭᠡᠷ᠎ᠡ ᠨᠢᠭᠡ ᠬᠥᠮᠦᠨ ᠰᠢᠷᠦᠭᠦᠨ ᠢ᠋ᠶ᠋ᠡᠷ ᠴᠣᠬᠢᠨ ᠭᠡᠳᠡᠷᠭᠦ ᠲᠠᠲᠠᠪᠠ᠃ ᠡᠷᠭᠢᠨ ᠬᠠᠷᠠᠬᠤ ᠳ᠋ᠤ᠌ ᠨᠢᠭᠤᠷ ᠲᠠᠭᠠᠨ ᠣᠪᠣ ᠳᠣᠪᠣ ᠴᠣᠬᠣᠷ ᠲᠠᠢ᠂ ᠡᠭᠦᠳᠡᠨ ᠰᠢᠲᠦ ᠨᠦ᠍ᠭᠦᠳ ᠨᠢ ᠣᠷᠰᠣᠭᠣᠢ ᠨᠢᠮᠠᠵᠠᠪ ᠪᠠᠢᠰᠠ ᠭᠡᠭᠴᠢ ᠪᠠᠢᠯ᠎ᠠ᠃  
       ᠨᠢᠮᠠᠵᠠᠪ ᠪᠠᠯᠳᠠᠨᠴᠡᠷᠢᠩ ᠲᠡᠢ ᠠᠯᠲᠠᠨ ᠮᠡᠨᠳᠦᠯᠡᠭᠡᠳ ᠳᠠᠷᠠᠭ᠎ᠠ ᠨᠢ ᠰᠦᠬᠡᠪᠠᠭᠠᠲᠤᠷ ᠢ᠋ ᠬᠠᠷᠠᠨ᠄ 
       — ᠬᠡ  ᠠ᠋᠂ ᠪᠠᠭᠠᠲᠤᠷ! ᠵᠠ ᠮᠠᠨ ᠤ᠋ ᠪᠠᠭᠠᠲᠤᠷ ᠰᠣᠨᠢᠨ ᠶᠠᠭᠤ ᠪᠠᠢᠨ᠎ᠠ? ᠭᠡᠵᠦ ᠮᠥᠨ ᠯᠡ ᠲᠠᠨᠢᠮᠠᠬᠠᠢᠷᠠᠭᠰᠠᠨ ᠢ᠋ᠶ᠋ᠠᠨ᠄ ᠵᠠ ᠲᠡᠭᠡᠭᠡᠳ ᠮᠡᠳᠡᠵᠦ ᠪᠠᠢᠭ᠎ᠠ ᠪᠢᠵᠡ ᠳᠡ᠃ ᠡᠨᠡ ᠮᠠᠭᠤ ᠰᠠᠢᠨ ᠭᠠᠮᠢᠩ ᠤ᠋ᠳ ᠲᠣᠯᠣᠭᠠᠢ ᠳᠡᠭᠡᠷ᠎ᠡ ᠮᠠᠨᠢ ᠭᠠᠷᠴᠤ ᠭᠦᠢᠴᠡᠵᠦ ᠪᠠᠢᠭ᠎ᠠ ᠶ᠋ᠢ᠃ ᠡᠨᠡ ᠲᠤᠬᠠᠢ ᠪᠢ ᠪᠣᠭᠳᠠ ᠳ᠋ᠤ᠌ ᠪᠠᠷᠠᠯᠬᠠᠬᠤ ᠭᠡᠰᠡᠨ ᠴᠢᠨᠢ ᠣᠷᠣᠢᠲᠠᠵᠤ ᠣᠷᠬᠢᠭᠠᠳ ᠴᠢᠳᠠᠭᠰᠠᠨ ᠦᠭᠡᠢ ᠭᠡᠵᠦ ᠥᠪᠡᠷ ᠦ᠋ᠨ ᠢ᠋ᠶ᠋ᠡᠨ ᠲᠡᠷᠡ ᠬᠡᠷᠡᠭ ᠢ᠋ ᠳᠠᠶᠠᠩ ᠳᠡᠯᠡᠬᠡᠢ ᠳ᠋ᠦ᠍ ᠮᠡᠳᠡᠭᠳᠡᠬᠦ ᠭᠡᠰᠡᠨ ᠶᠦᠮ ᠰᠢᠭ ᠬᠠᠷ᠎ᠠ ᠲᠡᠩᠬᠡᠭᠡ ᠪᠡᠷ ᠢ᠋ᠶ᠋ᠡᠨ ᠬᠠᠰᠬᠢᠴᠢᠨ ᠶᠠᠷᠢᠪᠠ᠃ ᠡᠭᠦᠨ ᠳ᠋ᠦ᠍ᠨᠢ ᠬᠥᠮᠦᠨ ᠪᠦᠷ ᠰᠣᠴᠢᠨ ᠥᠪᠡᠷ ᠢ᠋ ᠨᠢ ᠠᠵᠢᠬᠤ ᠠᠵᠢ᠃ ᠲᠡᠷᠡ ᠳᠤᠮᠳᠠ ᠠ᠋ᠴᠠ ᠪᠠᠯᠳᠠᠨᠴᠡᠷᠢᠩ ᠣᠨᠴᠠ ᠰᠣᠴᠢᠨ᠂ ᠬᠠᠵᠠᠭᠤ ᠶ᠋ᠢᠨ ᠰᠡᠵᠢᠭᠯᠡᠯᠲᠡᠢ ᠵᠠᠯᠠᠭᠤ ᠶ᠋ᠢ ᠰᠠᠮ ᠵᠢᠭᠠᠨ ᠴᠠᠭᠠᠰᠢ ᠶᠠᠷᠢᠬᠤ ᠶ᠋ᠢ ᠬᠣᠷᠢᠭᠯᠠᠭᠰᠠᠨ ᠳ᠋ᠤ᠌ ᠨᠢᠮᠠᠵᠠᠪ ᠴᠢᠷᠠᠢ ᠬᠤᠪᠢᠷᠠᠭᠠᠨ ᠵᠠᠯᠠᠭᠤ ᠶ᠋ᠢᠨ ᠳᠡᠷᠭᠡᠳᠡ ᠣᠴᠢᠨ᠄ 
       — ᠴᠢ ᠬᠡᠨ ᠪᠣᠢ? ᠶᠠᠭᠤ ᠪᠣᠯᠤᠭᠠᠳ ᠴᠢ ᠬᠥᠮᠦᠨ ᠦ᠌ ᠶᠠᠷᠢᠶ᠎ᠠ ᠴᠢᠩᠨᠠᠨ᠎ᠠ ᠪᠢᠯᠡ? ᠭᠡᠵᠦ ᠰᠢᠭᠤᠳ ᠣᠮᠣᠭᠳᠠᠨ ᠬᠡᠷᠡᠭᠦᠯ ᠥᠳᠥᠭᠡᠪᠡ᠃ ᠢᠩᠭᠢᠬᠦ ᠳ᠋ᠦ᠍ ᠲᠡᠷᠡ ᠦᠭᠡ ᠳᠠᠭᠤ ᠦᠭᠡᠢ ᠠᠶᠤᠨ ᠴᠡᠴᠡᠷᠡᠵᠡᠢ᠃ 
       — ᠪᠢ ᠮᠡᠳᠡᠵᠦ ᠪᠠᠢᠨ᠎ᠠ᠃ ᠴᠢ ᠭᠠᠮᠢᠩ ᠤ᠋ᠨ ᠲᠠᠩᠨᠠᠭᠤᠯ᠃ ᠤᠳᠠᠬᠤ ᠦᠭᠡᠢ ᠲᠡᠷᠡ ᠭᠠᠮᠢᠨᠩ ᠤ᠋ᠳ ᠲᠠᠢ ᠪᠠᠨ ᠦᠨᠡᠰᠦᠨ ᠴᠢᠨᠳᠠᠷᠤᠤ ᠪᠣᠯᠤᠨ ᠬᠡᠢᠰᠬᠦ ᠶ᠋ᠢ ᠴᠢ ᠮᠡᠳᠡᠵᠦ ᠪᠠᠢᠨ᠎ᠠ ᠤᠤ? ᠲᠣᠨᠢᠯ ᠡᠨᠳᠡ ᠡᠴᠡ᠃ ᠡᠰᠡᠬᠦᠯ᠎ᠡ ᠴᠢ ᠴᠢᠰᠤ ᠪᠠᠨ ᠬᠣᠯᠢᠭᠤᠯᠬᠤ ᠴᠢᠨᠢ ᠳᠤᠲᠠᠭᠠᠳ ᠪᠠᠢᠨ᠎ᠠ ᠤᠤ? ᠭᠡᠵᠦ ᠨᠢᠮᠠᠵᠠᠪ ᠬᠠᠨᠴᠤᠢ ᠰᠢᠮᠡᠯᠡᠨ ᠳᠠᠪᠰᠢᠯᠠᠪᠠ᠃ ᠥᠨᠥᠬᠢ ᠵᠠᠯᠠᠭᠤ ᠦᠭᠡ ᠳᠠᠭᠤ ᠦᠭᠡᠢ ᠵᠢᠭᠤᠲᠠᠯ᠎ᠠ᠂ ᠠᠷᠤ ᠳ᠋ᠤ᠌ ᠪᠠᠢᠭᠰᠠᠨ ᠡᠷ᠎ᠡ ᠡᠮ᠎ᠡ ᠬᠣᠶᠠᠷ ᠴᠤ᠌ ᠵᠠᠢᠯᠠᠨ ᠣᠳᠤᠭᠰᠠᠨ ᠪᠠᠢᠪᠠ᠃ 
       ᠶᠡᠷᠦ ᠨᠢᠮᠠᠵᠠᠪ ᠤ᠋ᠨ ᠡᠨᠡ ᠬᠡᠷᠴᠡᠭᠡᠢ ᠪᠣᠯᠤᠭᠠᠳ ᠪᠣᠯᠭᠣᠮᠵᠢᠯᠠᠨ ᠰᠡᠷᠭᠡᠢᠯᠡᠬᠦ ᠤᠬᠠᠭᠠᠨ ᠦᠭᠡᠢ ᠶᠠᠪᠤᠳᠠᠯ ᠪᠠᠯᠳᠠᠨᠴᠡᠷᠢᠩ ᠳ᠋ᠦ᠍ ᠮᠥᠨ ᠵᠠᠢᠯᠠᠨ ᠣᠳᠬᠤ ᠡᠷᠡᠮᠡᠯᠵᠡᠯ ᠲᠥᠷᠥᠭᠦᠯᠪᠡ᠃ 
       — ᠦᠭᠡᠢ᠂ ᠡᠨᠡ ᠴᠢᠨᠢ ᠨᠠᠷᠠ ᠵᠢᠷᠭᠠᠵᠤ ᠪᠠᠢᠬᠤ ᠨᠢ ᠶᠠᠭᠤ ᠪᠣᠢ? ᠬᠠᠷᠢᠯ ᠦᠭᠡᠢ ᠭᠣᠷᠢ ᠦᠭᠡᠢ᠃ ᠵᠠ ᠡᠷᠬᠢᠮ ᠦ᠋ᠳ ᠠᠮᠤᠭᠤᠯᠠᠩ ᠮᠣᠷᠢᠯᠠᠵᠠᠭᠠᠷᠠᠢ! ᠭᠡᠬᠦ ᠳ᠋ᠦ᠍ ᠰᠦᠬᠡᠪᠠᠭᠠᠲᠤᠷ᠄ 
       — ᠵᠠ᠂ ᠵᠠ᠃ ᠲᠠ ᠶᠠᠭᠤ ᠴᠦ᠍ ᠠᠲᠤᠭᠠᠢ ᠪᠡᠶ᠎ᠡ ᠶ᠋ᠢᠨ ᠢ᠋ᠶ᠋ᠡᠨ ᠮᠠᠭᠤ ᠪᠠᠢᠭ᠎ᠠ ᠶ᠋ᠢᠨ ᠬᠤᠪᠢ ᠳ᠋ᠤ᠌ ᠮᠠᠷᠭᠠᠰᠢ ᠳᠠᠬᠢᠨ ᠨᠢᠭᠡ ᠭᠠᠳᠠᠭᠤᠷ ᠶᠠᠪᠤᠵᠤ ᠦᠵᠡ! ᠡᠳᠦᠷ ᠳᠤᠮᠳᠠ ᠶ᠋ᠢᠨ ᠦᠶ᠎ᠡ ᠪᠡᠷ ᠵᠡᠭᠦᠨ ᠰᠡᠯᠪᠢ ᠶ᠋ᠢᠨ ᠠᠭᠠᠷ ᠢ᠋ ᠣᠨᠴᠠ ᠰᠠᠢᠨ ᠭᠡᠳᠡᠭ ᠰᠢᠦ ᠭᠡᠪᠡ᠃ ᠡᠨᠡ ᠨᠢ ᠮᠠᠷᠭᠠᠰᠢ ᠡᠨᠳᠡ ᠠᠭᠤᠯᠵᠠᠶ᠎ᠠ ᠭᠡᠰᠡᠨ ᠦᠭᠡ ᠪᠣᠯᠬᠤ ᠶ᠋ᠢ ᠪᠠᠯᠳᠠᠨᠴᠡᠷᠢᠩ ᠲᠣᠳᠣᠷᠬᠠᠢ ᠣᠢᠯᠠᠭᠠᠵᠤ《ᠵᠠ᠂ ᠵᠠ》 ᠭᠡᠳ ᠶᠠᠪᠤᠪᠠ᠃  
       ᠬᠠᠷᠢᠬᠤ ᠵᠠᠮ ᠳ᠋ᠠᠭᠠᠨ ᠪᠠᠯᠳᠠᠨᠴᠡᠷᠢᠩ᠂ ᠰᠦᠬᠡᠪᠠᠭᠠᠲᠤᠷ ᠤ᠋ᠨ ᠬᠡᠯᠡᠭᠰᠡᠨ ᠦᠭᠡ ᠪᠦᠷᠢ ᠶ᠋ᠢ ᠡᠷᠭᠢᠴᠡᠭᠦᠯᠦᠨ ᠬᠢᠨᠠᠪᠠ᠃《ᠬᠣᠢᠲᠤ ᠵᠦᠭ ᠲᠦ᠍ ᠦᠦᠷ ᠦ᠋ᠨ ᠤᠯᠠᠭᠠᠨ ᠲᠤᠶᠠᠭ᠎ᠠ ᠲᠠᠲᠠᠭᠰᠠᠨ》 ᠭᠡᠳᠡᠭ ᠨᠢ ᠣᠷᠣᠰ ᠲᠤ ᠭᠠᠷᠤᠭᠰᠠᠨ ᠬᠤᠪᠢᠰᠬᠠᠯ ᠢ᠋ ᠳᠤᠷᠠᠳᠤᠭᠰᠠᠨ ᠠᠵᠢ᠃ ᠲᠦᠷᠦᠭᠦᠨ ᠴᠦ᠍ ᠮᠥᠨ ᠢᠩᠭᠢᠵᠦ ᠳᠠᠭᠠᠪᠤᠷᠢᠯᠠᠭᠰᠠᠨ ᠪᠢᠯᠡ᠃ ᠭᠡᠪᠡᠴᠦ ᠪᠠᠯᠳᠠᠨᠴᠡᠷᠢᠩ ᠮᠣᠩᠭᠣᠯ ᠣᠷᠣᠨ ᠣᠷᠣᠰ ᠢ᠋ ᠬᠡᠵᠢᠶ᠎ᠡ ᠴᠦ᠍ ᠢᠲᠡᠭᠡᠵᠦ ᠪᠣᠯᠬᠤ ᠦᠭᠡᠢ ᠭᠡᠵᠦ ᠪᠣᠳᠣᠳᠠᠭ ᠲᠤᠯᠠ ᠪᠢ ᠪᠤᠷᠤᠭᠤ ᠣᠢᠯᠠᠭᠠᠭᠰᠠᠨ ᠶᠤᠮ ᠪᠣᠯᠪᠠ ᠤᠤ ᠭᠡᠵᠦ ᠡᠷᠡᠭᠡᠯᠵᠡᠨ᠎ᠡ᠃ ᠶᠠᠭᠤ ᠴᠦ᠍ ᠠᠲᠤᠭᠠᠢ ᠮᠠᠷᠭᠠᠰᠢ ᠰᠦᠬᠡᠪᠠᠭᠠᠲᠤᠷ ᠲᠠᠢ ᠨᠢᠭᠤᠷ ᠤᠴᠠᠷᠠᠨ ᠬᠡᠯᠡᠯᠴᠡᠬᠦ ᠳ᠋ᠦ᠍ ᠪᠦᠬᠦ ᠶᠠᠪᠤᠳᠠᠯ ᠠᠶᠠᠨᠳᠠᠭᠠᠨ ᠲᠣᠳᠣᠷᠬᠠᠢ ᠪᠣᠯᠬᠤ ᠰᠢᠦ ᠳᠡ ᠭᠡᠵᠦ ᠪᠣᠳᠣᠨ᠎ᠠ᠃ 
       ᠮᠠᠷᠭᠠᠰᠢ ᠨᠢ ᠪᠠᠯᠳᠠᠨᠴᠡᠷᠢᠩ ᠵᠡᠭᠦᠨ ᠰᠡᠯᠪᠢ ᠳᠡᠭᠡᠷ᠎ᠡ ᠰᠦᠬᠡᠪᠠᠭᠠᠲᠤᠷ ᠲᠠᠢ ᠠᠭᠤᠯᠵᠠᠪᠠ᠃ ᠭᠣᠣᠯ ᠤ᠋ᠨ ᠭᠥᠯᠢᠭᠡᠷ ᠮᠥᠰᠥᠨ ᠦ᠌ ᠵᠠᠬ᠎ᠠ ᠶ᠋ᠢ ᠪᠠᠷᠢᠨ ᠥᠭᠰᠥᠨ ᠶᠠᠪᠤᠬᠤ ᠳ᠋ᠤ᠌ ᠠᠭᠠᠷ ᠲᠤᠩᠭᠠᠯᠠᠭ᠂ ᠬᠥᠮᠦᠨ ᠠᠮᠢᠲᠠᠨ ᠦᠭᠡᠢ ᠰᠡᠯᠡᠭᠦᠬᠡᠨ ᠪᠠᠢᠪᠠ᠃ 
       — ᠣᠳᠣ ᠴᠠᠭ ᠲᠤ ᠪᠢᠳᠡ ᠡᠨᠳᠡ ᠥᠮᠥᠭ ᠲᠦᠰᠢᠭ ᠪᠣᠯᠬᠤ ᠤᠯᠤᠰ ᠭᠠᠭᠴᠠᠬᠠᠨ ᠣᠷᠣᠰ ᠯᠠ ᠪᠠᠢᠨ᠎ᠠ ᠳᠠ ᠭᠡᠵᠦ ᠰᠦᠬᠡᠪᠠᠭᠠᠲᠤᠷ ᠤ᠋ᠨ ᠬᠡᠯᠡᠬᠦ ᠳ᠋ᠦ᠍ ᠪᠠᠯᠳᠠᠨᠴᠡᠷᠢᠩ᠄ 
       — ᠣᠷᠣᠰ ᠭᠡᠵᠦ ᠤᠤ? ᠣᠷᠣᠰ ᠤ᠋ᠨ ᠢ᠋ᠶ᠋ᠠᠨ ᠰᠢᠨᠵᠢ ᠴᠢᠨᠠᠷ ᠢ᠋ ᠪᠢᠳᠡ ᠮᠡᠳᠡᠬᠦ ᠦᠭᠡᠢ ᠰᠢᠦ ᠳᠡ ᠭᠡᠵᠦ ᠭᠤᠨᠢᠭᠲᠠᠢᠬᠠᠨ ᠢ᠋ᠶ᠋ᠠᠷ ᠬᠡᠯᠡᠪᠡ᠃ 
       — ᠲᠡᠢᠮᠦ ᠠ᠋᠃ ᠣᠷᠣᠰ ᠢ᠋ ᠪᠢᠳᠡ ᠮᠡᠳᠡᠨ᠎ᠡ᠃ ᠭᠡᠪᠡᠴᠦ ᠣᠳᠣ ᠶ᠋ᠢᠨ ᠣᠷᠣᠰ ᠤᠷᠢᠳᠤ ᠶ᠋ᠢᠨ ᠬᠢ ᠡᠴᠡ ᠪᠡᠨ ᠥᠭᠡᠷ᠎ᠡ ᠭᠡᠳ ᠰᠦᠬᠡᠪᠠᠭᠠᠲᠤᠷ ᠤᠺᠲ᠋ᠢᠶᠠᠪᠡᠷ ᠦ᠋ᠨ ᠬᠤᠪᠢᠰᠬᠠᠯ ᠢ᠋ᠶ᠋ᠠᠷ ᠢᠯᠠᠨ ᠳᠡᠢᠯᠦᠭᠰᠡᠨ ᠣᠷᠣᠰ ᠤ᠋ᠨ ᠠᠵᠢᠯᠴᠢᠨ ᠲᠠᠷᠢᠶᠠᠴᠢᠨ ᠪᠠ ᠲᠡᠭᠦᠨ ᠦ᠌ ᠵᠥᠪᠯᠡᠯᠲᠦ ᠵᠠᠰᠠᠭ ᠤ᠋ᠨ ᠭᠠᠳᠠᠭᠠᠳᠤ ᠳᠣᠲᠣᠭᠠᠳᠤ ᠪᠣᠳᠣᠯᠭ᠎ᠠ ᠶ᠋ᠢᠨ ᠲᠤᠬᠠᠢ ᠶᠠᠷᠢᠵᠤ ᠡᠬᠢᠯᠡᠪᠡ᠃ ᠲᠡᠷᠡ ᠶᠠᠷᠢᠶᠠᠨ ᠤ᠋ ᠶᠡᠬᠡᠩᠬᠢ ᠶ᠋ᠢ ᠪᠠᠯᠳᠠᠨᠴᠡᠷᠢᠩ ᠤᠷᠢᠳ ᠡᠮᠦᠨ᠎ᠡ ᠲᠤᠭᠤᠯᠤᠭᠰᠠᠨ ᠪᠥᠭᠡᠳ ᠲᠡᠷᠡ ᠲᠤᠬᠠᠢ ᠳ᠋ᠠᠭᠠᠨ ᠥᠩᠭᠡᠨ ᠳᠡᠭᠡᠷ᠎ᠡ ᠡᠯᠳᠡᠪ ᠰᠠᠢᠬᠠᠨ ᠢ᠋ ᠴᠤᠤᠷᠷᠶᠠᠳᠤᠭᠤᠯᠬᠤ ᠨᠢ ᠡᠳᠦᠭᠡ ᠶ᠋ᠢᠨ ᠤᠯᠤᠰ ᠣᠷᠣᠨ ᠪᠦᠬᠦᠨ ᠦ᠌ ᠨᠢᠭᠡ ᠭᠣᠣᠯ ᠠᠷᠭ᠎ᠠ ᠭᠡᠵᠦ ᠦᠵᠡᠨ ᠥᠩᠭᠡᠷᠡᠭᠦᠯᠦᠭᠰᠡᠨ ᠪᠠᠢᠯ᠎ᠠ᠃ ᠣᠳᠣ ᠣᠷᠣ ᠲᠠᠰᠤ ᠲᠤᠭᠤᠯᠳᠠᠭ᠎ᠠ ᠦᠭᠡᠢ ᠡᠴᠡ ᠵᠥᠪᠯᠡᠯᠲᠦ ᠵᠠᠰᠠᠭ ᠤ᠋ᠨ ᠦᠶ᠎ᠡ ᠮᠣᠩᠭᠣᠯ ᠢ᠋ ᠡᠵᠡᠯᠡᠨ ᠠᠪᠬᠤ ᠪᠣᠳᠣᠯᠭ᠎ᠠ ᠶᠠᠪᠤᠭᠤᠯᠵᠤ ᠪᠠᠢᠭᠰᠠᠨ ᠢ᠋ ᠰᠢᠭᠤᠳ ᠢᠯᠡᠷᠬᠡᠢᠯᠡᠭᠰᠡᠨ ᠨᠢᠭᠡᠨ ᠵᠦᠢᠯ᠂ ᠤᠳᠠᠭ᠎ᠠ ᠳᠠᠷᠠᠭ᠎ᠠ ᠶ᠋ᠢᠨ ᠲᠣᠭᠲᠠᠭᠠᠭᠰᠠᠨ ᠵᠦᠢ ᠪᠤᠰᠤ ᠶ᠋ᠢᠨ ᠭᠡᠷ᠎ᠡ ᠪᠠ ᠡᠷᠬᠡ ᠮᠠᠲᠠᠯ ᠢ᠋ᠶ᠋ᠠᠨ ᠭᠦᠨᠵᠡᠭᠡᠢᠷᠡᠭᠦᠯᠬᠦ ᠶ᠋ᠢᠨ ᠡᠭᠦᠳᠡᠨ ᠡᠴᠡ ᠵᠢᠭᠡᠯᠡᠳᠦᠭᠦᠯᠦᠭᠰᠡᠨ ᠮᠥᠩᠭᠥ᠂ ᠡᠳ᠋ ᠬᠣᠭᠰᠢᠯ ᠡᠯᠳᠡᠪ ᠶᠠᠭᠤᠮᠠᠰ ᠢ᠋ ᠪᠦᠷᠢᠮᠦᠰᠦᠨ ᠬᠡᠷᠡᠭᠰᠡᠬᠦ ᠦᠭᠡᠢ ᠪᠣᠯᠭᠠᠭᠰᠠᠨ ᠬᠣᠶᠠᠳᠠᠬᠢ ᠵᠦᠢᠯ᠃ ᠡᠳᠦᠭᠡ ᠮᠣᠩᠭᠣᠯ ᠣᠷᠣᠨ ᠢ᠋ ᠲᠤᠰᠠᠭᠠᠷ ᠤᠯᠤᠰ ᠭᠡᠵᠦ ᠦᠵᠡᠨ ᠬᠠᠷᠢᠯᠴᠠᠭ᠎ᠠ ᠬᠣᠯᠪᠣᠭ᠎ᠠ ᠲᠣᠭᠲᠠᠭᠠᠬᠤ ᠭᠡᠰᠡᠨ ᠭᠤᠷᠪᠠᠳᠠᠬᠢ ᠵᠦᠢᠯ ᠪᠠᠢᠯ᠎ᠠ᠃ ᠭᠡᠪᠡᠴᠦ ᠪᠠᠯᠳᠠᠨᠴᠡᠷᠢᠩ ᠡᠳᠡᠭᠡᠷ ᠢ᠋ ᠪᠠᠬᠠᠳᠤᠨ ᠰᠠᠢᠰᠢᠶᠠᠬᠤ ᠶ᠋ᠢᠨ ᠣᠷᠣᠨ ᠳ᠋ᠤ᠌᠄《ᠡᠨᠡ ᠰᠠᠢᠬᠠᠨ ᠳᠠᠭᠤ ᠬᠣᠭᠣᠯᠠᠢ ᠶ᠋ᠢᠨ ᠴᠠᠭᠠᠨ᠎ᠠ ᠨᠢ ᠶᠠᠮᠠᠷ ᠨᠢᠭᠤᠴᠠ ᠪᠠᠢᠬᠤ ᠶᠤᠮ ᠪᠣᠯ ᠳᠠ》 ᠭᠡᠳᠡᠭ ᠠᠰᠠᠭᠤᠯᠲᠠ ᠶ᠋ᠢ ᠥᠪᠡᠷᠲᠡᠭᠡᠨ ᠲᠠᠯᠪᠢᠨ ᠪᠣᠳᠣᠨ᠎ᠠ᠃ ᠭᠡᠲᠡᠯ᠎ᠡ ᠰᠦᠬᠡᠪᠠᠭᠠᠲᠤᠷ᠄ 
       — ᠣᠳᠣ ᠴᠠᠭ ᠲᠤ ᠪᠢᠳᠡᠨ ᠦ᠌ ᠲᠦᠰᠢᠭ ᠪᠣᠯᠬᠤ ᠤᠯᠤᠰ ᠭᠠᠭᠴᠠᠬᠠᠨ ᠡᠨᠡ ᠤᠯᠠᠭᠠᠨ ᠣᠷᠣᠰ ᠳᠠ ᠭᠡᠵᠦ ᠳᠠᠪᠲᠠᠨ ᠬᠡᠯᠡᠬᠦ ᠳ᠋ᠦ᠍ ᠪᠠᠯᠳᠠᠨᠴᠡᠷᠢᠩ᠄ 
      — ᠪᠣᠳᠣᠭᠤᠰᠢᠲᠠᠢ ᠯᠠ ᠬᠡᠷᠡᠭ ᠪᠠᠢᠨ᠎ᠠ ᠭᠡᠯ᠎ᠡ᠃ 
      — ᠪᠣᠳᠣᠬᠤ ᠶ᠋ᠢ ᠴᠦ᠍ ᠪᠢᠳᠡ ᠪᠣᠳᠣᠭᠰᠠᠨ ᠯᠠ ᠳᠠ᠃ ᠣᠳᠣ ᠭᠠᠭᠴᠠᠬᠠᠨ ᠠᠵᠢᠯ ᠬᠡᠷᠡᠭ ᠲᠡᠭᠡᠨ ᠵᠣᠷᠢᠭᠯᠠᠨ ᠣᠷᠣᠬᠤ ᠯᠠ ᠦᠯᠡᠳᠡᠭᠡᠳ ᠪᠠᠢᠭ᠎ᠠ ᠶᠤᠮ ᠭᠡᠬᠦ ᠳ᠋ᠦ᠍ᠨᠢ᠄ 
      — ᠦᠨᠡᠬᠡᠷ ᠪᠣᠳᠣᠭᠤᠰᠢᠲᠠᠢ ᠬᠡᠷᠡᠭ ᠪᠠᠢᠨ᠎ᠠ ᠰᠢᠦ ᠭᠡᠵᠦ ᠤᠯᠠᠮ ᠢ᠋ᠶ᠋ᠠᠷ ᠯᠠᠪᠰᠢᠷᠠᠭᠤᠯᠤᠨ ᠳᠠᠪᠲᠠᠪᠠ᠃  ᠲᠡᠨᠳᠡ ᠡᠴᠡ ᠬᠣᠶᠠᠭᠤᠯᠠ ᠪᠠᠨ ᠡᠷᠭᠢᠨ ᠭᠡᠳᠡᠷᠭᠦ ᠪᠤᠴᠠᠪᠠ᠃ ᠬᠦᠷᠢᠶᠡᠨ ᠦ᠌ ᠵᠠᠬ᠎ᠠ ᠳ᠋ᠤ᠌ ᠣᠷᠣᠵᠤ ᠢᠷᠡᠭᠡᠳ ᠰᠠᠯᠤᠯᠴᠠᠬᠤ ᠳ᠋ᠠᠭᠠᠨ᠄ ᠨᠡᠭᠡᠷᠡᠨ ᠪᠣᠳᠣᠭᠤᠰᠢᠲᠠᠢ! ᠭᠡᠵᠦ ᠪᠠᠯᠳᠠᠨᠴᠡᠷᠢᠩ ᠭᠤᠷᠪᠠᠳᠠᠬᠢ ᠤᠳᠠᠭ᠎ᠠ ᠪᠠᠨ ᠳᠠᠪᠲᠠᠯ᠎ᠠ᠃ 
       ᠭᠠᠭᠴᠠᠭᠠᠷ ᠤᠷᠢᠳ ᠡᠮᠦᠨ᠎ᠡ ᠶᠠᠪᠤᠵᠤ ᠦᠵᠡᠭᠡ ᠦᠭᠡᠢ ᠭᠤᠳᠤᠮᠵᠢ ᠤᠷᠤᠭᠤᠳᠠᠨ ᠶᠠᠪᠤᠵᠤ ᠪᠠᠢᠬᠤ ᠳ᠋ᠤᠨᠢ ᠨᠢᠭᠡ ᠬᠥᠮᠦᠨ ᠬᠠᠵᠠᠭᠤ ᠠ᠋ᠴᠠ ᠨᠢ᠄ ᠬᠥᠶᠢ ᠪᠠᠯᠳᠠᠨᠴᠡᠷᠢᠩ ᠠ᠋! ᠭᠡᠵᠦ ᠳᠠᠭᠤᠳᠠᠨ ᠭᠦᠶᠦᠨ ᠢᠷᠡᠪᠡ᠃ ᠲᠡᠷᠡ ᠨᠢ ᠨᠢᠮᠠᠵᠠᠪ ᠪᠠᠢᠭᠰᠠᠨ ᠪᠠᠢᠯ᠎ᠠ᠃ ᠠᠮᠤᠷ ᠮᠡᠨᠳᠦ ᠪᠡᠨ ᠮᠡᠳᠡᠯᠴᠡᠬᠦ ᠶ᠋ᠢᠨ ᠣᠷᠣᠨ ᠳ᠋ᠤ᠌᠄ 
       — ᠪᠢ ᠲᠦᠷᠦᠭᠦᠨ ᠴᠢᠨᠦ ᠰᠡᠯᠪᠢ ᠥᠭᠰᠥᠨ ᠶᠠᠪᠤᠵᠤ ᠪᠠᠢᠬᠤ ᠶ᠋ᠢ ᠴᠢᠨᠢ ᠬᠠᠷᠠᠭᠰᠠᠨ ᠭᠡᠵᠦ ᠢᠨᠢᠶᠡᠮᠰᠦᠭᠯᠡᠭᠡᠳ ᠠᠰᠠᠭᠤᠨ᠎ᠠ᠄ 
       — ᠦᠭᠡᠢ ᠬᠠᠵᠠᠭᠤ ᠳ᠋ᠤ᠌ ᠴᠢᠨᠢ ᠬᠡᠨ ᠶᠠᠪᠤᠪᠠ᠂ ᠰᠦᠬᠡᠪᠠᠭᠠᠲᠤᠷ ᠤᠤ?  
       ᠡᠨᠡ ᠠᠰᠠᠭᠤᠳᠠᠯ ᠪᠠᠯᠳᠠᠨᠴᠡᠷᠢᠩ ᠦ᠋ᠨ ᠰᠡᠳᠬᠢᠯ ᠳ᠋ᠦ᠍《ᠴᠢ ᠬᠡᠨ ᠪᠣᠢ?》 ᠭᠡᠳᠡᠭ ᠪᠣᠳᠣᠯ ᠲᠥᠷᠥᠭᠦᠯᠪᠡ᠃ ᠶᠠᠭᠤ ᠴᠦ᠍ ᠠᠲᠤᠭᠠᠢ ᠡᠨᠡ ᠬᠥᠮᠦᠨ ᠦ᠌ ᠡᠮᠦᠨ᠎ᠡ ᠦᠨᠡᠨ ᠨᠢᠭᠤᠷ ᠢ᠋ᠶ᠋ᠠᠨ ᠦᠵᠡᠭᠦᠯᠬᠦ ᠪᠡᠨ ᠪᠠᠢᠶ᠎ᠠ ᠭᠡᠬᠦ ᠳ᠋ᠡᠭᠡᠨ ᠪᠠᠯᠳᠠᠨᠴᠡᠷᠢᠩ᠄ 
       — ᠡᠪᠦᠭᠡᠨ ᠦ᠌ ᠴᠢᠨᠢ ᠪᠡᠶ᠎ᠡ ᠮᠠᠭᠤ᠃ ᠦᠷᠭᠦᠯᠵᠢ ᠲᠣᠯᠣᠭᠠᠢ ᠡᠪᠡᠳᠳᠡᠭ ᠪᠣᠯᠤᠭᠠᠳ ᠠᠭᠠᠷ ᠲᠤ ᠭᠠᠷᠤᠭᠰᠠᠨ ᠶᠤᠮ᠃ ᠬᠠᠷᠢᠨ ᠲᠠ ᠡᠨᠳᠡ ᠶᠠᠭᠤ ᠬᠢᠵᠦ ᠶᠠᠪᠤᠨ᠎ᠠ ᠳᠠ? 
       — ᠪᠢ ᠤᠤ? ᠳᠣᠢᠩᠬᠤᠷ ᠤ᠋ᠨ ᠳᠠ ᠯᠠᠮᠠ ᠳ᠋ᠤ᠌ ᠪᠠᠷᠠᠯᠬᠠᠨ᠎ᠠ᠃ 
       — ᠤᠤᠬᠠᠢ᠂ ᠣᠨᠴᠠ ᠬᠡᠷᠡᠭ ᠲᠡᠢ ᠤᠤ? 
       — ᠲᠡᠢᠮᠦ᠂ ᠮᠡᠳᠡᠵᠦ ᠪᠠᠢᠭ᠎ᠠ ᠪᠢᠵᠡ ᠳᠡ᠂ ᠡᠨᠡ ᠮᠠᠭᠤ ᠰᠠᠢᠨ ᠭᠠᠮᠢᠩ ᠤ᠋ᠳ ᠢ᠋? 
       — ᠮᠡᠳᠡᠭᠡᠳ ᠴᠦ᠍ ᠶᠠᠭᠠᠬᠢᠬᠤ ᠶᠤᠮ ᠪᠢᠯᠡ ᠳᠠ? ᠨᠢᠮᠠᠵᠠᠪ ᠴᠢᠷᠠᠢ ᠬᠤᠪᠢᠷᠠᠭᠠᠨ ᠪᠤᠬᠢᠨᠢᠳᠤᠵᠤ᠄  
       — ᠨᠢᠭᠡ ᠶ᠋ᠢ ᠪᠡᠨ ᠦᠵᠡᠯᠴᠡᠬᠦ ᠦᠭᠡᠢ ᠤᠤ? ᠭᠡᠲᠡᠯ᠎ᠡ ᠴᠢᠮ᠎ᠠ ᠠ᠋ᠴᠠ ᠡᠬᠢᠯᠡᠨ ᠬᠠᠷ᠎ᠠ ᠠᠮᠢ ᠪᠠᠨ ᠪᠣᠳᠣᠬᠤ ᠨᠢ ᠶᠠᠭᠤ ᠪᠣᠢ? ᠦᠬᠦᠭᠰᠡᠨ ᠬᠣᠢᠨ᠎ᠠ ᠪᠠᠨ᠂ ᠬᠡᠵᠢᠶ᠎ᠡ ᠪᠣᠯᠪᠠᠴᠤ ᠥᠩᠭᠡᠷᠡᠬᠦ ᠨᠢᠭᠡ ᠨᠠᠰᠤ᠂ ᠲᠡᠭᠦᠨ ᠢ᠋ ᠤᠯᠤᠰ ᠣᠷᠣᠨ ᠳ᠋ᠠᠭᠠᠨ ᠵᠣᠷᠢᠭᠤᠯᠬᠤ ᠦᠭᠡᠢ ᠶᠦᠮ ᠪᠣᠯ ᠶᠠᠭᠤ ᠬᠢᠨ᠎ᠡ᠃  
       — ᠦᠭᠡᠢ ᠶᠠᠭᠠᠬᠢᠯ᠎ᠠ ᠴᠦ᠍ ᠭᠡᠰᠡᠨ ᠨᠡᠮᠡᠷᠢ ᠦᠭᠡᠢ ᠪᠠᠢᠪᠠᠯ ᠶᠠᠭᠠᠬᠢᠨ᠎ᠠ᠃  
       — ᠨᠡᠮᠡᠷᠢ ᠲᠡᠢ ᠳᠡᠭᠡᠷ᠎ᠡ ᠴᠢᠨᠢ ᠪᠤᠷᠬᠠᠨ᠂ ᠳᠣᠣᠷ᠎ᠠ ᠴᠢᠨᠢ ᠠᠷᠠᠳ ᠲᠦᠮᠡᠨ᠂ ᠳᠡᠷᠭᠡᠳᠡ ᠴᠢᠨᠢ ᠬᠠᠨᠢ ᠨᠥᠬᠥᠳ ᠪᠡᠯᠡ ᠪᠠᠢᠨ᠎ᠠ᠃ 
       — ᠭᠡᠯ᠎ᠡ ᠴᠦ᠍ ᠨᠡᠮᠡᠷᠢ ᠦᠭᠡᠢ ᠪᠢᠵᠡ ᠳᠡ᠃ 
       — ᠬᠠᠢ ᠡᠴᠦᠰ᠂ ᠵᠣᠷᠢᠭ ᠪᠠᠢᠪᠠᠯ ᠶᠠᠭᠤ ᠶ᠋ᠢ ᠴᠦ᠍ ᠢᠯᠠᠨ᠎ᠠ᠃ ᠭᠠᠭᠴᠠᠬᠠᠨ ᠲᠡᠭᠦᠨ ᠢ᠋ ᠮᠡᠳᠡᠬᠦ ᠦᠭᠡᠢ ᠲᠡᠨᠡᠭ ᠬᠥᠮᠦᠰ ᠭᠡᠵᠦ ᠬᠡᠯᠡᠩᠭᠦᠲᠡ ᠲᠤᠬᠠᠢᠯᠠᠪᠠᠯ ᠴᠢ ᠭᠡᠬᠦ ᠮᠡᠲᠦ ᠶ᠋ᠢᠨ ᠪᠠᠯᠳᠠᠨᠴᠡᠷᠢᠩ ᠦ᠋ᠨ ᠨᠢᠭᠤᠷ ᠢ᠋ ᠰᠢᠷᠲᠡᠨ ᠰᠡᠭᠦᠯ ᠬᠠᠪᠴᠢᠨ ᠠᠶᠤᠨ ᠴᠡᠴᠡᠷᠡᠨ᠎ᠡ᠃ 
       — ᠮᠡᠳᠡᠬᠦ ᠦᠭᠡᠢ᠃ 
       — ᠶᠠᠭᠠᠬᠢᠭᠠᠳ ᠴᠢ ᠮᠡᠳᠡᠬᠦ ᠦᠭᠡᠢ ᠪᠠᠢᠨ᠎ᠠ? 
       — ᠶᠠᠭᠠᠬᠢᠬᠤᠪ᠂ ᠮᠡᠳᠡᠬᠦ ᠦᠭᠡᠢ ᠭᠡᠳᠡᠭ ᠪᠣᠯ ᠮᠢᠩᠭᠠᠨ ᠦᠭᠡᠨ ᠦ᠌ ᠲᠠᠭᠯᠠᠭ᠎ᠠ ᠭᠡᠵᠦ ᠪᠠᠯᠳᠠᠨᠴᠡᠷᠢᠩ ᠪᠦᠬᠦ ᠶᠠᠪᠤᠳᠠᠯ ᠢ᠋ ᠢᠨᠢᠶᠡᠳᠦᠮ ᠲᠣᠭᠯᠠᠭᠠᠮ ᠪᠣᠯᠭᠠᠨ ᠬᠤᠪᠢᠷᠠᠭᠠᠬᠤ ᠶ᠋ᠢ ᠣᠷᠣᠯᠳᠣᠪᠠ᠃ ᠨᠢᠮᠠᠵᠠᠪ ᠦᠨᠡᠬᠡᠷ ᠭᠤᠲᠤᠷᠠᠬᠤ ᠮᠡᠲᠦ ᠬᠠᠷᠠᠭ᠎ᠠ ᠪᠠᠨ ᠳᠣᠷᠣᠭᠰᠢ ᠪᠠᠭᠤᠯᠭᠠᠨ ᠰᠠᠨᠠᠭ᠎ᠠ ᠠᠯᠳᠠᠭᠠᠳ᠂ ᠰᠠᠯᠬᠤ ᠶᠣᠰᠣ ᠭᠦᠢᠴᠡᠳᠬᠡᠯ ᠦᠭᠡᠢ ᠡᠷᠭᠢᠨ ᠶᠠᠪᠤᠪᠠ᠃ ᠪᠠᠯᠳᠠᠨᠴᠡᠷᠢᠩ ᠨᠢᠭᠡ ᠦᠶ᠎ᠡ ᠭᠡᠮ ᠦᠭᠡᠢ ᠨᠥᠬᠥᠷ ᠦ᠋ᠨ ᠰᠡᠳᠬᠢᠯ ᠢ᠋ ᠳᠡᠮᠡᠢ ᠭᠤᠲᠤᠭᠠᠵᠤ ᠣᠷᠬᠢᠪᠠ ᠤᠤ ᠳᠠ ᠭᠡᠵᠦ ᠪᠣᠳᠣᠭᠰᠠᠨ ᠢ᠋ᠶ᠋ᠠᠨ ᠨᠢᠭᠡᠨᠲᠡ ᠡᠢᠮᠦ ᠪᠣᠯᠭᠣᠮᠵᠢ ᠦᠭᠡᠢ ᠠᠮᠠ ᠵᠠᠳᠠᠭᠠᠢ ᠠ᠋ᠴᠠ ᠬᠣᠢᠰᠢ ᠪᠢ ᠲᠡᠭᠦᠨ ᠦ᠌ ᠡᠮᠦᠨ᠎ᠡ ᠰᠡᠳᠬᠢᠯ ᠢ᠋ᠶ᠋ᠡᠨ ᠨᠢᠭᠤᠬᠤ ᠨᠢ ᠵᠥᠪ ᠰᠢᠦ ᠳᠡ ᠭᠡᠵᠦ ᠰᠡᠳᠬᠢᠯ ᠢ᠋ᠶ᠋ᠡᠨ ᠠᠷᠢᠭᠤᠳᠬᠠᠪᠠ᠃ ᠭᠡᠷ ᠲᠡᠭᠡᠨ ᠢᠷᠡᠭᠡᠳ ᠪᠠᠯᠳᠠᠨᠴᠡᠷᠢᠩ ᠥᠨᠥᠬᠢ ᠯᠡ ᠣᠷᠣᠨ ᠳᠡᠭᠡᠷ᠎ᠡ ᠪᠡᠨ ᠭᠡᠳᠡᠷᠭᠦ ᠬᠠᠷᠠᠨ ᠬᠡᠪᠲᠡᠭᠡ ᠰᠦᠬᠡᠪᠠᠭᠠᠲᠤᠷ ᠤ᠋ᠨ ᠡᠮᠦᠨ᠎ᠡ《ᠪᠤᠳᠤᠭᠤᠰᠢᠲᠠᠢ ᠬᠡᠷᠡᠭ》 ᠭᠡᠵᠦ ᠬᠡᠯᠡᠭᠰᠡᠨ ᠢ᠋ᠶ᠋ᠡᠷ ᠢ᠋ᠶ᠋ᠡᠨ ᠪᠣᠳᠣᠵᠤ ᠭᠠᠷᠪᠠ᠃ ᠬᠠᠮᠤᠭ ᠤ᠋ᠨ ᠲᠦᠷᠦᠭᠦᠨ ᠴᠠᠭᠠᠨ ᠪᠠᠢᠭᠰᠠᠨ ᠣᠷᠣᠰ ᠤᠯᠠᠭᠠᠨ ᠪᠣᠯᠤᠭᠰᠠᠨ ᠢ᠋ᠶ᠋ᠠᠷ ᠦᠷ᠎ᠡ ᠦᠨᠳᠦᠰᠦ ᠪᠡᠷ ᠢ᠋ᠶ᠋ᠡᠨ ᠥᠭᠡᠷᠡᠴᠢᠯᠡᠭᠳᠡᠬᠦ ᠤᠤ? ᠭᠡᠳᠡᠭ ᠳᠡᠭᠡᠷ᠎ᠡ ᠰᠡᠳᠬᠢᠯ ᠨᠢ ᠣᠴᠢᠪᠠ᠃ ᠭᠡᠲᠡᠯ᠎ᠡ ᠭᠤᠢᠪᠢᠬᠤ ᠶᠠᠭᠤᠮ᠎ᠠ ᠠᠯᠠᠭ᠎ᠠ᠃ ᠣᠷᠣᠰ ᠬᠥᠮᠦᠨ ᠣᠷᠣᠰ ᠴᠢᠭ ᠢ᠋ᠶ᠋ᠡᠷ ᠢ᠋ᠶ᠋ᠡᠨ ᠪᠠᠢᠬᠤ ᠨᠢ ᠭᠠᠷᠴᠠᠭ᠎ᠠ ᠦᠭᠡᠢ ᠲᠡᠳᠦᠢ ᠦᠭᠡᠢ᠂ ᠴᠠᠭᠠᠨ ᠪᠠᠢᠬᠤ ᠳ᠋ᠠᠭᠠᠨ ᠡᠵᠡᠯᠡᠵᠦ ᠪᠠᠷᠠᠭ᠎ᠠ ᠦᠭᠡᠢ ᠪᠡᠨ ᠤᠯᠠᠭᠠᠨ ᠥᠩᠭᠡ ᠪᠡᠷ ᠪᠠᠷᠠᠬᠤ ᠭᠡᠰᠡᠨ ᠬᠡᠳᠦᠨ ᠳᠠᠪᠬᠤᠷ ᠨᠢᠭᠤᠴᠠ ᠪᠣᠳᠣᠯᠭ᠎ᠠ ᠲᠠᠢ ᠪᠠᠢᠪᠠᠯ ᠶᠠᠭᠠᠬᠢᠨ᠎ᠠ ᠭᠡᠵᠦ ᠪᠣᠳᠣᠭᠳᠠᠨ᠎ᠠ᠃ ᠬᠣᠶᠠᠷ ᠲᠤᠨᠢ ᠪᠦᠬᠦ ᠳᠡᠯᠡᠬᠡᠢ ᠶ᠋ᠢᠨ ᠦᠭᠡᠢᠭᠦᠦ ᠶᠠᠳᠠᠭᠤᠰ ᠪᠠ ᠺᠣᠯᠣᠨᠢᠴᠢᠯᠠᠭᠳᠠᠭᠰᠠᠨ ᠣᠷᠣᠨ ᠤ᠋ ᠠᠷᠠᠳ ᠲᠦᠮᠡᠨ ᠢ᠋ ᠰᠠᠨᠠᠯ ᠬᠦᠴᠦᠨ ᠢ᠋ᠶ᠋ᠡᠨ ᠨᠢᠭᠡᠳᠬᠡᠨ ᠡᠷᠬᠡ ᠴᠢᠯᠥᠭᠡ ᠪᠡᠨ ᠣᠯ ᠭᠡᠵᠦ ᠤᠷᠢᠶᠠᠯᠠᠬᠤ ᠶ᠋ᠢᠨ ᠵᠡᠷᠭᠡᠴᠡᠭᠡ ᠪᠡᠷ ᠬᠠᠭᠠᠨᠲᠤ ᠵᠠᠰᠠᠭ ᠤ᠋ᠨ ᠮᠣᠩᠭᠣᠯ ᠤᠷᠤᠭᠤ ᠶᠠᠪᠤᠭᠤᠯᠵᠤ ᠪᠠᠢᠭᠰᠠᠨ ᠪᠦᠬᠦ ᠪᠣᠳᠣᠯᠭ᠎ᠠ ᠶ᠋ᠢᠨ ᠨᠢᠭᠤᠴᠠ ᠶ᠋ᠢ ᠬᠠᠢᠷ᠎ᠠ ᠨᠠᠢᠷ ᠦᠭᠡᠢ ᠢᠯᠡᠷᠬᠡᠢᠯᠡ ᠬᠣᠢᠰᠢᠳᠠ ᠪᠠᠨ ᠲᠤᠰᠠᠭᠠᠷ ᠤᠯᠤᠰ ᠭᠡᠵᠦ ᠦᠵᠡᠨ᠎ᠡ ᠭᠡᠰᠡᠨ ᠲᠤᠬᠠᠢ ᠪᠣᠳᠣᠪᠠ᠃ ᠭᠡᠲᠡᠯ᠎ᠡ ᠥᠩᠭᠡᠷᠡᠭᠰᠡᠨ ᠬᠠᠭᠠᠨᠲᠤ ᠵᠠᠰᠠᠭ ᠨᠢ ᠮᠥᠨ ᠯᠡ ᠳᠡᠯᠡᠬᠡᠢ ᠳ᠋ᠠᠬᠢᠨ ᠤ᠋ ᠠᠮᠤᠷ ᠵᠢᠷᠭᠠᠯ᠂ ᠪᠠᠭ᠎ᠠ ᠪᠠᠭᠤᠷᠠᠢ ᠤᠯᠤᠰ ᠣᠷᠣᠨ ᠳ᠋ᠤ᠌ ᠲᠤᠰᠠᠭᠠᠷ ᠲᠣᠭᠲᠠᠨᠢᠯ ᠭᠡᠳ ᠲᠡᠭᠦᠨ ᠦ᠌ ᠪᠡᠨ ᠲᠥᠯᠥᠭᠡ ᠥᠪᠡᠷ ᠦ᠋ᠨ ᠤᠯᠤᠰ ᠢ᠋ ᠪᠠᠯᠠᠷᠠᠨ ᠮᠥᠬᠥᠲᠡᠯ᠎ᠡ ᠲᠡᠮᠡᠴᠡᠨ᠎ᠡ ᠭᠡᠵᠦ ᠬᠡᠯᠡᠳᠡᠭ ᠪᠠᠢᠭᠰᠠᠨ ᠨᠢ ᠰᠠᠨᠠᠭᠳᠠᠨ᠎ᠠ᠃ ᠢᠩᠭᠢᠬᠦ ᠳ᠋ᠦ᠍ ᠶᠡᠷᠦ ᠡᠯᠳᠡᠪ ᠰᠠᠢᠬᠠᠨ ᠢ᠋ ᠠᠮᠠᠨ ᠳᠡᠭᠡᠷ᠎ᠡ ᠪᠡᠨ ᠬᠡᠯᠡᠬᠦ ᠨᠢ ᠡᠳᠦᠭᠡ ᠴᠠᠭ ᠤ᠋ᠨ ᠶᠡᠬᠡ ᠭᠦᠷᠦᠨ ᠪᠣᠯᠭᠠᠨ ᠤ᠋ ᠬᠤᠳᠠᠯ ᠬᠠᠭᠤᠷᠮᠠᠭ ᠵᠥᠪᠬᠡᠨ ᠥᠩᠭᠡ ᠶ᠋ᠢᠨ ᠶᠠᠪᠤᠳᠠᠯ ᠰᠢᠦ ᠳᠡ ᠭᠡᠵᠦ ᠲᠣᠳᠣᠳᠠ ᠪᠣᠳᠣᠭᠳᠠᠪᠠ᠃ 
       ᠪᠠᠯᠳᠠᠨᠴᠡᠷᠢᠩ ᠤᠯᠠᠭᠠᠨ ᠣᠷᠣᠰ ᠢ᠋ ᠪᠦᠷᠢᠮᠦᠰᠦᠨ ᠣᠢᠰᠢᠶᠠᠬᠤ ᠦᠭᠡᠢ ᠪᠣᠯᠤᠭᠰᠠᠨ ᠤ᠋ ᠪᠠᠨ ᠡᠴᠦᠰ ᠲᠦ᠍ ᠰᠦᠬᠡᠪᠠᠭᠠᠲᠤᠷ ᠤ᠋ᠨ ᠤᠯᠠᠭᠠᠨ ᠣᠷᠣᠰ ᠢ᠋ ᠲᠦᠰᠢᠭᠯᠡᠬᠦ ᠭᠡᠰᠡᠨ ᠰᠢᠢᠳᠮᠡᠭᠡᠢ ᠰᠠᠨᠠᠭ᠎ᠠ᠂ ᠨᠢᠭᠡᠨᠲᠡ ᠵᠣᠷᠢᠭᠰᠠᠨ ᠠ᠋ᠴᠠ ᠪᠠᠨ ᠡᠰᠡ ᠪᠤᠴᠠᠬᠤ ᠣᠨᠴᠠᠭᠠᠢ ᠴᠢᠨᠠᠷ ᠬᠣᠶᠠᠷ ᠢ᠋ ᠲᠣᠳᠣᠷᠬᠠᠢ ᠮᠡᠳᠡᠭᠰᠡᠨ ᠦ᠌ ᠪᠡᠨ ᠬᠤᠪᠢ ᠳ᠋ᠤ᠌ ᠵᠦᠭᠡᠷ ᠪᠡᠶ᠎ᠡ ᠪᠡᠨ ᠡᠷᠲᠡᠬᠡᠨ ᠵᠠᠢᠯᠠᠭᠤᠯᠬᠤ ᠶ᠋ᠢ ᠴᠢᠬᠤᠯᠠᠴᠢᠯᠠᠪᠠ᠃ ᠲᠡᠷᠡ ᠪᠠᠢᠲᠤᠭᠠᠢ ᠪᠠᠯᠳᠠᠨᠴᠡᠷᠢᠩ ᠣᠳᠣ ᠰᠦᠬᠡᠪᠠᠭᠠᠲᠤᠷ ᠤ᠋ᠨ ᠡᠮᠦᠨ᠎ᠡ ᠭᠡᠮᠲᠡᠨ ᠡᠲᠡᠭᠡᠳ ᠪᠣᠯᠤᠭᠰᠠᠨ ᠰᠢᠦ ᠨᠢᠭᠤᠷ ᠤᠴᠠᠷᠠᠬᠤ ᠠ᠋ᠴᠠ ᠪᠠᠨ ᠬᠠᠯᠠᠰᠢᠷᠠᠬᠤ ᠪᠣᠯᠤᠭᠰᠠᠨ ᠤᠴᠢᠷ ᠡᠳᠦᠷ ᠦ᠋ᠨ ᠴᠠᠭ ᠢ᠋ᠶ᠋ᠠᠷ ᠭᠠᠳᠠᠭᠰᠢ ᠭᠠᠷᠬᠤ ᠪᠠᠨ ᠪᠣᠯᠢᠵᠤ ᠬᠣᠶᠠᠳᠠᠬᠢ ᠡᠳᠦᠷ ᠦ᠋ᠨ ᠢ᠋ᠶ᠋ᠡᠨ ᠣᠷᠣᠢ ᠦᠳᠡᠰᠢ ᠶ᠋ᠢᠨ ᠬᠠᠷᠠᠩᠭᠤᠢ ᠪᠠᠷ ᠭᠡᠷ ᠡᠴᠡ ᠪᠡᠨ ᠭᠠᠷᠪᠠ᠃ ᠢᠩᠭᠢᠬᠦ ᠶᠣᠰᠣᠲᠠᠢ ᠭᠡᠵᠦ ᠪᠣᠳᠣᠨ ᠰᠠᠨᠠᠬᠤ ᠶᠠᠭᠤ ᠴᠦ᠍ ᠦᠭᠡᠢ ᠵᠥᠪᠬᠡᠨ ᠠᠭᠠᠷ ᠠᠮᠢᠰᠬᠤᠯᠯᠠᠬᠤ ᠶ᠋ᠢᠨ ᠲᠥᠯᠥᠭᠡ ᠪᠠᠢᠯ᠎ᠠ᠃ ᠨᠢᠭᠡ ᠬᠠᠰᠢᠶᠠᠨ ᠤ᠋ ᠬᠠᠭᠠᠯᠭᠠᠨ ᠤ᠋ ᠡᠮᠦᠨ᠎ᠡ ᠪᠥᠮᠪᠦᠭᠡᠨ ᠳᠤᠭᠤᠢᠲᠤ ᠰᠡᠦᠬᠡ ᠲᠡᠷᠭᠡ ᠵᠣᠭᠰᠣᠵᠤ ᠪᠠᠢᠭ᠎ᠠ ᠳᠡᠭᠡᠷ᠎ᠡ ᠲᠤᠯᠤᠨ ᠣᠴᠢᠭᠰᠠᠨ ᠢ᠋ᠶ᠋ᠠᠨ ᠬᠠᠮᠢᠭ᠎ᠠ ᠶᠠᠪᠤᠭ᠎ᠠ ᠪᠠᠨ ᠮᠡᠳᠡᠪᠡ᠃ ᠲᠣᠮᠣ ᠨᠡᠬᠡᠢ ᠳᠡᠪᠡᠯ ᠲᠡᠢ ᠡᠪᠦᠭᠡᠨ ᠵᠢᠯᠣᠭᠣᠴᠢ ᠰᠠᠭᠤᠳᠠᠯ ᠳᠡᠭᠡᠷ᠎ᠡ ᠪᠡᠨ ᠬᠠᠨᠴᠤᠢ ᠳ᠋ᠠᠭᠠᠨ ᠭᠠᠷ ᠵᠥᠷᠢᠭᠦᠯᠦᠨ᠂ ᠪᠡᠶ᠎ᠡ ᠬᠣᠷᠢᠶᠠᠨ ᠰᠠᠭᠤᠭᠰᠠᠨ ᠢ᠋ ᠦᠵᠡᠬᠦ ᠡᠨᠳᠡ ᠢᠷᠡᠭᠰᠡᠭᠡᠷ ᠨᠡᠯᠢᠶᠡᠳ ᠤᠳᠠᠭᠠᠨ ᠪᠣᠯᠪᠠ ᠤᠤ ᠭᠡᠯᠲᠡᠢ ᠠᠵᠢ᠃ ᠬᠠᠵᠠᠭᠤ ᠪᠠᠷ ᠨᠢ ᠠᠭᠠᠵᠢᠭᠤᠬᠠᠨ ᠢ᠋ᠶ᠋ᠠᠷ ᠭᠢᠰᠬᠢᠯᠡᠨ ᠭᠠᠷᠬᠤ ᠳ᠋ᠤ᠌ ᠱᠤᠳᠤᠷᠭᠤ ᠬᠥᠭᠵᠢᠮ ᠦ᠋ᠨ ᠠᠪᠢᠶ᠎ᠠ ᠲᠡᠳᠡᠨ ᠴᠤᠤᠷᠢᠶᠠᠲᠤᠨ᠎ᠠ᠃ ᠴᠠᠭᠠᠰᠢ ᠬᠣᠯᠠᠳᠠᠨ ᠶᠠᠪᠤᠬᠤ ᠳ᠋ᠤ᠌ ᠬᠥᠭᠵᠢᠮ ᠦ᠋ᠨ ᠠᠪᠢᠶ᠎ᠠ ᠪᠦᠳᠡᠭᠢᠷᠡᠬᠦ ᠪᠥᠭᠡᠳ ᠪᠠᠯᠳᠠᠨᠴᠡᠷᠢᠩ ᠥᠪᠡᠷ ᠦ᠋ᠨ ᠡᠷᠬᠡ ᠦᠭᠡᠢ ᠡᠷᠭᠢᠪᠡ᠃ 
       ᠬᠠᠭᠠᠯᠭᠠᠨ ᠤ᠋ ᠵᠦᠭ ᠠᠠᠮᠢᠰᠬᠣᠬ᠎ᠠ ᠪᠠᠨ ᠳᠠᠷᠤᠨ ᠣᠢᠷᠠᠲᠤᠬᠤ ᠳ᠋ᠤ᠌ ᠬᠥᠭᠵᠢᠮ ᠦ᠋ᠨ ᠠᠪᠢᠶ᠎ᠠ ᠴᠢᠩᠭᠠᠷᠠᠭᠰᠠᠨ ᠲᠡᠳᠦᠢ ᠦᠭᠡᠢ ᠥᠨᠥᠬᠢ ᠦᠵᠡᠰᠬᠦᠯᠡᠩᠲᠦ ᠡᠮᠡᠭᠲᠡᠢ ᠶ᠋ᠢᠨ ᠡᠬᠢᠯᠡᠨ ᠳᠠᠭᠤᠯᠠᠬᠤ ᠰᠣᠨᠣᠰᠤᠭᠳᠠᠪᠠ᠃ ᠡᠨᠡ ᠤᠳᠠᠭ᠎ᠠ ᠡᠮᠡᠭᠲᠡᠢ᠂ ᠬᠢᠲᠠᠳ ᠢ᠋ᠶ᠋ᠠᠷ ᠪᠢᠰᠢ᠂ ᠮᠣᠩᠭᠣᠯ ᠢ᠋ᠶ᠋ᠠᠷ᠄ 
          ᠭᠠᠳᠠᠭᠠᠳᠤ ᠮᠣᠩᠭᠣᠯ ᠲᠥᠷᠥ ᠶ᠋ᠢᠨ ᠦᠨᠡᠨ ᠴᠠᠭᠠᠨ ᠪᠣᠭᠣᠯ ᠢ᠋ 
          ᠭᠠᠭᠴᠠ ᠪᠡᠶ᠎ᠡ ᠶ᠋ᠢᠨ ᠥᠮᠴᠢ ᠮᠡᠲᠦ ᠡᠨᠳᠡᠭᠦᠷᠡᠯ ᠪᠣᠯᠭᠠᠭᠠᠳ  
          ᠭᠠᠰᠠᠯᠭᠠᠬᠤ᠂ ᠪᠦᠷᠢᠯᠭᠡᠬᠦ᠂ ᠮᠥᠯᠵᠢᠬᠦ ᠳ᠋ᠦ᠍ ᠰᠢᠨᠤᠭᠴᠢ  
          ᠭᠠᠮᠰᠢᠭ ᠣᠨᠣᠯ ᠲᠩᠷᠢ ᠳ᠋ᠦ᠍ ᠴᠠᠭᠠᠵᠠ ᠲᠠᠢ ᠪᠤᠰᠤ ᠤᠤ᠂ 
          ᠡᠭᠡᠯ ᠪᠣᠭᠣᠯ ᠬᠦᠨᠳᠦᠯᠡᠬᠦ ᠶ᠋ᠢᠨ ᠶᠣᠰᠣ ᠶᠡᠬᠡ ᠪᠠᠢᠲᠠᠯ᠎ᠠ 
          ᠡᠷᠬᠢᠮ ᠶᠡᠬᠡᠰ ᠠᠰᠠᠷᠠᠬᠤ ᠶ᠋ᠢᠨ ᠵᠢᠷᠤᠮ ᠪᠠᠭ᠎ᠠ ᠭᠤᠲᠤᠮᠰᠢᠭ  
          ᠡᠵᠡᠨ ᠲᠥᠷᠥ ᠶ᠋ᠢᠨ ᠬᠡᠰᠢᠭ ᠢ᠋ᠶ᠋ᠡᠷ ᠳᠡᠯᠭᠡᠷᠡᠵᠦ ᠪᠠᠢᠲᠠᠯ᠎ᠠ 
          ᠡᠭᠦᠷᠢᠳᠡ ᠮᠥᠯᠵᠢᠬᠦ ᠶ᠋ᠢ ᠬᠢᠴᠢᠶᠡᠭᠴᠢ ᠭᠤᠲᠤᠮᠰᠢᠭ᠃  ᠭᠡᠬᠦ ᠮᠡᠲᠦ ᠶ᠋ᠢᠨ ᠦᠭᠡᠰ ᠴᠢᠬᠢᠨ ᠳ᠋ᠦ᠍ᠨᠢ ᠪᠠᠷᠢᠭᠳᠠᠨ᠎ᠠ᠃ ᠦᠨᠡᠨ ᠳ᠋ᠡᠭᠡᠨ ᠪᠠᠯᠳᠠᠨᠴᠡᠷᠢᠩ ᠡᠨᠡ ᠡᠮᠡᠭᠲᠡᠢ ᠶ᠋ᠢ ᠬᠠᠢᠷ᠎ᠠ ᠳᠤᠷᠠᠯᠠᠯ ᠤ᠋ᠨ ᠡᠭᠦᠳᠡᠨ ᠡᠴᠡ ᠰᠣᠨᠢᠷᠬᠠᠬᠤ ᠤᠴᠢᠷ ᠡᠨᠳᠡ ᠡᠷᠭᠢᠯᠳᠦᠵᠦ ᠪᠠᠢᠭ᠎ᠠ ᠪᠠᠨ ᠪᠤᠰᠤᠳ ᠲᠤ ᠮᠡᠳᠡᠭᠳᠡᠬᠦ ᠦᠭᠡᠢ ᠶ᠋ᠢ ᠬᠢᠴᠢᠶᠡᠬᠦ ᠠᠵᠢ᠃ ᠲᠡᠷᠭᠡᠨ ᠦ᠌ ᠬᠠᠵᠠᠭᠤ ᠪᠠᠷ ᠬᠣᠶᠠᠷ ᠤᠳᠠᠭ᠎ᠠ ᠶᠠᠪᠤᠭᠰᠠᠨ ᠤ᠋ ᠳᠠᠷᠠᠭ᠎ᠠ ᠳᠠᠬᠢᠨ ᠶᠠᠪᠤᠬᠤ ᠳ᠋ᠤ᠌ ᠪᠡᠷᠬᠡ ᠲᠡᠢ ᠪᠣᠯᠤᠭᠰᠠᠨ ᠪᠥᠭᠡᠳ ᠲᠡᠷᠭᠡᠨ ᠦ᠌ ᠠᠷᠤ ᠳ᠋ᠤ᠌ ᠤᠷᠲᠤᠭᠠᠰᠢ ᠪᠠᠨ ᠭᠤᠴᠢᠭᠠᠳ ᠠᠯᠬᠤᠮ ᠳ᠋ᠤ᠌ ᠨᠠᠭᠠᠰᠢ ᠴᠠᠭᠠᠰᠢ ᠬᠣᠯᠬᠢᠨ᠎ᠠ᠃ ᠭᠡᠨᠡᠳᠲᠡ ᠡᠮᠡᠭᠲᠡᠢ ᠳᠠᠭᠤᠯᠠᠬᠤ ᠪᠠᠨ ᠪᠤᠯᠢᠨ᠂ ᠠᠪᠢᠶ᠎ᠠ ᠲᠠᠰᠤᠷᠠᠬᠤ ᠨᠢ ᠬᠠᠷᠠᠮᠰᠠᠯᠲᠠᠢ ᠰᠠᠨᠠᠭᠳᠠᠨ᠎ᠠ᠃ ᠭᠡᠷ ᠦ᠋ᠨ ᠬᠠᠭᠠᠯᠭ᠎ᠠ ᠪᠠᠷ ᠨᠢᠭᠡᠨᠲᠡ ᠬᠥᠮᠦᠨ ᠭᠠᠷᠬᠤ ᠰᠣᠨᠣᠰᠤᠭᠳᠠᠬᠤ ᠳ᠋ᠤ᠌ ᠰᠡᠳᠬᠢᠯ ᠲᠦᠭᠰᠢᠨ᠎ᠡ᠃ ᠬᠠᠰᠢᠶᠠᠨ ᠤ᠋ ᠬᠠᠭᠠᠯᠭ᠎ᠠ ᠪᠠᠷ ᠬᠣᠶᠠᠷ ᠬᠥᠮᠦᠨ ᠴᠤᠪᠤᠷᠠᠨ ᠭᠠᠷᠴᠤ ᠢᠷᠡᠭᠰᠡᠨ ᠦ᠌ ᠨᠢᠭᠡ ᠨᠢ ᠵᠠᠮᠢᠶᠠᠨ᠂ ᠨᠥᠭᠦᠭᠡ ᠨᠢ ᠦᠵᠡᠰᠬᠦᠯᠡᠩᠲᠦ ᠡᠮᠡᠭᠲᠡᠢ ᠪᠡᠶ᠎ᠡ ᠪᠡᠷ ᠢ᠋ᠶ᠋ᠡᠨ ᠪᠠᠢᠯ᠎ᠠ᠃ ᠲᠡᠳᠡᠨ ᠢ᠋ ᠬᠠᠰᠢᠶᠠᠨ ᠤ᠋ ᠬᠠᠷᠠᠩᠭᠤᠢ ᠰᠡᠭᠦᠳᠡᠷ ᠲᠦ᠍ ᠪᠡᠶ᠎ᠡ ᠬᠣᠷᠣᠭᠳᠠᠭᠤᠯᠤᠨ ᠠᠵᠢᠬᠤ ᠳ᠋ᠤ᠌ ᠵᠢᠷᠦᠬᠡ ᠪᠦᠷ ᠬᠦᠴᠦᠲᠡᠢ ᠴᠣᠬᠢᠯᠠᠨ᠎ᠠ᠃ ᠲᠡᠷᠭᠡᠨ ᠦ᠌ ᠬᠠᠵᠠᠭᠤ ᠳ᠋ᠤ᠌ ᠬᠣᠶᠠᠭᠤᠯᠠ ᠪᠠᠨ ᠵᠣᠭᠰᠣᠨ ᠬᠡᠳᠦᠨ ᠦᠭᠡ ᠬᠡᠯᠡᠯᠴᠡᠬᠦ ᠨᠢ ᠵᠠᠮᠢᠶᠠᠨ ᠶᠠᠮᠠᠷ ᠨᠢᠭᠡᠨ ᠵᠦᠢᠯ ᠳᠡᠭᠡᠷ᠎ᠡ ᠰᠤᠷᠭᠠᠮᠵᠢ ᠥᠭᠬᠦ ᠪᠣᠯᠤᠯᠲᠠᠢ᠃ 
       — ᠵᠠ ᠶᠠᠪᠤ ᠳᠠ! ᠭᠡᠬᠦ ᠳ᠋ᠦ᠍ ᠡᠮᠡᠭᠲᠡᠢ᠄《ᠵᠠ》 ᠭᠡᠳ ᠡᠪᠦᠳᠦᠭ ᠳᠠᠷᠤᠨ ᠮᠡᠬᠦᠰᠬᠢᠭᠡᠳ ᠲᠡᠷᠭᠡᠨ ᠳ᠋ᠡᠭᠡᠨ ᠣᠷᠣᠪᠠ᠃
       ᠵᠠᠮᠢᠶᠠᠨ ᠤ᠋ ᠪᠤᠴᠠᠨ ᠣᠷᠣᠬᠤ ᠳ᠋ᠤ᠌ ᠲᠡᠷᠭᠡ ᠠᠭᠠᠵᠢᠭᠤᠬᠠᠨ ᠬᠥᠳᠡᠯᠪᠡ᠃ ᠪᠠᠯᠳᠠᠨᠴᠡᠷᠢᠩ ᠬᠣᠢᠨ᠎ᠠ ᠠ᠋ᠴᠠ ᠨᠢ ᠥᠪᠡᠷ ᠦ᠋ᠨ ᠮᠠᠲᠠᠯ ᠦᠭᠡᠢ ᠳᠠᠭᠠᠭᠰᠠᠨ ᠠᠵᠢ᠃ ᠲᠡᠷᠡ ᠳᠣᠣᠷᠠᠬᠠᠨ ᠢ᠋ᠶ᠋ᠠᠨ ᠭᠦᠢᠴᠡᠨ ᠠᠷᠤ ᠳ᠋ᠤᠨᠢ ᠢᠷᠡᠭᠰᠡᠨ ᠪᠣᠯᠪᠠᠴᠤ᠂ ᠵᠡᠷᠭᠡᠴᠡᠨ ᠣᠴᠢᠬᠤ ᠠ᠋ᠴᠠ ᠪᠠᠨ ᠬᠠᠯᠠᠰᠢᠷᠠᠨ᠎ᠠ᠃ ᠡᠮᠡᠭᠲᠡᠢ ᠶ᠋ᠢᠨ ᠭᠤᠸ᠎ᠠ ᠰᠠᠢᠬᠠᠨ ᠴᠢᠷᠠᠢ᠂ ᠣᠶᠤᠨ ᠪᠢᠯᠢᠭ ᠲᠡᠭᠦᠯᠳᠡᠷ ᠮᠠᠩᠨᠠᠢ᠂ ᠤᠷᠠᠨ ᠲᠤᠩᠭᠠᠯᠠᠭ ᠬᠣᠭᠣᠯᠠᠢ᠂ ᠱᠤᠳᠤᠷᠭᠤ ᠴᠣᠬᠢᠳᠠᠭ ᠰᠠᠢᠬᠠᠨ ᠭᠠᠷ ᠲᠡᠷᠡ ᠪᠦᠷᠢ ᠪᠡᠷ ᠢ᠋ᠶ᠋ᠡᠨ ᠰᠡᠳᠬᠢᠯ ᠳ᠋ᠦ᠍ ᠲᠣᠰᠣᠨ ᠪᠣᠳᠣᠭᠳᠠᠵᠤ᠂ ᠳᠡᠷᠭᠡᠳᠡ ᠨᠢ ᠨᠢᠭᠡ ᠲᠠᠪᠠᠲᠠᠢ ᠰᠠᠭᠤᠨ ᠠᠵᠢᠬᠤ ᠬᠦᠰᠡᠯ ᠣᠷᠭᠢᠯᠤᠨ᠎ᠠ᠃ 
       ᠵᠢᠯᠣᠭᠣᠴᠢ ᠪᠠᠷᠭᠢᠯ ᠪᠦᠳᠦᠭᠦᠨ ᠬᠣᠭᠣᠯᠠᠢ ᠪᠠᠷ《ᠴᠤᠤ》 ᠭᠡᠵᠦ ᠮᠣᠷᠢᠨ ᠳ᠋ᠠᠭᠠᠨ ᠲᠠᠰᠢᠭᠤᠷ ᠥᠭᠭᠦᠨ ᠱᠠᠪᠬᠢᠯᠭᠡᠪᠡ᠃ ᠮᠣᠷᠢ ᠨᠢ ᠣᠷᠣᠭᠰᠢ ᠵᠢᠳᠬᠦᠨ ᠱᠣᠭᠰᠢᠵᠤ ᠲᠡᠷᠭᠡᠨ ᠦ᠌ ᠪᠥᠮᠪᠦᠭᠡᠨ ᠳᠤᠭᠤᠢ ᠨᠤᠭᠤᠳ ᠤ᠋ᠨ ᠡᠷᠭᠢᠯᠲᠡ ᠬᠤᠷᠳᠤᠰᠪᠠ᠃ ᠠᠷᠤ ᠳ᠋ᠤᠨᠢ ᠪᠠᠯᠳᠠᠨᠴᠡᠷᠢᠩ ᠬᠣᠴᠣᠷᠤᠯ᠎ᠠ᠃ ᠮᠣᠷᠢᠨ ᠲᠡᠷᠭᠡ ᠰᠥᠨᠢ ᠶ᠋ᠢᠨ ᠬᠠᠷᠠᠩᠭᠤᠢ ᠳ᠋ᠤ᠌ ᠪᠠᠷ᠎ᠠ ᠦᠭᠡᠢ ᠪᠣᠯᠵᠤ᠂ ᠨᠢᠭᠡ ᠦᠶ᠎ᠡ ᠵᠥᠪᠬᠡᠨ ᠮᠣᠷᠢᠨ ᠲᠤᠭᠤᠷᠠᠢ ᠶ᠋ᠢᠨ ᠴᠢᠮᠡᠭᠡ ᠰᠣᠨᠣᠰᠤᠭᠳᠠᠵᠤ ᠪᠠᠢᠭᠰᠠᠨ ᠢ᠋ᠶ᠋ᠠᠨ ᠪᠠᠰᠠ ᠲᠠᠰᠤᠷᠠᠬᠤ ᠨᠢ ᠠᠶ᠎ᠠ ᠦᠭᠡᠢ᠃ ᠪᠦᠬᠦ ᠤᠬᠠᠭᠠᠨ ᠰᠠᠨᠠᠭᠠᠨ ᠤ᠋ ᠬᠠᠭᠠᠰ ᠢ᠋ ᠠᠪᠤᠨ ᠣᠳᠬᠤ ᠰᠢᠭ᠋ ᠪᠣᠯᠤᠨ᠎ᠠ᠃ ᠲᠡᠨᠳᠡ ᠡᠴᠡ ᠬᠠᠰᠢᠶᠠᠨ ᠤ᠋ ᠪᠠᠨ ᠬᠠᠭᠠᠯᠭᠠᠨ ᠳᠡᠭᠡᠷ᠎ᠡ ᠢᠷᠡᠬᠦ ᠳ᠋ᠦ᠍ ᠪᠠᠰᠠ ᠯᠠ ᠵᠢᠭᠠᠬᠠᠨ ᠭᠠᠳᠠᠭᠤᠷ ᠶᠠᠪᠤᠭᠤᠰᠢᠲᠠᠢ ᠪᠣᠳᠣᠭᠳᠠᠨ᠎ᠠ᠃ ᠢᠩᠭᠢᠵᠦ ᠬᠣᠯᠬᠢᠬᠤ ᠨᠢ ᠪᠠᠰᠠ ᠶᠠᠭᠤᠨ ᠤ᠋ ᠲᠥᠯᠥᠭᠡ ᠪᠣᠢ ᠭᠡᠪᠡᠯ ᠰᠠᠶᠢ ᠶ᠋ᠢᠨ ᠡᠮᠡᠭᠲᠡᠢ ᠶ᠋ᠢᠨ ᠬᠣᠢᠨ᠎ᠠ ᠠ᠋ᠴᠠ ᠲᠡᠮᠡᠦᠯᠦᠭᠰᠡᠨ ᠰᠡᠳᠬᠢᠯ ᠪᠠᠢᠯ᠎ᠠ᠃ ᠳᠡᠭᠡᠭᠰᠢ ᠬᠠᠷᠠᠬᠤ ᠳ᠋ᠤ᠌ ᠦᠳᠡᠰᠢ ᠶ᠋ᠢᠨ ᠬᠢᠯᠠᠭᠠᠨ(ᠪᠢᠮᠪᠠ ᠭᠠᠷᠠᠭ) ᠣᠷᠣᠢ ᠳᠡᠭᠡᠷ᠎ᠡ ᠣᠷᠴᠢᠨ ᠲᠣᠭᠣᠷᠢᠨ ᠤ᠋ ᠪᠠᠨ ᠣᠯᠠᠨ ᠣᠳᠣᠳ ᠠ᠋ᠴᠠ ᠣᠨᠴᠠᠭᠠᠢ ᠭᠡᠭᠡ ᠭᠡᠷᠡᠯᠲᠡᠢ ᠪᠡᠷ ᠨᠢᠳᠦᠨ ᠳ᠋ᠦ᠍ ᠲᠤᠰᠬᠤ ᠨᠢ ᠥᠨᠥᠬᠢ ᠦᠵᠡᠰᠬᠦᠯᠡᠩᠲᠦ ᠡᠮᠡᠭᠲᠡᠢ ᠲᠦᠷᠭᠡᠨ ᠠᠭᠤᠯᠵᠠᠨ ᠲᠠᠨᠢᠯᠴᠠᠬᠤ ᠭᠡᠵᠦ ᠶᠠᠭᠠᠷᠠᠭᠤᠯᠤᠭᠠᠳ ᠪᠠᠢᠬᠤ ᠰᠢᠭ᠋ ᠰᠠᠨᠠᠭᠳᠠᠨ᠎ᠠ᠃ 
       ᠶᠡᠷᠦ ᠪᠠᠯᠳᠠᠨᠴᠡᠷᠢᠩ ᠡᠨᠡ ᠰᠥᠨᠢ ᠶ᠋ᠢᠨ᠂ ᠡᠨᠡ ᠮᠢᠨᠦᠬᠢ ᠡᠴᠡ ᠡᠬᠢᠯᠡᠨ ᠲᠡᠷᠡ ᠡᠮᠡᠭᠲᠡᠢ ᠶ᠋ᠢ ᠤᠯᠠᠮ ᠬᠦᠴᠦᠲᠡᠢ ᠬᠦᠰᠡᠨ ᠮᠥᠷᠥᠭᠡᠳᠬᠦ ᠪᠣᠯᠤᠯ᠎ᠠ᠃ ᠤᠯᠤᠰ ᠲᠥᠷᠥ ᠶ᠋ᠢᠨ ᠲᠤᠬᠠᠢ ᠭᠡᠪᠡᠯ《ᠲᠥᠷᠥ ᠶ᠋ᠢᠨ ᠲᠥᠯᠥᠭᠡ ᠣᠭᠣᠲᠣᠨ᠎ᠠ ᠪᠣᠭᠣᠵᠤ ᠦᠬᠦᠨ᠎ᠡ》 ᠭᠡᠭᠴᠢ ᠪᠡᠷ ᠮᠢᠨᠦ ᠡᠯᠳᠡᠪ ᠢ᠋ ᠪᠣᠳᠣᠨ ᠰᠠᠨᠠᠭ᠎ᠠ ᠰᠡᠳᠬᠢᠯ ᠢ᠋ᠶ᠋ᠡᠨ ᠵᠣᠪᠠᠭᠠᠬᠤ ᠶ᠋ᠢᠨ ᠬᠡᠷᠡᠭ ᠶᠠᠭᠤ ᠪᠢᠯᠡ? ᠭᠡᠵᠦ ᠥᠪᠡᠷᠲᠡᠭᠡᠨ ᠠᠰᠠᠭᠤᠳᠠᠯ ᠲᠠᠯᠪᠢᠨ᠎ᠠ᠃ ᠵᠠᠷᠢᠮ ᠳ᠋ᠠᠭᠠᠨ ᠪᠦᠷ ᠲᠡᠷᠡ ᠲᠤᠬᠠᠢ ᠣᠭᠲᠣ ᠶ᠋ᠢᠨ ᠮᠡᠳᠡᠳᠡᠭ ᠦᠭᠡᠢ ᠬᠥᠮᠦᠨ ᠪᠣᠯᠬᠤ ᠴᠤ᠌ ᠭᠡᠵᠦ ᠡᠷᠡᠮᠡᠯᠵᠡᠨ᠎ᠡ᠃ 

          
            ᠦᠰᠦᠭ ᠠᠮᠢᠯᠠᠭᠤᠯᠤᠭᠰᠠᠨ ᠨᠢ᠄ ᠪᠠᠭᠠᠲᠤᠷ