ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ– ᠬᠣᠶᠠᠷ᠂ ᠬᠣᠷᠮᠣᠢ ᠶᠢᠨ ᠳᠤᠩ Эр эмийн ёсон – Д᠂ Болдцэрэн <2-р бүлэг>– Хорвоогийн эрээн бараан - 2᠂ хормойн дун ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ– ᠬᠣᠶᠠᠷ᠂ ᠬᠣᠷᠮᠣᠢ ᠶᠢᠨ ᠳᠤᠩ Эр эмийн ёсон – Д᠂ Болдцэрэн <2-р бүлэг>– Хорвоогийн эрээн бараан - 2᠂ хормойн дун

ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ– ᠬᠣᠶᠠᠷ᠂ ᠬᠣᠷᠮᠣᠢ ᠶᠢᠨ ᠳᠤᠩ Эр эмийн ёсон – Д᠂ Болдцэрэн <2-р бүлэг>– Хорвоогийн эрээн бараан - 2᠂ хормойн дун

ᠠᠩᠭᠢᠯᠠᠯ:ᠡᠷᠡᠭᠦᠯ ᠡᠩᠬᠡ
2025-08-27

174

<ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ

ᠬᠣᠶᠠᠷ᠂ ᠬᠣᠷᠮᠣᠢ ᠶᠢᠨ ᠳᠤᠩ


       ᠬᠥᠮᠦᠨ ᠦ᠌ ᠪᠡᠯᠭᠡ ᠶ᠋ᠢᠨ ᠠᠮᠢᠳᠤᠷᠠᠯ ᠤ᠋ᠨ ᠦᠨᠳᠦᠰᠦᠨ ᠬᠡᠯᠪᠡᠷᠢ ᠨᠢ ᠬᠤᠷᠢᠴᠠᠯ ᠤ᠋ᠨ ᠦᠢᠯᠡᠳᠦᠯ ᠪᠥᠭᠡᠳ ᠲᠡᠭᠦᠨ ᠢ᠋ ᠬᠡᠪ ᠦ᠋ᠨ ᠪᠣᠯᠵᠤ ᠥᠩᠭᠡᠷᠡᠬᠦ ᠳ᠋ᠦ᠍ ᠪᠡᠯᠭᠡ ᠶ᠋ᠢᠨ ᠳᠤᠷ᠎ᠠ ᠲᠠᠴᠢᠶᠠᠯ ᠴᠢᠬᠤᠯᠠ ᠡᠭᠦᠷᠭᠡ ᠭᠦᠢᠴᠡᠳᠬᠡᠨ᠎ᠡ᠃ ᠶᠠᠭᠬᠢᠭᠠᠳ ᠭᠡᠪᠡᠯ ᠡᠭᠦᠨ ᠦᠭᠡᠢ ᠪᠡᠷ ᠬᠣᠣᠰ ᠤ᠋ᠨ ᠠᠮᠢᠳᠤᠷᠠᠯ ᠣᠷᠣᠰᠢᠨ ᠲᠣᠭᠲᠠᠨᠢᠵᠤ᠂ ᠤᠳᠤᠮ ᠤᠭᠰᠠᠭ᠎ᠠ ᠵᠠᠯᠭᠠᠮᠵᠢᠯᠠᠨ ᠦᠯᠡᠳᠡᠭᠡᠵᠦ ᠴᠢᠳᠠᠬᠤ ᠦᠭᠡᠢ ᠪᠢᠯᠡ᠃ ᠪᠡᠯᠭᠡ ᠶ᠋ᠢᠨ ᠳᠤᠷ᠎ᠠ ᠲᠠᠴᠢᠶᠠᠯ ᠪᠣᠯ ᠪᠠᠢᠭᠠᠯᠢ ᠠ᠋ᠴᠠ ᠬᠥᠮᠦᠨ ᠳ᠋ᠦ᠍ ᠬᠠᠢᠷᠠᠯᠠᠭᠰᠠᠨ《ᠬᠡᠰᠢᠭ》 ᠠᠭᠠᠳ ᠡᠨᠡ ᠨᠢ ᠬᠥᠮᠦᠨ ᠦ᠌ ᠪᠤᠰᠤᠳ ᠰᠠᠷᠠᠯ ᠤ᠋ᠨ ᠠᠳᠠᠯᠢ ᠤᠭᠤᠷᠠᠭ ᠲᠠᠷᠢᠬᠢᠨ ᠤ᠋ ᠪᠣᠷᠣ ᠭᠠᠳᠠᠷ ᠤ᠋ᠨ ᠪᠠᠢᠩᠭᠤ ᠶ᠋ᠢᠨ ᠬᠠᠷᠠᠭ᠎ᠠ ᠬᠢᠨᠠᠯᠲᠠ᠂ ᠨᠡᠢᠭᠡᠮ ᠦ᠋ᠨ ᠶᠣᠰᠣ ᠰᠤᠷᠲᠠᠬᠤᠨ ᠤ᠋ ᠨᠥᠯᠦᠭᠡᠨ ᠳᠣᠣᠷ᠎ᠠ ᠣᠷᠣᠰᠢᠨ᠎ᠠ᠃ ᠲᠡᠢᠮᠦ ᠡᠴᠡ ᠶᠣᠰᠣ ᠰᠤᠷᠲᠠᠬᠤᠨ ᠤ᠋ ᠦᠯᠡᠮᠵᠢ ᠳᠡᠭᠡᠳᠦ ᠴᠢᠨᠠᠷ ᠢ᠋ ᠪᠡᠶ᠎ᠡ ᠳ᠋ᠡᠭᠡᠨ ᠰᠢᠩᠭᠡᠭᠡᠭᠰᠡᠨ ᠥᠪ ᠲᠡᠭᠰᠢ ᠬᠥᠮᠦᠨ ᠳᠤᠷ᠎ᠠ ᠲᠠᠴᠢᠶᠠᠯ ᠢ᠋ᠶ᠋ᠠᠨ ᠡᠵᠡᠮᠳᠡᠨ ᠵᠠᠬᠢᠷᠴᠤ᠂ ᠲᠡᠭᠦᠨ ᠢ᠋ ᠵᠣᠷᠢᠭ ᠤᠬᠠᠭᠠᠨ ᠢ᠋ᠶ᠋ᠠᠷ ᠢ᠋ᠶ᠋ᠠᠨ ᠵᠥᠪ ᠵᠠᠯᠠᠨ ᠵᠢᠯᠣᠭᠣᠳᠴᠤ ᠴᠢᠳᠠᠨ᠎ᠠ᠃ ᠢᠩᠭᠢᠵᠦ ᠥᠪᠡᠷ ᠢ᠋ᠶ᠋ᠡᠨ ᠥᠪᠡᠷ ᠢ᠋ ᠪᠡᠨ ᠬᠢᠨᠠᠵᠤ᠂ ᠳᠤᠷ᠎ᠠ ᠲᠠᠴᠢᠶᠠᠯ ᠢ᠋ᠶ᠋ᠠᠨ ᠵᠠᠬᠢᠷᠬᠤ ᠴᠢᠳᠠᠪᠤᠷᠢ ᠪᠣᠯ ᠬᠥᠮᠦᠨ ᠦ᠌ ᠣᠶᠤᠨ ᠤᠬᠠᠭᠠᠨ᠂ ᠤᠬᠠᠮᠰᠠᠷ ᠤ᠋ᠨ ᠲᠣᠯᠢ ᠳᠠᠷᠤᠢ ᠮᠥᠨ᠃ ᠪᠡᠶ᠎ᠡ ᠪᠡᠨ ᠵᠠᠬᠢᠷᠬᠤ ᠴᠢᠳᠠᠪᠤᠷᠢ ᠦᠭᠡᠢ᠂ ᠰᠣᠬᠣᠷ ᠳᠤᠷ᠎ᠠ ᠲᠠᠴᠢᠶᠠᠯ ᠤ᠋ᠨ ᠢ᠋ᠶ᠋ᠠᠨ《ᠪᠣᠭᠣᠯ》 ᠪᠣᠯᠤᠭᠰᠠᠨ ᠬᠥᠮᠦᠨ ᠢ᠋ ᠮᠠᠨ ᠤ᠋ ᠬᠠᠭᠤᠴᠢᠴᠤᠤᠯ《ᠲᠠᠪᠲᠤᠷ ᠦᠭᠡᠢ ᠠᠮᠢᠲᠠᠨ》 ᠭᠡᠮᠡᠨ ᠵᠢᠮᠡᠯᠡᠨ ᠪᠤᠷᠤᠭᠤᠰᠢᠶᠠᠳᠠᠭ᠃ ᠶᠡᠷᠦᠨᠢ ᠬᠥᠮᠦᠨ ᠦ᠌ ᠲᠠᠪᠲᠤᠷ ᠠ᠋ᠴᠠ ᠶᠡᠬᠡ ᠵᠦᠢᠯ ᠰᠢᠯᠲᠠᠭᠠᠯᠠᠨ᠎ᠠ᠃ ᠲᠡᠢᠮᠦ ᠡᠴᠡ ᠬᠥᠮᠦᠨ ᠦ᠌ ᠪᠡᠯᠭᠡ ᠶ᠋ᠢᠨ ᠲᠠᠪᠲᠤᠷ ᠢ᠋ᠶ᠋ᠠᠷ ᠨᠢ ᠶᠠᠮᠠᠷ ᠬᠥᠮᠦᠨ ᠪᠣᠢ ᠭᠡᠳᠡᠭ ᠢ᠋ ᠰᠢᠭᠤᠳ ᠳᠤᠯᠢᠳᠠᠨ ᠬᠠᠷᠠᠵᠤ ᠪᠣᠯᠤᠨ᠎ᠠ ᠭᠡᠰᠡᠨ ᠦᠭᠡ᠃ ᠨᠠᠰᠤᠨ ᠰᠡᠭᠦᠳᠡᠷ ᠥᠨᠳᠥᠷ ᠭᠠᠷᠤᠭᠰᠠᠨ ᠴᠦ᠍ ᠪᠤᠷᠤᠭᠤ ᠥᠲᠡᠯᠦᠭᠰᠡᠨ ᠲᠠᠪᠲᠤᠷ ᠦᠭᠡᠢ ᠴᠥᠭᠡᠨ ᠲᠣᠭᠠᠨ ᠤ᠋ ᠵᠠᠷᠢᠮ ᠡᠪᠦᠭᠡᠳ ᠭᠠᠯ ᠨᠢ ᠪᠠᠭᠤᠷᠠᠭᠰᠠᠨ ᠨᠢᠳᠦᠨ ᠳ᠋ᠡᠭᠡᠨ ᠲᠠᠴᠢᠶᠠᠯ ᠤ᠋ᠨ ᠮᠠᠨᠠᠨ ᠰᠤᠭᠤᠨᠠᠭᠯᠠᠭᠤᠯᠤᠨ᠂ ᠭᠡᠨᠡᠨ ᠪᠠᠯᠴᠢᠷ ᠥᠬᠢᠳ ᠦ᠋ᠨ ᠲᠣᠯᠣᠭᠠᠢ ᠶ᠋ᠢ ᠡᠷᠭᠢᠭᠦᠯᠵᠦ᠂ ᠶᠣᠰᠣ ᠵᠢᠷᠤᠮ ᠦᠭᠡᠢ ᠶᠠᠪᠤᠳᠠᠯ ᠦᠢᠯᠡᠳᠬᠦ ᠶ᠋ᠢ ᠮᠠᠨ ᠤ᠋ ᠠᠷᠠᠳ ᠲᠦᠮᠡᠨ ᠵᠢᠭᠰᠢᠨ ᠵᠢᠪᠡᠭᠦᠴᠡᠵᠦ᠂《ᠰᠢᠷ᠎ᠠ ᠰᠡᠮᠵᠢᠯᠡᠭᠴᠢ》 ᠬᠡᠮᠡᠬᠦ ᠬᠣᠴᠢ ᠵᠡᠭᠦᠵᠦ ᠢᠷᠡᠭᠰᠡᠨ ᠪᠢᠯᠡ᠃ ᠡᠬᠡᠨᠡᠷ ᠬᠡᠦᠬᠡᠳ ᠦ᠋ᠨ ᠬᠠᠮᠲᠤ ᠠᠮᠢᠳᠤᠷᠠᠳᠠᠭ73 ᠨᠠᠰᠤᠲᠠᠢ ᠯ ᠭᠡᠭᠴᠢ ᠡᠪᠦᠭᠡᠨ13 ᠨᠠᠰᠤᠲᠠᠢ ᠥᠬᠢᠨ ᠢ᠋ ᠬᠦᠴᠦᠷᠬᠡᠭᠯᠡᠵᠦ ᠬᠤᠷᠢᠴᠠᠯ ᠦᠢᠯᠡᠳᠴᠡᠢ᠃ ᠭᠡᠪᠡᠴᠦ ᠡᠨᠡ ᠨᠢ ᠭᠡᠮ ᠪᠢᠰᠢ ᠵᠠᠩ ᠠᠵᠠᠢ᠃ ᠲᠡᠷᠡ ᠵᠠᠯᠠᠭᠤ ᠽᠠᠨᠳᠠᠨ ᠪᠠᠢᠬᠤ ᠠ᠋ᠴᠠ ᠪᠠᠨ ᠲᠠᠪᠲᠤᠷ ᠦᠭᠡᠢ ᠭᠡᠵᠦ ᠤᠳᠠᠭ᠎ᠠ ᠳᠠᠷᠠᠭ᠎ᠠ ᠡᠬᠡᠨᠡᠷ ᠰᠣᠯᠢᠭᠰᠠᠨ ᠨᠢᠭᠡᠨ ᠪᠠᠢᠪᠠ᠃
       ᠁ ᠢᠩᠭᠢᠵᠦ ᠪᠡᠯᠭᠡ ᠶ᠋ᠢᠨ ᠳᠤᠷ᠎ᠠ ᠲᠠᠴᠢᠶᠠᠯ ᠬᠡᠪ ᠦ᠋ᠨ ᠬᠡᠮᠵᠢᠶᠡᠨ ᠡᠴᠡ ᠪᠡᠨ ᠬᠡᠳᠦ ᠶᠡᠬᠡᠰᠬᠦ ᠶ᠋ᠢ ᠬᠣᠷᠮᠣᠢ ᠶ᠋ᠢᠨ ᠲᠤᠩ ᠭᠡᠵᠦ ᠨᠡᠷᠡᠯᠡᠳᠡᠭ᠃ ᠭᠡᠪᠡᠴᠦ ᠡᠭᠦᠨ ᠢ᠋ ᠡᠨᠡ ᠲᠠᠯ᠎ᠠ ᠶ᠋ᠢᠨ ᠬᠦᠰᠡᠯ ᠰᠣᠨᠢᠷᠬᠠᠯ ᠪᠠᠭᠠᠲᠠᠢ ᠬᠥᠮᠦᠨ ᠲᠡᠢ ᠬᠠᠷᠢᠴᠠᠭᠤᠯᠬᠤ ᠳ᠋ᠤ᠌ ᠳᠤᠷ᠎ᠠ ᠲᠠᠴᠢᠶᠠᠯ ᠬᠦᠴᠦᠲᠡᠢ ᠢᠯᠡᠷᠡᠳᠡᠭ ᠡᠷᠡᠭᠦᠯ ᠴᠢᠬᠢᠷᠠᠭ ᠤᠯᠤᠰ ᠠ᠋ᠴᠠ ᠢᠯᠭᠠᠵᠤ ᠬᠠᠢᠷᠠᠯᠠ ᠲᠠ ᠮᠢᠨᠢ᠃ ᠲᠡᠳᠡ ᠳᠤᠷ᠎ᠠ ᠬᠦᠰᠡᠯ ᠶᠡᠬᠡᠲᠡᠢ ᠴᠦ᠍ ᠭᠡᠰᠡᠨ ᠡᠨᠡ ᠨᠢ ᠲᠡᠳᠡᠨ ᠢ᠋ ᠬᠥᠮᠦᠨ ᠰᠢᠭ᠂ ᠬᠥᠮᠦᠨ ᠦ᠌ ᠲᠠᠢᠳᠠᠢ ᠶᠠᠪᠤᠬᠤ ᠳ᠋ᠤ᠌ ᠰᠠᠳᠠᠭ᠎ᠠ᠂ ᠰᠠᠭᠠᠳ ᠲᠣᠳᠬᠠᠷ ᠪᠣᠯᠬᠤ ᠦᠭᠡᠢ᠃ ᠬᠠᠷᠢᠨ ᠴᠦ᠍ ᠡᠷ᠎ᠡ ᠴᠢᠳᠠᠯ᠂ ᠡᠷᠴᠢ ᠬᠦᠴᠦ ᠨᠢ ᠬᠠᠷᠢᠭ᠎ᠠ ᠦᠭᠡᠢ ᠪᠠᠢᠭ᠎ᠠ ᠶ᠋ᠢ ᠭᠡᠷᠡᠴᠢᠯᠡᠨ᠎ᠡ᠃ ᠡᠢᠮᠦ ᠬᠥᠮᠦᠨ ᠢ᠋ ᠬᠣᠷᠮᠣᠢ ᠶ᠋ᠢᠨ ᠲᠤᠩ ᠲᠠᠢ ᠭᠡᠬᠦ ᠶᠦᠮ ᠪᠣᠯ ᠮᠤᠩᠬᠠᠭ ᠬᠡᠷᠡᠭ ᠪᠣᠯᠬᠤ ᠪᠢᠵᠡ᠃ ᠬᠣᠷᠮᠣᠢ ᠶ᠋ᠢᠨ ᠲᠤᠩ ᠱᠦᠭᠯᠡᠭᠰᠡᠨ ᠬᠥᠮᠦᠨ ᠭᠡᠳᠡᠭ ᠪᠣᠯ ᠱᠠᠯᠢᠭ ᠰᠠᠮᠠᠭᠤᠨ ᠶᠠᠪᠤᠳᠠᠯ ᠠ᠋ᠴᠠ ᠥᠭᠡᠷ᠎ᠡ ᠪᠣᠳᠣᠬᠤ ᠦᠭᠡᠢ᠂ ᠪᠦᠬᠦᠨ ᠢ᠋ ᠤᠮᠠᠷᠲᠠᠨ᠂ ᠡᠷᠡᠭᠡ ᠴᠡᠭᠡᠷ ᠢ᠋ᠶ᠋ᠡᠨ ᠠᠯᠳᠠᠵᠤ᠂ ᠰᠣᠬᠣᠷ ᠳᠤᠷ᠎ᠠ ᠲᠠᠴᠢᠶᠠᠯ ᠳ᠋ᠠᠭᠠᠨ ᠪᠤᠷᠠᠨᠲᠠᠭᠯᠠᠭᠤᠯᠤᠨ ᠬᠥᠲᠥᠯᠦᠭᠦᠯᠦᠨ᠎ᠡ᠃ ᠡᠷᠡᠭᠦᠯ ᠰᠠᠷᠠᠭᠤᠯ ᠬᠤᠷᠢᠴᠠᠯ ᠤ᠋ᠨ ᠳᠠᠷᠠᠭ᠎ᠠ ᠪᠡᠶ᠎ᠡ ᠨᠢ ᠲᠠᠯᠪᠢᠭᠤᠷᠠᠵᠤ᠂ ᠪᠡᠯᠭᠡ ᠶ᠋ᠢᠨ ᠳᠤᠷ᠎ᠠ ᠬᠠᠨᠤᠨ᠂ ᠬᠦᠰᠡᠯ ᠲᠠᠴᠢᠶᠠᠯ ᠨᠢ ᠤᠨᠲᠠᠷᠠᠬᠤ ᠶ᠋ᠢᠨ ᠰᠠᠴᠠᠭᠤ ᠪᠡᠯᠭᠡ ᠶ᠋ᠢᠨ ᠰᠠᠷᠠᠯ ᠦᠭᠡᠢ ᠦᠶ᠎ᠡ ᠡᠬᠢᠯᠡᠨ᠎ᠡ᠃ ᠡᠨᠡ ᠡᠷᠴᠢ ᠬᠦᠴᠦ ᠪᠡᠨ ᠴᠢᠨᠠᠭᠰᠢᠳᠠ ᠤᠳᠬ᠎ᠠ ᠤᠴᠢᠷ ᠦᠭᠡᠢ᠂ ᠳᠡᠮᠡᠢ ᠵᠠᠷᠤᠴᠠᠭᠤᠯᠬᠤ ᠠ᠋ᠴᠠ ᠬᠢᠮᠠᠭᠠᠳᠠᠭᠰᠠᠨ ᠬᠠᠮᠠᠭᠠᠯᠠᠬᠤ ᠰᠠᠭᠠᠲᠠᠯ ᠶᠤᠮ᠃ ᠡᠢᠨᠬᠦ ᠪᠡᠯᠭᠡ ᠶ᠋ᠢᠨ ᠦᠢᠯᠡ ᠠᠵᠢᠯᠯᠠᠭ᠎ᠠ ᠶ᠋ᠢ ᠪᠠᠢᠭᠠᠯᠢ ᠡᠬᠡ ᠥᠪᠡᠷ ᠢ᠋ᠶ᠋ᠡᠨ ᠤᠳᠤᠷᠢᠳᠤᠨ ᠵᠣᠬᠢᠴᠠᠭᠤᠯᠵᠤ᠂ ᠬᠤᠷᠢᠴᠠᠯ ᠤ᠋ᠨ ᠦᠢᠯᠡᠳᠦᠯ ᠢᠯᠡᠭᠦᠳᠡᠬᠦ ᠠᠪᠠᠰᠤ ᠲᠡᠭᠦᠨ ᠢ᠋ ᠵᠣᠭᠰᠣᠭᠠᠨ᠎ᠠ᠃ ᠡᠭᠦᠨ ᠦ᠌ ᠤᠴᠢᠷ ᠪᠣᠯ ᠬᠢᠷᠢ ᠡᠴᠡ ᠳᠠᠪᠠᠭᠰᠠᠨ ᠬᠤᠷᠢᠴᠠᠯ ᠨᠢ ᠬᠥᠮᠦᠨ ᠦ᠌ ᠮᠡᠳᠡᠷᠡᠯ ᠦ᠋ᠨ ᠰᠢᠰᠲ᠋ᠧᠮ ᠢ᠋ ᠶᠠᠳᠠᠷᠠᠭᠤᠯᠬᠤ ᠳ᠋ᠤ᠌ ᠬᠦᠷᠭᠡᠳᠡᠭ ᠲᠦ᠍ ᠣᠷᠣᠰᠢᠨ᠎ᠠ᠃ ᠲᠡᠭᠡᠪᠡᠯ ᠬᠣᠷᠮᠣᠢ ᠶ᠋ᠢᠨ ᠲᠤᠩ ᠱᠦᠭᠯᠡᠭᠰᠡᠨ ᠬᠥᠮᠦᠨ ᠬᠡᠳᠦᠨ ᠴᠦ᠍ ᠤᠳᠠᠭ᠎ᠠ ᠡᠩᠭᠡᠷ ᠵᠥᠷᠢᠭᠦᠯᠦᠭᠡᠳ ᠬᠠᠨᠵᠤ ᠴᠠᠳᠬᠤ ᠶ᠋ᠢ ᠮᠡᠳᠡᠬᠦ ᠦᠭᠡᠢ᠂ ᠤᠯᠠᠮ ᠰᠢᠨᠤᠨ ᠮᠤᠨᠤᠭᠯᠠᠨ᠎ᠠ᠃ ᠡᠢᠨᠬᠦ ᠬᠦᠰᠡᠯ ᠲᠠᠴᠢᠶᠠᠯ ᠳ᠋ᠠᠭᠠᠨ ᠮᠠᠩᠰᠢᠭᠤᠷᠠᠨ ᠣᠯᠳᠠᠵᠤ ᠯᠠ ᠪᠠᠢᠪᠠᠯ ᠬᠥᠭᠰᠢᠨ ᠵᠠᠯᠠᠭᠤ᠂ ᠰᠠᠢᠬᠠᠨ ᠮᠠᠭᠤᠬᠠᠢ ᠭᠡᠵᠦ ᠢᠯᠭᠠᠯ ᠦᠭᠡᠢ ᠬᠠᠪᠢᠳᠠᠭᠰᠠᠨ ᠣᠢᠷᠠᠲᠤᠭᠰᠠᠨ ᠪᠣᠯᠭᠠᠨ ᠲᠠᠢ ᠡᠩᠭᠡᠷ ᠵᠥᠷᠢᠭᠦᠯᠬᠦ ᠶ᠋ᠢ ᠤᠷᠢᠳᠠᠯ ᠪᠣᠯᠭᠠᠨ᠎ᠠ᠃ ᠢᠩᠭᠢᠬᠦᠯᠡᠷ᠂ ᠬᠤᠷᠢᠴᠠᠯ ᠳᠤᠷ᠎ᠠ ᠲᠠᠴᠢᠶᠠᠯ᠂ ᠲᠡᠭᠦᠨ ᠦ᠌《ᠲᠣᠭᠠᠨ》 ᠦᠵᠡᠭᠦᠯᠦᠯᠲᠡ ᠪᠣᠯ ᠬᠣᠷᠮᠣᠢ ᠶ᠋ᠢᠨ ᠲᠤᠩ ᠬᠡᠮᠵᠢᠬᠦ ᠨᠢᠭᠡ ᠦᠨᠳᠦᠰᠦᠨ ᠬᠡᠮᠵᠢᠭᠦᠷ ᠪᠣᠯᠪᠠᠴᠤ ᠪᠦᠬᠦᠨ ᠢ᠋ ᠲᠠᠩᠳᠠ ᠭᠠᠭᠴᠠ ᠡᠭᠦᠨ ᠢ᠋ᠶ᠋ᠡᠷ ᠰᠢᠢᠳᠴᠦ ᠪᠠᠰᠠ ᠪᠣᠯᠬᠤ ᠦᠭᠡᠢ ᠨᠢ ᠣᠢᠯᠠᠭᠠᠮᠵᠢᠲᠠᠢ᠃ ᠬᠣᠷᠮᠣᠢ ᠶ᠋ᠢᠨ ᠲᠤᠩ ᠢ᠋ ᠲᠣᠭᠲᠠᠭᠠᠬᠤ ᠳ᠋ᠤ᠌ ᠬᠤᠷᠢᠴᠠᠯ ᠦᠢᠯᠡᠳᠬᠦ ᠲᠣᠭᠠᠨ ᠦᠵᠡᠭᠦᠯᠦᠯᠲᠡ᠂ ᠪᠡᠯᠭᠡ ᠶ᠋ᠢᠨ ᠳᠤᠷ᠎ᠠ ᠲᠠᠴᠢᠶᠠᠯ ᠠ᠋ᠴᠠ ᠭᠠᠳᠠᠨ᠎ᠠ ᠪᠡᠶ᠎ᠡ ᠬᠥᠮᠦᠨ ᠦ᠌ ᠲᠥᠯᠦᠪᠰᠢᠯ᠂ ᠨᠡᠢᠭᠡᠮ ᠦ᠋ᠨ ᠪᠠᠢᠷᠢ ᠰᠠᠭᠤᠷᠢ᠂ ᠨᠣᠶᠠᠨ ᠨᠢᠷᠤᠭᠤ ᠵᠡᠷᠭᠡ ᠶ᠋ᠢ ᠵᠠᠪᠠᠯ ᠬᠠᠷᠠᠭᠠᠯᠵᠠᠨ ᠦᠵᠡᠬᠦ ᠤᠴᠢᠷ ᠲᠠᠢ ᠶᠤᠮ᠃ ᠭᠡᠪᠡᠴᠦ ᠬᠥᠮᠦᠨ ᠲᠥᠯᠥᠪᠰᠢᠨ᠎ᠡ ᠭᠡᠳᠡᠭ ᠨᠠᠰᠤᠨ ᠤ᠋ ᠢᠯᠭᠠᠪᠤᠷᠢ ᠪᠠᠷ ᠪᠤᠰᠤ ᠤᠬᠠᠭᠠᠨ ᠤ᠋ ᠡᠩ ᠢ᠋ᠶ᠋ᠡᠷ ᠬᠡᠮᠵᠢᠳᠡᠭ ᠪᠣᠯᠤᠯᠲᠠᠢ᠃ ᠬᠥᠮᠦᠨ ᠪᠦᠬᠦᠨ ᠦ᠌ ᠬᠠᠢᠷ᠎ᠠ ᠬᠦᠨᠳᠦᠳᠬᠡᠯ ᠢ᠋ ᠪᠤᠯᠢᠶᠠᠬᠤ ᠠᠵᠠᠢ ᠪᠤᠭᠤᠷᠤᠯ ᠪᠣᠯᠤᠭᠰᠠᠨ ᠠᠲᠠᠯ᠎ᠠ᠂ ᠨᠠᠰᠤ ᠲᠣᠭᠲᠠᠭ᠎ᠠ ᠦᠭᠡᠢ᠂ ᠨᠠᠮᠪᠠᠭ᠎ᠠ ᠰᠠᠭᠤᠭᠠᠳᠤᠢ ᠬᠥᠮᠦᠨ ᠮᠡᠷ ᠰᠡᠷ ᠴᠦ᠍ ᠭᠡᠰᠡᠨ ᠪᠣᠢ᠃ 
       ᠁56 ᠨᠠᠰᠤᠲᠠᠢ᠂ ᠳᠡᠭᠡᠳᠦ ᠪᠣᠯᠪᠠᠰᠤᠷᠠᠯ ᠲᠠᠢ᠂ ᠰᠦᠬᠡᠪᠠᠭᠠᠲᠤᠷ ᠤ᠋ᠨ ᠲᠡᠭᠦᠷᠭᠡ ᠳ᠋ᠦ᠍ ᠣᠷᠣᠰᠢᠨ ᠰᠠᠭᠤᠭᠴᠢ ᠳ ᠭᠡᠳᠡᠭ ᠪᠠᠭ᠎ᠠ ᠨᠠᠰᠤᠨ ᠤ᠋ ᠥᠬᠢᠳ ᠦ᠋ᠨ ᠪᠡᠯᠭᠡ ᠡᠷᠬᠡᠲᠡᠨ ᠢ᠋ ᠬᠤᠷᠤᠭᠤ᠂ ᠭᠠᠷ ᠢ᠋ᠶ᠋ᠠᠷ ᠢ᠋ᠶ᠋ᠠᠨ ᠤᠷᠤᠯᠳᠤᠵᠤ ᠳᠤᠷ᠎ᠠ ᠪᠠᠨ ᠲᠠᠢᠯᠳᠠᠭ ᠨᠢᠭᠡᠨ ᠪᠠᠢᠪᠠ᠃ ᠬᠣᠷᠮᠣᠢ ᠶ᠋ᠢᠨ ᠲᠤᠩ ᠪᠣᠯ ᠵᠠᠯᠠᠭᠤ ᠽᠠᠨᠳᠠᠨ ᠴᠠᠭ ᠠ᠋ᠴᠠ ᠪᠠᠨ ᠳᠤᠷ᠎ᠠ ᠲᠠᠴᠢᠶᠠᠯ ᠢ᠋ᠶ᠋ᠠᠨ ᠬᠢᠮᠠᠭᠠᠳᠠᠬᠤ ᠦᠭᠡᠢ᠂ ᠲᠡᠭᠦᠨ ᠢ᠋ ᠵᠣᠷᠢᠭ ᠢ᠋ᠶ᠋ᠠᠷ ᠢ᠋ᠶ᠋ᠠᠨ ᠪᠠᠢᠯᠭᠠᠭᠰᠠᠨ ᠤ᠋《ᠱᠠᠩ》 ᠶᠤᠮ᠃ ᠡᠢᠮᠦ ᠳ᠋ᠦ᠍ ᠬᠠᠷ᠎ᠠ ᠪᠠᠭ᠎ᠠ ᠠ᠋ᠴᠠ ᠪᠠᠨ ᠪᠡᠶ᠎ᠡ ᠪᠡᠨ ᠡᠵᠡᠮᠳᠡᠨ ᠵᠠᠬᠢᠷᠴᠤ ᠰᠤᠷᠬᠤ ᠬᠡᠷᠡᠭᠲᠡᠢ᠃ ᠬᠡᠷᠪᠡ ᠲᠠ ᠪᠡᠶ᠎ᠡ ᠪᠡᠨ ᠵᠠᠬᠢᠷᠴᠤ ᠴᠢᠳᠠᠬᠤ ᠦᠭᠡᠢ ᠪᠣᠯ ᠬᠣᠷᠮᠣᠢ ᠶ᠋ᠢᠨ ᠲᠤᠩ ᠱᠦᠭᠯᠡᠵᠦ ᠪᠠᠢᠭ᠎ᠠ ᠨᠢ ᠲᠡᠷᠡ ᠪᠥᠭᠡᠳ ᠢᠩᠭᠢᠭᠰᠡᠨ ᠢ᠋ᠶ᠋ᠡᠷ ᠬᠥᠮᠦᠨ ᠨᠡᠷ᠎ᠡ ᠪᠡᠨ ᠠᠯᠳᠠᠵᠤ᠂ ᠬᠡᠨ ᠳ᠋ᠦ᠍ ᠴᠦ᠍ ᠬᠡᠷᠡᠭ ᠦᠭᠡᠢ ᠬᠥᠮᠦᠨ ᠪᠣᠯᠤᠨ ᠬᠤᠪᠢᠷᠠᠨ᠎ᠠ᠃ ᠬᠥᠮᠦᠨ ᠦ᠌ ᠨᠡᠷ᠎ᠡ ᠪᠡᠨ᠂ ᠲᠣᠭᠣᠰ ᠥᠳᠥ ᠪᠡᠨ ᠭᠡᠳᠡᠭ ᠪᠤᠰᠤ ᠤᠤ? ᠪᠡᠯᠭᠡ ᠶ᠋ᠢᠨ ᠡᠮᠭᠡᠭ ᠰᠤᠳᠤᠯᠤᠯ ᠤ᠋ᠨ ᠫᠷᠠᠺᠲ᠋ᠢᠭ ᠲᠤ᠌ ᠬᠣᠷᠮᠣᠢ ᠶ᠋ᠢᠨ ᠲᠤᠩ ᠲᠠᠢ ᠪᠣᠯᠬᠤ ᠪᠠᠢᠳᠠᠯ ᠢ᠋ᠶ᠋ᠠᠷ ᠢᠯᠡᠷᠡᠳᠡᠭ ᠪᠡᠯᠭᠡ ᠶ᠋ᠢᠨ ᠡᠮᠭᠡᠭ ᠥᠭᠡᠷᠡᠴᠢᠯᠡᠯᠲᠡ ᠴᠥᠭᠡᠨ ᠦᠭᠡᠢ ᠲᠣᠬᠢᠶᠠᠯᠳᠤᠳᠠᠭ᠃ ᠭᠡᠪᠡᠴᠦ ᠪᠡᠯᠭᠡ ᠶ᠋ᠢᠨ ᠳᠤᠷ᠎ᠠ ᠪᠠᠭᠤᠷᠠᠬᠤ ᠨᠢ ᠡᠭᠦᠨ ᠡᠴᠡ ᠬᠠᠪᠢ ᠦᠭᠡᠢ ᠡᠯᠪᠡᠭ ᠪᠠᠢᠳᠠᠭ᠃ ᠪᠡᠯᠭᠡ ᠶ᠋ᠢᠨ ᠳᠤᠷ᠎ᠠ ᠬᠡᠳᠦ ᠶᠡᠬᠡᠰᠬᠦ ᠨᠢ ᠮᠡᠳᠡᠷᠡᠯ— ᠰᠡᠳᠬᠢᠴᠡ ᠶ᠋ᠢᠨ ᠪᠣᠯᠤᠨ ᠳᠣᠲᠣᠭᠠᠳᠤ ᠱᠦᠭᠦᠷᠡᠯ ᠦ᠋ᠨ ᠪᠤᠯᠴᠢᠷᠬᠠᠢ ᠶ᠋ᠢᠨ ᠶᠠᠩᠵᠤ ᠪᠦᠷᠢ ᠶ᠋ᠢᠨ ᠡᠪᠡᠳᠴᠢᠨ ᠦ᠌ ᠦᠶ᠎ᠡ ᠳ᠋ᠦ᠍ ᠭᠠᠷᠴᠤ ᠪᠣᠯᠤᠨ᠎ᠠ᠃ ᠢᠯᠠᠩᠭᠤᠶ᠎ᠠ ᠲᠠᠷᠢᠬᠢᠨ ᠰᠤᠳᠠᠰᠤᠨ ᠤ᠋ ᠡᠪᠡᠳᠴᠢᠨ᠂ ᠬᠠᠪᠤᠳᠠᠷ᠂ ᠭᠡᠮᠲᠦᠯ ᠵᠡᠷᠭᠡ ᠶ᠋ᠢᠨ ᠤᠯᠠᠮ ᠠ᠋ᠴᠠ ᠪᠡᠯᠭᠡ ᠶ᠋ᠢᠨ ᠦᠢᠯᠡ ᠠᠵᠢᠯᠯᠠᠭ᠎ᠠ ᠶ᠋ᠢ ᠤᠳᠤᠷᠢᠳᠤᠨ ᠵᠣᠬᠢᠴᠠᠭᠤᠯᠳᠠᠭ ᠲᠠᠷᠢᠬᠢᠨ ᠤ᠋ ᠵᠠᠷᠢᠮ ᠲᠣᠭᠲᠠᠯᠴᠠᠭ᠎ᠠ ᠶ᠋ᠢᠨ(ᠬᠢᠫᠤᠲ᠋ᠠᠯᠠᠮᠤᠰ᠂ ᠯᠢᠮᠹᠠ ᠶ᠋ᠢᠨ ᠰᠢᠰᠲ᠋ᠧᠮ ᠭᠡᠬᠦ ᠮᠡᠲᠦ) ᠦᠢᠯᠡ ᠠᠵᠢᠯᠯᠠᠭ᠎ᠠ ᠠᠯᠳᠠᠭᠳᠠᠭᠰᠠᠨ ᠠ᠋ᠴᠠ ᠪᠡᠯᠭᠡ ᠶ᠋ᠢᠨ ᠳᠤᠷ᠎ᠠ ᠬᠡᠳᠦ ᠶᠡᠬᠡᠰᠬᠦ ᠨᠢ ᠴᠥᠭᠡᠨ ᠦᠭᠡᠢ ᠪᠠᠢᠳᠠᠭ᠃ ᠲᠡᠢᠮᠦ ᠡᠴᠡ ᠮᠡᠷᠭᠡᠵᠢᠯ ᠦ᠋ᠨ ᠡᠮᠴᠢ ᠳ᠋ᠦ᠍ ᠴᠠᠭ ᠠᠯᠳᠠᠯ ᠦᠭᠡᠢ ᠣᠴᠢᠵᠤ᠂ ᠵᠥᠪᠯᠡᠯᠭᠡ ᠠᠪᠬᠤ ᠨᠢ ᠵᠦᠢᠲᠡᠢ᠃ ᠪᠡᠯᠭᠡ ᠶ᠋ᠢᠨ ᠰᠤᠯᠠᠷᠠᠯ ᠲᠠᠢ ᠡᠷᠡᠴᠦᠳ ᠡᠪᠡᠳᠴᠢᠨ ᠳ᠋ᠡᠭᠡᠨ ᠡᠨᠡᠯᠦᠨ ᠰᠢᠨᠠᠯᠵᠤ᠂ ᠡᠮᠴᠢ ᠶ᠋ᠢᠨ ᠵᠥᠪᠯᠡᠯᠭᠡ ᠠᠪᠬᠤ ᠶ᠋ᠢ ᠦᠨᠡᠨ ᠭᠣᠣᠯ ᠠ᠋ᠴᠠ ᠪᠠᠨ ᠬᠦᠰᠡᠵᠦ᠂ ᠲᠡᠭᠦᠨ ᠡᠴᠡ ᠥᠪᠡᠷᠰᠡᠳ ᠢ᠋ᠶ᠋ᠡᠨ ᠰᠠᠨᠠᠭᠠᠴᠢᠯᠠᠨ ᠣᠴᠢᠳᠠᠭ ᠪᠣᠯ ᠬᠣᠷᠮᠣᠢ ᠶ᠋ᠢᠨ ᠲᠤᠩ ᠱᠦᠭᠯᠡᠭᠰᠡᠨ ᠬᠥᠮᠦᠨ ᠪᠤᠰᠤᠳ ᠤ᠋ᠨ ᠰᠢᠬᠠᠯᠲᠠ ᠱᠠᠭᠠᠷᠳᠠᠯᠭ᠎ᠠ ᠪᠠᠷ ᠳᠤᠷ᠎ᠠ ᠲᠠᠢ ᠳᠤᠷ᠎ᠠ ᠦᠭᠡᠢ ᠡᠮᠴᠢ ᠳ᠋ᠦ᠍ ᠣᠴᠢᠬᠤ ᠠ᠋ᠴᠠ ᠪᠢᠰᠢ᠂ ᠥᠪᠡᠷᠰᠡᠳ ᠦ᠋ᠨ ᠰᠠᠨᠠᠭᠠᠴᠢᠯᠠᠭ᠎ᠠ ᠠ᠋ᠴᠠ ᠬᠦᠷᠦᠭᠡᠳ ᠢᠷᠡᠬᠦ ᠨᠢ ᠬᠡᠵᠢᠶ᠎ᠡ ᠴᠦ᠍ ᠦᠭᠡᠢ᠃ ᠡᠢᠮᠦ ᠳ᠋ᠦ᠍ ᠲᠡᠳᠡᠨ ᠢ᠋《ᠲᠤᠩ ᠢ᠋ᠶ᠋ᠠᠨ》 ᠣᠢᠯᠠᠭᠠᠭᠠᠳ ᠡᠮᠴᠢ ᠳ᠋ᠦ᠍ ᠬᠦᠷᠴᠦ ᠣᠴᠢᠬᠤ ᠶ᠋ᠢ ᠬᠦᠯᠢᠶᠡᠵᠦ ᠰᠠᠭᠤᠪᠠᠯ ᠶᠣᠰᠣᠲᠠᠢ《ᠪᠤᠬ᠎ᠠ ᠶ᠋ᠢᠨ ᠳᠣᠣᠷᠠᠬᠢ ᠶ᠋ᠢ ᠬᠠᠷᠠᠵᠤ ᠦᠨᠡᠭᠡ ᠲᠤᠷᠠᠵᠤ ᠦᠬᠦᠨ᠎ᠡ》 ᠭᠡᠭᠴᠢ ᠶ᠋ᠢᠨ ᠦᠯᠢᠭᠡᠷ ᠪᠣᠯᠤᠨ᠎ᠠ᠃ 
       ᠁ ᠬᠣᠷᠮᠣᠢ ᠶ᠋ᠢᠨ ᠲᠤᠩ ᠤ᠋ᠨ ᠨᠢᠭᠡ ᠬᠡᠯᠪᠡᠷᠢ ᠪᠣᠯ ᠳᠤᠩᠵᠢᠭᠤᠨ ᠤ᠋ ᠬᠠᠮ ᠰᠢᠨᠵᠢ ᠶᠦᠮ᠃ ᠳᠤᠩᠵᠢᠭᠤᠨ ᠬᠡᠮᠡᠬᠦ ᠡᠨᠡ ᠨᠡᠷ᠎ᠡ ᠪᠡᠯᠭᠡ ᠶ᠋ᠢᠨ ᠡᠮᠭᠡᠭ ᠰᠤᠳᠤᠯᠤᠯ ᠳ᠋ᠤ᠌ ᠲᠡᠳᠦᠢ ᠦᠭᠡᠢ ᠤᠳᠬ᠎ᠠ ᠵᠣᠬᠢᠶᠠᠯ᠂ ᠤᠷᠠᠯᠢᠭ ᠲᠤ᠌ ᠭᠦᠨ ᠭᠦᠨᠵᠡᠭᠡᠢ ᠨᠡᠪᠲᠡᠷᠡᠵᠡᠢ᠃ ᠳᠤᠩᠵᠢᠭᠤᠨ ᠤ᠋ ᠬᠠᠮ ᠰᠢᠨᠵᠢ ᠭᠡᠳᠡᠭ ᠪᠣᠯ ᠰᠠᠢᠬᠠᠨ ᠬᠠᠨᠢ ᠢᠵᠢᠯᠢ᠂ ᠦᠷ᠎ᠡ ᠬᠡᠦᠬᠡᠳ ᠲᠡᠢ᠂ ᠶᠡᠷᠦᠨᠢ ᠳᠤᠲᠠᠭᠳᠠᠵᠤ ᠭᠠᠴᠢᠭᠳᠠᠬᠤ ᠶᠠᠭᠤᠮ᠎ᠠ ᠶᠠᠭᠤ ᠴᠦ᠍ ᠦᠭᠡᠢ ᠬᠢᠷᠢ ᠳ᠋ᠦ᠍ ᠦᠷᠭᠦᠯᠵᠢ ᠢᠯᠡᠭᠦᠦ ᠬᠠᠷᠠᠵᠤ᠂ ᠪᠢᠯᠡᠭᠦᠦ ᠳᠣᠯᠢᠶᠠᠵᠤ ᠶᠠᠪᠤᠳᠠᠭ ᠬᠥᠮᠦᠨ ᠢ᠋ ᠬᠡᠯᠡᠳᠡᠭ᠃ ᠡᠨᠡ ᠨᠢ ᠨᠢᠭᠡ ᠲᠠᠯ᠎ᠠ ᠠ᠋ᠴᠠ ᠪᠡᠯᠭᠡ ᠶ᠋ᠢᠨ ᠳᠤᠷ᠎ᠠ ᠬᠡᠳᠦ ᠶᠡᠬᠡᠲᠡᠢ ᠬᠣᠯᠪᠣᠭ᠎ᠠ ᠲᠠᠢ ᠪᠠᠢᠬᠤ ᠪᠣᠯᠪᠠᠴᠤ ᠨᠥᠭᠦᠭᠡ ᠲᠠᠯ᠎ᠠ ᠠ᠋ᠴᠠ ᠶᠡᠬᠡᠪᠴᠢᠯᠡᠨ ᠥᠪᠡᠷ ᠢ᠋ ᠪᠡᠨ ᠳᠣᠣᠷ᠎ᠠ ᠳ᠋ᠤ᠌ ᠦᠵᠡᠬᠦ᠂ ᠭᠣᠯᠣᠵᠤ ᠭᠣᠣᠳᠠᠵᠤ ᠶᠠᠪᠤᠳᠠᠭ᠂ ᠥᠪᠡᠷ ᠲᠡᠭᠡᠨ ᠢᠲᠡᠭᠡᠬᠦ ᠢᠲᠡᠭᠡᠯ ᠰᠤᠯᠠ ᠳᠣᠷᠣᠢ ᠥᠭᠡᠳᠡ ᠦᠭᠡᠢ ᠮᠠᠭᠤ ᠡᠷ᠎ᠡ ᠶ᠋ᠢᠨ ᠰᠢᠨᠵᠢ ᠶᠦᠮ᠃ ᠲᠡᠳᠡ ᠦᠶ᠎ᠡ ᠳᠠᠩ ᠤ᠋ᠨ ᠬᠥᠮᠦᠨ ᠳ᠋ᠡᠭᠡᠨ ᠪᠣᠯᠬᠤ ᠪᠠᠷ ᠬᠠᠯᠳᠠᠬᠤ ᠵᠢᠷᠦᠬᠡ ᠵᠣᠷᠢᠭ ᠪᠠᠢᠬᠤ ᠦᠭᠡᠢ ᠠᠲᠠᠯ᠎ᠠ ᠤᠴᠢᠷ ᠮᠡᠳᠡᠬᠦ ᠦᠭᠡᠢ ᠪᠠᠯᠴᠢᠷ ᠪᠠᠭ᠎ᠠ ᠥᠬᠢᠳ ᠢ᠋ ᠪᠣᠯᠬᠤ ᠪᠠᠷ ᠡᠯᠡᠭ ᠪᠠᠷᠢᠵᠤ᠂ ᠳᠥᠩᠭᠡᠴᠢᠬᠡᠬᠦ ᠶ᠋ᠢ ᠪᠣᠳᠣᠳᠠᠭ ᠠᠷᠭᠠᠴᠠᠭ᠎ᠠ ᠦᠭᠡᠢ ᠤᠯᠤᠰ᠃ ᠡᠢᠮᠦᠷᠬᠦ ᠳᠤᠩᠵᠢᠭᠤᠨ ᠦᠷ᠎ᠡ ᠰᠡᠳᠡ ᠨᠠᠷ ᠲᠠᠢ ᠪᠢᠳᠡ ᠡᠪᠯᠡᠷᠡᠰᠢ ᠦᠭᠡᠢ ᠲᠡᠮᠡᠴᠡᠬᠦ ᠬᠡᠷᠡᠭᠲᠡᠢ᠃ ᠪᠡᠯᠭᠡ ᠶ᠋ᠢᠨ ᠳᠤᠷ᠎ᠠ ᠬᠡᠳᠦ ᠶᠡᠬᠡᠰᠬᠦ ᠨᠢ ᠶᠡᠬᠡᠩᠬᠢ ᠳ᠋ᠡᠭᠡᠨ ᠡᠷᠡᠴᠦᠳ ᠦ᠋ᠨ ᠳᠤᠮᠳᠠ ᠪᠠᠢᠬᠤ ᠪᠣᠯᠪᠠᠴᠤ ᠡᠨᠡ ᠨᠢ ᠬᠠᠶᠠ ᠡᠮᠡᠭᠲᠡᠢ ᠬᠥᠮᠦᠰ ᠲᠦ᠍ ᠲᠣᠬᠢᠶᠠᠯᠳᠤᠬᠤ ᠨᠢ ᠪᠣᠢ᠃