ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ– 1᠂ ᠬᠣᠷᠮᠣᠢ ᠶᠢᠨ ᠰᠠᠯᠬᠢ Эр эмийн ёсон – Д᠂ Болдцэрэн <2-р бүлэг>– Хорвоогийн эрээн бараан - 1᠂хормойн салхи
<ᠬᠣᠶᠠᠳᠤᠭᠠᠷ ᠪᠦᠯᠦᠭ>– ᠬᠣᠷᠸ᠎ᠠ ᠶᠢᠨ ᠡᠷᠢᠶᠡᠨ ᠪᠠᠷᠠᠭᠠᠨ
ᠨᠢᠭᠡ᠂ ᠬᠣᠷᠮᠣᠢ ᠶᠢᠨ ᠰᠠᠯᠬᠢ
᠁ ᠪᠢᠳᠡ ᠬᠣᠶᠠᠷ ᠨᠠᠢ᠍ᠮᠠᠳᠤᠭᠠᠷ ᠠᠩᠭᠢ ᠠ᠋ᠴᠠ ᠪᠠᠨ ᠦᠶᠡᠷᠬᠡᠵᠦ ᠠᠷᠪᠠᠳᠤᠭᠠᠷ ᠠᠩᠭᠢ ᠲᠡᠭᠦᠰᠦᠭᠡᠳ ᠤᠳᠠᠯ ᠦᠭᠡᠢ ᠵᠢᠷᠮᠦᠰᠦᠨ ᠪᠣᠯᠤᠭᠠᠳ ᠰᠠᠭᠤᠴᠢᠬᠠᠭᠰᠠᠨ᠃ ᠲᠡᠭᠦᠨ ᠡᠴᠡ ᠬᠣᠢᠰᠢ ᠬᠣᠷᠢᠨ ᠵᠢᠯ ᠥᠩᠭᠡᠷᠡᠯ᠎ᠡ᠃ ᠲᠠᠪᠤᠨ ᠬᠡᠦᠬᠡᠳ ᠦ᠋ᠨ ᠡᠴᠢᠭᠡ ᠡᠬᠡ ᠪᠣᠯᠤᠯ᠎ᠠ᠃ ᠬᠡᠦᠬᠡᠳ ᠦ᠋ᠳ ᠮᠢᠨᠢ ᠥᠰᠴᠦ ᠥᠨᠳᠡᠢᠯ᠎ᠡ᠃ ᠨᠢᠭᠡ ᠭᠡᠷ ᠲᠦ᠍ ᠣᠷᠣᠭᠰᠠᠨ ᠡᠬᠢᠨ ᠦ᠌ ᠬᠡᠳᠦᠨ ᠵᠢᠯ ᠨᠥᠬᠥᠷ ᠮᠢᠨᠢ ᠬᠠᠯᠠᠮᠵᠢᠲᠠᠢ ᠰᠠᠢᠬᠠᠨ ᠪᠠᠢᠯ᠎ᠠ᠃ ᠲᠡᠭᠡᠭᠡᠳ ᠬᠣᠶᠠᠷ ᠬᠡᠦᠬᠡᠳ ᠲᠡᠢ ᠪᠣᠯᠤᠭᠰᠠᠨ ᠠ᠋ᠴᠠ ᠬᠣᠢᠰᠢ ᠠᠵᠢᠯ ᠠ᠋ᠴᠠ ᠪᠠᠨ ᠣᠷᠣᠢᠲᠠᠵᠤ ᠢᠷᠡᠳᠡᠭ ᠪᠣᠯᠤᠭᠰᠠᠨ᠃ ᠠᠩᠬᠠᠨ ᠳ᠋ᠠᠭᠠᠨ ᠦᠨᠡᠬᠡᠷ ᠠᠵᠢᠯ ᠶᠡᠬᠡᠲᠡᠢ ᠪᠠᠢᠭᠰᠠᠨ ᠪᠠᠢᠬ᠎ᠠ ᠭᠡᠵᠦ ᠦᠨᠡᠮᠰᠢᠳᠡᠭ ᠪᠠᠢᠪᠠ᠃ ᠭᠡᠲᠡᠯ᠎ᠡ ᠰᠡᠭᠦᠯ ᠰᠡᠭᠦᠯ ᠳ᠋ᠡᠭᠡᠨ ᠣᠷᠣᠢᠲᠠᠬᠤ ᠶ᠋ᠢ ᠪᠤᠤ ᠬᠡᠯᠡ ᠬᠣᠨᠣᠭᠤᠲᠠ ᠥᠨᠵᠢᠭᠦᠲᠡ ᠪᠡᠷ ᠠᠯᠠᠭ᠎ᠠ ᠪᠣᠯᠴᠢᠬᠠᠳᠠᠭ ᠪᠣᠯᠤᠯ᠎ᠠ᠃ ᠰᠠᠢᠬᠠᠨ ᠬᠣᠭᠣᠯᠠ᠂ ᠴᠠᠢ ᠬᠢᠴᠢᠬᠡᠭᠡᠳ ᠨᠢᠳᠦ ᠪᠡᠨ ᠰᠢᠷᠭᠢᠲᠡᠯ᠎ᠡ ᠬᠦᠯᠢᠶᠡᠳᠡᠭ᠂ ᠬᠠᠷᠠᠭᠠᠳ ᠪᠠᠢᠬᠤ ᠳ᠋ᠤ᠌ ᠢᠷᠡᠬᠦ ᠦᠭᠡᠢ᠃ ᠥᠷᠯᠥᠭᠡ ᠯᠡ ᠣᠷᠣᠵᠤ ᠢᠷᠡᠨ᠎ᠡ᠃ ᠲᠡᠭᠡᠬᠦ ᠳ᠋ᠦ᠍ ᠭᠣᠣᠯᠳᠠᠭᠤ ᠠᠷᠢᠬᠢ ᠦᠨᠦᠷᠳᠡᠭᠦᠯᠵᠦ ᠣᠷᠣᠵᠤ ᠢᠷᠡᠨ᠎ᠡ᠃ ᠠᠰᠠᠭᠤᠬᠤ ᠪᠠᠷ ᠡᠷᠡᠴᠦᠦᠯ ᠲᠡᠢ ᠶᠠᠷᠢᠵᠤ ᠰᠠᠭᠤᠭᠠᠳ ᠢᠷᠡᠯ᠎ᠡ ᠭᠡᠬᠦ ᠶᠦᠮ ᠤᠤ ᠡᠰᠡᠬᠦᠯ᠎ᠡ ᠠᠵᠢᠯ ᠶᠡᠬᠡᠲᠡᠢ ᠪᠠᠢᠯ᠎ᠠ ᠭᠡᠳᠡᠭ᠃ ᠣᠷᠣᠢ ᠡᠷᠲᠡ ᠠᠵᠢᠯ ᠠ᠋ᠴᠠ ᠪᠠᠨ ᠢᠷᠡᠬᠦ ᠪᠡᠷ ᠭᠡᠷ ᠲᠡᠭᠡᠨ ᠲᠣᠭᠲᠠᠬᠤ ᠦᠭᠡᠢ᠂ ᠭᠡᠨᠡᠳᠲᠡ ᠠᠵᠢᠯ ᠭᠠᠷᠤᠯ᠎ᠠ ᠭᠡᠳ ᠶᠠᠪᠤᠴᠢᠬᠠᠨ᠎ᠠ᠃ ᠠᠵᠢᠯ ᠤᠷᠤᠭᠤ ᠨᠢ ᠤᠲᠠᠰᠤᠳᠠᠬᠤ ᠪᠠᠷ ᠪᠠᠢᠬᠤ ᠦᠭᠡᠢ᠃ ᠰᠥᠨᠢ ᠶ᠋ᠢᠨ ᠭᠡᠢᠴᠢᠨ ᠠᠶᠠᠲᠠᠢ ᠰᠥᠨᠢ ᠳᠤᠮᠳᠠ ᠯᠠ ᠣᠷᠣᠵᠤ ᠢᠷᠡᠨ᠎ᠡ᠃ ᠬᠡᠳᠦᠨ ᠬᠡᠦᠬᠡᠳ᠂ ᠠᠮᠢᠳᠤᠷᠠᠯ ᠢ᠋ᠶ᠋ᠠᠨ ᠪᠣᠳᠣᠭᠠᠳ ᠠᠯᠢ ᠪᠣᠯᠬᠤ ᠪᠠᠷ ᠰᠠᠢᠬᠠᠨ ᠪᠠᠢᠶ᠎ᠠ ᠭᠡᠵᠦ ᠤᠴᠢᠷᠯᠠᠭᠠᠳ ᠶᠠᠷᠢᠬᠤ ᠭᠡᠬᠦ ᠪᠡᠷ ᠠᠭᠤᠷᠯᠠᠳᠠᠭ᠃ ᠬᠥᠮᠦᠨ ᠵᠥᠪᠯᠡᠯᠭᠡ ᠪᠡᠨ ᠶᠠᠷᠢᠭᠠᠳ ᠪᠠᠢᠬᠤ ᠳ᠋ᠤ᠌ ᠬᠡᠨᠡᠭ ᠴᠦ᠍ ᠦᠭᠡᠢ ᠵᠢᠷᠤᠭᠲᠤ ᠦᠵᠡᠭᠡᠳ ᠰᠠᠭᠤᠭᠠᠳ ᠪᠠᠢᠨ᠎ᠠ᠃ ᠭᠠᠳᠠᠭᠠᠳᠤ ᠳ᠋ᠤ᠌ ᠣᠯᠠᠨ ᠵᠢᠯ ᠪᠠᠢᠭᠰᠠᠨ ᠪᠣᠯᠬᠣᠷ ᠢᠩᠭᠢᠴᠢᠬᠡᠳᠡᠭ ᠶᠦᠮ ᠪᠣᠯᠪᠠᠤ ᠴᠦ᠍ ᠭᠡᠵᠦ ᠪᠣᠳᠣᠬᠤ ᠶᠤᠮ᠃ ᠬᠥᠮᠦᠨ ᠴᠥᠬᠥᠷᠡᠳᠡᠭ ᠶᠦᠮ ᠪᠠᠢᠨ᠎ᠠ᠃ ᠪᠦᠷ ᠴᠥᠬᠥᠷᠡᠵᠦ ᠭᠦᠢᠴᠡᠯ᠎ᠡ᠃ ᠰᠡᠳᠬᠢᠯ ᠰᠠᠨᠠᠭ᠎ᠠ ᠬᠢᠮᠤᠷᠠᠵᠤ᠂ ᠤᠨᠲᠠᠵᠤ ᠴᠢᠳᠠᠬᠤ ᠦᠭᠡᠢ᠂ ᠦᠷᠭᠦᠯᠵᠢ ᠯᠡ ᠤᠬᠢᠯᠠᠳᠠᠭ ᠪᠣᠯᠤᠭᠰᠠᠨ᠃ ᠵᠢᠭᠠᠬᠠᠨ ᠤᠬᠢᠯᠠᠴᠢᠬᠠᠬᠤ ᠪᠠᠷ ᠳᠣᠲᠣᠷ᠎ᠠ ᠣᠪᠣᠭ᠎ᠠ ᠣᠩᠭᠣᠢᠨ᠎ᠠ᠃ ᠴᠠᠭᠠᠨ᠎ᠠ ᠨᠢ ᠶᠠᠮᠠᠷ ᠬᠡᠦᠬᠡᠨ ᠪᠠᠢᠭ᠎ᠠ ᠪᠣᠯ᠂ ᠲᠡᠭᠦᠨ ᠢ᠋ ᠪᠡᠨ ᠶᠠᠭᠠᠬᠢᠵᠤ ᠲᠡᠪᠡᠷᠢᠵᠦ ᠦᠨᠦᠰᠴᠦ ᠪᠠᠢᠳᠠᠭ ᠪᠣᠯ ᠭᠡᠬᠦ ᠪᠡᠷ ᠳᠣᠲᠣᠷ᠎ᠠ ᠳᠠᠪᠴᠢᠳᠠᠨ ᠪᠠᠢᠵᠤ ᠰᠠᠭᠤᠬᠤ ᠶ᠋ᠢᠨ ᠠᠷᠭ᠎ᠠ ᠦᠭᠡᠢ ᠪᠣᠯᠳᠠᠭ ᠢ᠋ ᠶᠠᠮᠠᠷ ᠬᠡᠴᠡᠭᠦᠦ ᠭᠡᠵᠦ ᠰᠠᠨᠠᠨ᠎ᠠ᠃ ᠰᠡᠭᠦᠯ ᠦ᠋ᠨ ᠭᠠᠭᠴᠠ ᠬᠣᠶᠠᠷᠬᠠᠨ ᠵᠢᠯ ᠦ᠋ᠨ ᠳᠣᠲᠣᠷ᠎ᠠ ᠲᠣᠯᠣᠭᠠᠢ ᠲᠠᠢ ᠦᠰᠦ ᠮᠢᠨᠢ ᠪᠤᠭᠤᠷᠤᠯᠳᠠᠯᠠ᠃ ᠬᠣᠨᠣᠭᠤᠲᠠ ᠥᠨᠵᠢᠭᠦᠲᠡ ᠪᠡᠷ ᠭᠡᠷ ᠲᠡᠭᠡᠨ ᠢᠷᠡᠬᠦ ᠦᠭᠡᠢ᠂ ᠠᠯᠠᠭ᠎ᠠ ᠪᠣᠯᠴᠢᠬᠠᠳᠠᠭ ᠢ᠋ ᠠᠯᠪᠠᠨ ᠭᠠᠵᠠᠷ ᠨᠢ ᠬᠡᠯᠡᠭᠰᠡᠨ ᠡᠴᠡ ᠬᠣᠢᠰᠢ《ᠴᠢᠮ᠎ᠠ ᠳ᠋ᠤ᠌ ᠬᠡᠵᠢᠶ᠎ᠡ ᠴᠦ᠍ ᠰᠠᠢᠨ ᠪᠣᠯᠵᠤ ᠴᠢᠳᠠᠬᠤ ᠦᠭᠡᠢ᠂ ᠴᠢ ᠨᠠᠮᠠᠶ᠋ᠢ ᠰᠢᠪᠰᠢᠭᠯᠡᠭᠰᠡᠨ》 ᠭᠡᠵᠦ ᠵᠠᠩᠨᠠᠳᠠᠭ ᠪᠣᠯᠤᠭᠰᠠᠨ᠃ ᠠᠯᠪᠠᠨ ᠭᠠᠵᠠᠷ ᠨᠢ ᠬᠡᠯᠡᠪᠡᠯ ᠵᠠᠰᠠᠷᠠᠳᠠᠭ ᠪᠣᠯᠪᠠᠤ ᠭᠡᠵᠦ ᠪᠣᠳᠣᠭᠰᠠᠨ ᠪᠣᠯᠬᠤ ᠠ᠋ᠴᠠ ᠰᠢᠪᠰᠢᠭᠯᠡᠬᠦ ᠬᠡ ᠥᠬᠡᠢ᠃ ᠠᠯᠪᠠᠨ ᠶᠣᠰᠣᠨ ᠤ᠋ ᠪᠠᠲᠤᠯᠠᠭ᠎ᠠ ᠲᠠᠢ ᠬᠥᠮᠦᠨ ᠶᠦᠮ ᠴᠢᠨᠢ ᠬᠠᠨᠢ ᠨᠥᠬᠥᠷ ᠢ᠋ᠶ᠋ᠡᠨ《ᠬᠦᠰᠡᠬᠦ ᠦᠭᠡᠢ》 ᠶᠠᠭᠠᠬᠢᠬᠤ ᠶᠤᠮ ᠪᠣᠢ? ᠢᠩᠭᠢᠵᠦ ᠬᠡᠯᠡᠬᠦ ᠪᠡᠷ《ᠴᠢ ᠨᠥᠬᠥᠷ ᠢ᠋ᠶ᠋ᠡᠨ ᠭᠤᠶᠤᠳᠠᠭ ᠠᠷᠴᠠᠭ᠎ᠠ ᠪᠠᠨ ᠠᠯᠳᠠᠳᠠᠭ᠂ ᠨᠠᠮᠠᠶ᠋ᠢ ᠲᠠᠢᠪᠤᠩ ᠪᠠᠢᠯᠭ᠎ᠠ》 ᠭᠡᠳ ᠪᠤᠷᠤᠭᠤ ᠬᠠᠷᠠᠭᠠᠳ ᠬᠡᠪᠲᠡᠴᠢᠬᠡᠨᠡ᠃ ᠨᠥᠬᠥᠷ ᠢ᠋ᠶ᠋ᠡᠨ ᠨᠠᠰᠢ ᠬᠠᠷᠠᠭᠠᠴᠢ ᠭᠡᠬᠦ ᠶ᠋ᠢᠨ ᠲᠥᠯᠥᠭᠡ ᠰᠥᠨᠢ ᠣᠷᠣᠨ ᠳ᠋ᠠᠭᠠᠨ ᠬᠡᠷᠡᠯᠳᠦᠵᠦ ᠪᠠᠢᠳᠠᠭ ᠪᠣᠯᠤᠭᠰᠠᠨ᠃ ᠥᠴᠢᠨᠡᠨ ᠵᠢᠯ ᠬᠠᠨᠢᠯᠠᠭᠰᠠᠨ ᠬᠠᠨᠢ ᠴᠢᠨᠢ ᠪᠠᠢᠬᠤ ᠳ᠋ᠤ᠌ ᠶᠠᠳᠠᠬᠤ ᠳ᠋ᠠᠭᠠᠨ ᠨᠢᠭᠡ ᠰᠠᠢᠬᠠᠨ ᠦᠨᠦᠰᠦᠭᠡᠴᠢ ᠭᠡᠬᠦ ᠪᠡᠷ ᠰᠢᠭᠤᠳ ᠳᠤᠷ᠎ᠠ ᠦᠭᠡᠢᠴᠡᠨ᠎ᠡ᠃ ᠬᠥᠮᠦᠨ ᠢ᠋ ᠬᠠᠢᠷᠠᠯᠠᠵᠤ᠂ ᠬᠠᠯᠠᠮᠵᠢᠯᠠᠬᠤ ᠶᠠᠭᠤᠮ᠎ᠠ ᠳᠠᠩᠴᠢ ᠪᠠᠢᠬᠤ ᠦᠭᠡᠢ᠃ ᠰᠠᠷ᠎ᠠ ᠳ᠋ᠤ᠌ ᠳᠤᠷ᠎ᠠ ᠲᠠᠢ ᠳᠤᠷ᠎ᠠ ᠦᠭᠡᠢ ᠭᠠᠭᠴᠠ ᠬᠣᠶᠠᠷ《ᠣᠢᠷᠠᠳᠬᠤ ᠪᠠᠷ ᠢ᠋ᠶ᠋ᠠᠨ》 ᠶᠠᠭᠠᠬᠢᠭᠰᠠᠨ ᠤᠳᠠᠳᠠᠭ ᠶᠤᠮ ᠪᠣᠢ ᠭᠡᠵᠦ ᠠᠭᠤᠷᠯᠠᠨ᠎ᠠ᠃ ᠣᠳᠣ ᠪᠦᠷ ᠴᠠᠭᠠᠨ᠎ᠠ ᠪᠠᠨ ᠭᠠᠷᠴᠤ ᠡᠯᠳᠡᠪ ᠦ᠋ᠨ ᠬᠥᠮᠦᠨ ᠲᠡᠢ ᠨᠥᠬᠥᠷᠯᠡᠳᠡᠭ ᠪᠣᠯᠤᠭᠰᠠᠨ᠃ ᠲᠠᠩᠳᠠ ᠨᠥᠬᠥᠷ ᠦᠭᠡᠢ ᠬᠡᠦᠬᠡᠨ ᠲᠡᠢ ᠲᠠᠨᠢᠯᠴᠠᠳᠠᠭ ᠪᠣᠯᠤᠭᠰᠠᠨ᠃ ᠡᠯᠳᠡᠪ ᠡᠪᠡᠳᠴᠢᠨ ᠬᠦᠷᠲᠡᠯ᠎ᠡ ᠠᠪᠴᠢᠷᠠᠭᠰᠠᠨ᠃ ᠨᠥᠬᠥᠷ ᠢ᠋ᠶ᠋ᠡᠨ ᠰᠠᠢᠬᠠᠨ ᠪᠣᠯᠭᠠᠬᠤ᠂ ᠡᠷᠭᠢᠭᠦᠯᠬᠦ ᠲᠠᠯ᠎ᠠ ᠶ᠋ᠢᠨ ᠪᠦᠬᠦ ᠶᠠᠭᠤᠮ᠎ᠠ ᠶ᠋ᠢ ᠬᠢᠵᠦ ᠪᠠᠢᠨ᠎ᠠ᠃ ᠠᠷᠭ᠎ᠠ ᠪᠠᠨ ᠪᠠᠷᠠᠭᠠᠳ ᠬᠥᠮᠦᠨ ᠬᠠᠷ᠎ᠠ ᠳ᠋ᠤ᠌ ᠦᠵᠡᠭᠦᠯᠦᠯ᠎ᠡ᠃ ᠨᠡᠮᠡᠷᠢ ᠠᠯᠠᠭ᠎ᠠ᠃ ᠶᠠᠭᠠᠬᠢᠬᠤ ᠪᠠᠷ ᠢ᠋ᠶ᠋ᠠᠨ ᠡᠷᠡᠭᠲᠡᠢ ᠬᠥᠮᠦᠨ ᠡᠢᠮᠦ ᠪᠣᠯᠴᠢᠬᠠᠳᠠᠭ ᠶᠤᠮ ᠪᠣᠢ? ᠬᠥᠮᠦᠨ ᠦ᠌ ᠶᠠᠭᠤᠨ ᠳ᠋ᠤᠨᠢ ᠪᠣᠯᠴᠢᠬᠠᠳᠠᠭ ᠶᠤᠮ ᠪᠣᠢ? ᠬᠣᠷᠢᠨ ᠵᠢᠯ ᠦ᠋ᠨ ᠠᠮᠢᠳᠤᠷᠠᠯ ᠢ᠋ ᠡᠢᠮᠦ ᠬᠢᠮᠳᠠᠬᠠᠨ ᠦᠷᠡᠨ ᠳᠡᠷᠡᠨ ᠬᠢᠬᠦ ᠭᠡᠵᠦ ᠤᠤ!᠁
ᠬᠡᠨ ᠴᠦ᠍ ᠬᠠᠷᠠᠭᠰᠠᠨ ᠨᠢᠳᠦᠨ ᠳ᠋ᠦ᠍ ᠳᠤᠯᠠᠭᠠᠬᠠᠨ᠂ ᠢᠯᠳᠠᠮᠬᠠᠨ ᠡᠨᠡ ᠪᠦᠰᠡᠭᠦᠢ ᠬᠣᠭᠣᠯᠠᠢ ᠨᠢ ᠵᠠᠩᠭᠢᠷᠠᠵᠤ᠂ ᠬᠣᠶᠠᠷ ᠨᠢᠳᠦ ᠨᠢ ᠨᠢᠯᠪᠤᠰᠤ ᠪᠠᠷ ᠪᠦᠷᠬᠦᠨ ᠡᠢᠨᠬᠦ ᠥᠭᠦᠯᠡᠭᠰᠡᠨ ᠶᠦᠮ ᠡᠭᠦᠨ ᠦ᠌ ᠰᠢᠯᠲᠠᠭᠠᠨ ᠮᠠᠰᠢ ᠣᠯᠠᠨ ᠭᠡᠵᠦ ᠳᠡᠭᠡᠷ᠎ᠡ ᠥᠭᠦᠯᠡᠭᠰᠡᠨ᠃ ᠪᠡᠯᠭᠡ ᠶ᠋ᠢᠨ ᠠᠮᠢᠳᠤᠷᠠᠯ ᠤ᠋ᠨ ᠲᠠᠯ᠎ᠠ ᠪᠠᠷ ᠲᠠᠭᠠᠷᠠᠵᠤ ᠲᠣᠬᠢᠷᠠᠬᠤ ᠦᠭᠡᠢ ᠪᠠᠢᠭ᠎ᠠ ᠪᠠᠢᠳᠠᠯ ᠨᠡᠯᠢᠶᠡᠳ ᠨᠥᠯᠥᠭᠡ ᠲᠡᠢ᠃ ᠢᠯᠠᠩᠭᠤᠶ᠎ᠠ ᠡᠷᠡᠭᠲᠡᠢ ᠬᠥᠮᠦᠨ ᠦ᠌ ᠠᠮᠢ ᠪᠠᠨ ᠬᠢᠴᠢᠶᠡᠬᠦ ᠠᠷᠭᠠᠴᠠᠭ᠎ᠠ ᠦᠭᠡᠢ ᠵᠠᠩ ᠡᠮᠡᠭᠲᠡᠢ ᠬᠥᠮᠦᠨ ᠦ᠌ ᠬᠣᠷᠮᠣᠢ ᠳ᠋ᠤ᠌ ᠰᠠᠯᠬᠢ ᠣᠷᠣᠭᠤᠯᠵᠤ ᠥᠭᠬᠦ ᠨᠢᠭᠡ ᠭᠣᠣᠯ ᠰᠢᠯᠲᠠᠭᠠᠨ ᠪᠣᠯᠳᠠᠭ᠃ ᠵᠠᠷᠢᠮ ᠬᠡᠦᠬᠡᠨ ᠨᠦ᠍ᠭᠦᠳ ᠨᠥᠬᠥᠷ ᠲᠦ᠍ ᠭᠠᠷᠤᠭᠰᠠᠨ ᠤ᠋ ᠬᠣᠢᠨ᠎ᠠ ᠪᠡᠶ᠎ᠡ ᠪᠡᠨ ᠬᠠᠢᠬᠤᠷᠬᠤ ᠪᠠᠨ ᠪᠣᠯᠢᠵᠤ ᠬᠡᠦᠬᠡᠳ ᠲᠦ᠍ ᠳᠠᠷᠤᠭᠳᠠᠭᠠᠳ ᠨᠤᠷᠮᠠᠢᠴᠢᠬᠠᠬᠤ ᠨᠢ ᠴᠥᠭᠡᠨ ᠦᠭᠡᠢ᠃ ᠡᠨᠡ ᠪᠠᠢᠳᠠᠯ ᠡᠷᠡᠴᠦᠳ ᠦ᠋ᠨ ᠬᠣᠷᠮᠣᠢ ᠳ᠋ᠤ᠌ ᠰᠠᠯᠬᠢ ᠣᠷᠣᠬᠤ ᠨᠢᠭᠡ ᠦᠨᠳᠦᠰᠦ ᠪᠣᠯᠳᠠᠭ᠃ ᠵᠥᠪᠬᠡᠨ ᠳᠡᠭᠡᠳᠦ ᠨᠥᠬᠥᠴᠡᠯ ᠦ᠋ᠳ ᠡᠴᠡ ᠭᠠᠳᠠᠨ᠎ᠠ ᠲᠠᠩᠳᠠ ᠢᠯᠡᠭᠦᠦ ᠬᠠᠷᠠᠵᠤ ᠪᠢᠯᠡᠭᠦᠦ ᠳᠣᠯᠢᠶᠠᠵᠤ ᠶᠠᠪᠤᠳᠠᠭ ᠬᠥᠮᠦᠰ ᠬᠣᠷᠮᠣᠢ ᠶ᠋ᠢᠨ ᠰᠠᠯᠬᠢ ᠭᠡᠳᠡᠭ ᠡᠨᠡ ᠦᠵᠡᠭᠳᠡᠯ ᠢ᠋ ᠭᠠᠵᠢ ᠪᠣᠯᠲᠠᠯ᠎ᠠ ᠨᠢ ᠳᠡᠪᠡᠷᠭᠡᠵᠦ ᠥᠭᠳᠡᠭ ᠶᠦᠮ᠃ ᠬᠣᠷᠮᠣᠢ ᠶ᠋ᠢᠨ ᠰᠠᠯᠬᠢ ᠨᠢ ᠬᠥᠳᠡᠭᠡ ᠳ᠋ᠦ᠍ ᠵᠥᠪᠬᠡᠨ ᠬᠡᠷᠡᠭᠴᠡᠭᠡ ᠪᠡᠨ ᠬᠠᠩᠭᠠᠬᠤ ᠪᠠᠢᠳᠠᠯ ᠢ᠋ᠶ᠋ᠠᠷ ᠶᠠᠪᠤᠭᠳᠠᠳᠠᠭ ᠪᠣᠯ ᠬᠣᠲᠠ ᠳ᠋ᠤ᠌ ᠨᠢᠭᠤᠴᠠ《ᠠᠮᠠᠷᠠᠭᠵᠢᠬᠤ》 ᠬᠠᠨᠳᠤᠯᠭ᠎ᠠ ᠲᠠᠢ ᠪᠠᠢᠨ᠎ᠠ᠃ ᠬᠠᠷᠢᠨ ᠠᠢᠮᠠᠭ ᠤ᠋ᠳ ᠤ᠋ᠨ ᠲᠥᠪ ᠲᠦ᠍ ᠡᠨᠡ ᠦᠵᠡᠭᠳᠡᠯ ᠬᠠᠷᠢᠴᠠᠩᠭᠤᠢ《ᠨᠠᠮᠵᠢᠮᠠᠯ》 ᠪᠠᠢᠳᠠᠯ ᠲᠠᠢ ᠪᠠᠢᠭ᠎ᠠ ᠨᠢ ᠠᠵᠢᠭᠯᠠᠭᠳᠠᠵᠤ ᠪᠠᠢᠨ᠎ᠠ᠃ ᠢᠩᠭᠢᠵᠦ ᠦᠵᠡᠲᠡᠯ᠎ᠡ ᠰᠠᠢᠬᠠᠨ ᠬᠠᠨᠢ ᠢᠵᠢᠯᠢ᠂ ᠦᠷ᠎ᠡ ᠬᠡᠦᠬᠡᠳ ᠲᠡᠢ᠂ ᠬᠡᠨ ᠴᠦ᠍ ᠬᠠᠷᠠᠭᠰᠠᠨ ᠶᠡᠷᠦ ᠡᠴᠡ ᠳᠤᠲᠠᠭᠳᠠᠵᠤ᠂ ᠭᠠᠴᠢᠭᠳᠠᠬᠤ ᠶᠠᠭᠤᠮ᠎ᠠ ᠦᠭᠡᠢ ᠠᠲᠠᠯ᠎ᠠ ᠦᠷᠭᠦᠯᠵᠢ ᠢᠯᠡᠭᠦᠦ ᠬᠠᠷᠠᠵᠤ ᠪᠢᠯᠡᠭᠦᠦ ᠳᠣᠯᠢᠶᠠᠵᠤ ᠶᠠᠪᠤᠬᠤ ᠶ᠋ᠢ ᠬᠣᠷᠮᠣᠢ ᠶ᠋ᠢᠨ ᠰᠠᠯᠬᠢ ᠭᠡᠵᠦ ᠨᠡᠷᠡᠯᠡᠶ᠎ᠡ᠃ ᠡᠢᠮᠦ ᠵᠠᠪᠬᠠᠢ ᠶᠠᠪᠤᠳᠠᠯᠲᠠᠨ ᠢ᠋ ᠳᠡᠯᠡᠬᠡᠢ ᠨᠡᠢᠲᠡ ᠪᠡᠷ ᠳ᠋ᠤᠨ— ᠵᠢᠶᠠᠨᠢᠰᠮ᠂ ᠮᠠᠨᠠᠢᠬᠢᠨ《ᠰᠡᠭᠦᠷᠯᠡᠬᠦ》 ᠬᠡᠮᠡᠳᠡᠭ᠃
ᠬᠣᠷᠮᠣᠢ ᠳ᠋ᠤᠨᠢ ᠰᠠᠯᠬᠢ ᠣᠷᠣᠭᠰᠠᠨ ᠬᠥᠮᠦᠨ ᠦ᠌ ᠭᠣᠣᠯ ᠰᠢᠨᠵᠢ ᠨᠢ ᠪᠣᠯ ᠭᠡᠷ ᠲᠡᠭᠡᠨ ᠲᠠᠲᠠᠭᠳᠠᠬᠤ ᠪᠠᠨ ᠪᠠᠢᠵᠤ᠂ ᠰᠡᠪ ᠯᠠ ᠭᠡᠪᠡᠯ ᠭᠠᠳᠠᠭᠰᠢ ᠪᠠᠨ ᠳᠡᠮᠡᠢ ᠬᠡᠰᠦᠭᠦᠴᠢᠯᠡᠨ ᠲᠡᠨᠦᠬᠦ ᠶ᠋ᠢᠨ ᠲᠤᠩ ᠱᠦᠭᠯᠡᠵᠦ᠂ ᠵᠤᠭᠠᠯᠠᠬᠤ ᠶ᠋ᠢᠨ ᠡᠪᠡᠳᠴᠢᠨ ᠡᠴᠡ ᠡᠪᠡᠳᠬᠦ ᠶᠠᠪᠤᠳᠠᠯ ᠶᠤᠮ᠃ ᠲᠡᠷᠡ ᠪᠡᠷ ᠠᠵᠢᠯ ᠠ᠋ᠴᠠ ᠪᠠᠨ ᠣᠷᠣᠢᠲᠠᠵᠤ ᠢᠷᠡᠬᠦ ᠲᠡᠳᠦᠢ ᠦᠭᠡᠢ ᠬᠣᠨᠣᠭᠤᠲᠠ ᠥᠨᠵᠢᠭᠦᠲᠡ ᠪᠡᠷ ᠴᠦ᠍ ᠭᠡᠷ ᠲᠡᠭᠡᠨ ᠢᠷᠡᠬᠦ ᠦᠭᠡᠢ ᠠᠯᠠᠭ᠎ᠠ ᠪᠣᠯᠤᠨ᠎ᠠ᠃ ᠬᠣᠷᠮᠣᠢ ᠶ᠋ᠢᠨ ᠰᠠᠯᠬᠢ ᠠᠷᠤ ᠠ᠋ᠴᠠ ᠪᠠᠨ ᠢᠮᠠᠭᠲᠠ ᠬᠠᠷ᠎ᠠ ᠰᠡᠭᠦᠳᠡᠷ ᠲᠠᠲᠠᠭᠤᠯᠳᠠᠭ ᠪᠥᠭᠡᠳ ᠲᠡᠭᠦᠨ ᠢ᠋ ᠬᠣᠷᠮᠣᠢ ᠶ᠋ᠢᠨ ᠪᠤᠵᠠᠷ ᠬᠡᠮᠡᠳᠡᠭ᠃ ᠥᠭᠡᠷ᠎ᠡ ᠪᠡᠷ ᠣᠷᠣᠨ ᠤ᠋ ᠪᠤᠵᠠᠷ ᠴᠦ᠍ ᠭᠡᠳᠡᠭ᠃ ᠡᠭᠦᠨ ᠢ᠋ ᠮᠠᠨᠠᠢ ᠥᠲᠡᠭᠦᠰ ᠳᠡᠭᠡᠳᠦᠰ ᠡᠷᠲᠡ ᠳᠡᠭᠡᠳᠦ ᠦᠶ᠎ᠡ ᠡᠴᠡ ᠵᠢᠭᠰᠢᠵᠦ ᠢᠷᠡᠭᠰᠡᠨ ᠰᠠᠢᠬᠠᠨ ᠤᠯᠠᠮᠵᠢᠯᠠᠯ ᠲᠠᠢ ᠪᠢᠯᠡ᠃ ᠶᠠᠭᠠᠬᠢᠭᠠᠳ ᠭᠡᠪᠡᠯ ᠡᠢᠮᠦ ᠪᠤᠵᠠᠷ ᠣᠷᠣᠭᠰᠠᠨ ᠠᠢᠯ ᠠ᠋ᠴᠠ ᠬᠡᠷᠡᠭᠦᠯ ᠤᠷᠤᠭᠤᠯ ᠲᠠᠰᠤᠷᠠᠬᠤ ᠦᠭᠡᠢ᠂ ᠬᠡᠦᠬᠡᠳ ᠪᠠᠭᠠᠴᠤᠳ ᠢ᠋ ᠨᠢ ᠶᠢᠰᠦᠨ ᠵᠣᠷ ᠤ᠋ᠨ ᠡᠪᠡᠳᠴᠢᠨ ᠵᠣᠪᠠᠯᠠᠩ ᠣᠷᠢᠶᠠᠭᠠᠳ ᠰᠠᠯᠬᠤ ᠦᠭᠡᠢ ᠬᠡᠯᠡᠴᠡᠳᠡᠭ᠃ ᠡᠢᠮᠦ ᠡᠴᠡ ᠬᠣᠷᠮᠣᠢ ᠶ᠋ᠢᠨ ᠰᠠᠯᠬᠢ ᠶ᠋ᠢ ᠲᠡᠪᠴᠢᠵᠦ᠂ ᠱᠠᠭᠱᠠᠪᠠᠳ ᠢ᠋ ᠰᠠᠬᠢᠪᠠᠯ ᠡᠨᠡ ᠨᠠᠰᠤᠨ ᠳ᠋ᠠᠭᠠᠨ ᠦᠷ᠎ᠡ ᠬᠡᠦᠬᠡᠳ᠂ ᠬᠠᠨᠢ ᠢᠵᠢᠯᠢ ᠳ᠋ᠡᠭᠡᠨ ᠶᠡᠬᠡ ᠪᠤᠶᠠᠨ ᠦᠢᠯᠡᠳᠦᠨ᠎ᠡ᠃ ᠬᠣᠷᠮᠣᠢ ᠳ᠋ᠤᠨᠢ ᠰᠠᠯᠬᠢ ᠣᠷᠣᠭᠰᠠᠨ ᠬᠥᠮᠦᠨ ᠵᠥᠪᠬᠡᠨ ᠬᠠᠨᠢᠯᠠᠭᠰᠠᠨ ᠬᠠᠨᠢ ᠲᠡᠳᠦᠢ ᠦᠭᠡᠢ ᠦᠷ᠎ᠡ ᠬᠡᠦᠬᠡᠳ᠂ ᠡᠴᠢᠭᠡ ᠡᠬᠡ᠂ ᠠᠬ᠎ᠠ ᠳᠡᠭᠦᠦ ᠨᠠᠷ ᠢ᠋ᠶ᠋ᠠᠨ ᠴᠥᠮ ᠢ᠋ ᠨᠢ ᠵᠣᠪᠠᠭᠠᠨ᠎ᠠ᠃ ᠡᠨᠳᠡ ᠨᠢᠭᠡ ᠥᠬᠢᠨ ᠦ᠌ ᠵᠠᠬᠢᠳᠠᠯ ᠠ᠋ᠴᠠ ᠡᠰᠢ ᠲᠠᠲᠠᠶ᠎ᠠ!
《᠁ ᠡᠮᠴᠢ ᠠ᠋! ᠪᠢ ᠠᠢᠯ ᠤ᠋ᠨ ᠲᠣᠮᠣ ᠥᠬᠢᠨ᠂ ᠳᠣᠣᠷ᠎ᠠ ᠪᠠᠨ ᠬᠣᠶᠠᠷ ᠳᠡᠭᠦᠦ ᠲᠡᠢ᠃ ᠠᠪᠤ ᠮᠢᠨᠢ ᠡᠵᠢ ᠶ᠋ᠢ ᠶᠡᠬᠡ ᠵᠣᠪᠠᠭᠠᠬᠤ ᠶᠤᠮ᠃ ᠭᠡᠷ ᠲᠡᠭᠡᠨ ᠢᠷᠡᠬᠦ ᠦᠭᠡᠢ᠂ ᠬᠣᠨᠣᠭᠤᠲᠠ ᠥᠨᠵᠢᠭᠦᠲᠡ ᠪᠡᠷ ᠠᠯᠠᠭ᠎ᠠ ᠪᠣᠯᠴᠢᠬᠠᠳᠠᠭ᠃ ᠰᠡᠭᠦᠯ ᠦ᠋ᠨ ᠦᠶ᠎ᠡ ᠳ᠋ᠦ᠍ ᠡᠵᠢ᠂ ᠪᠢᠳᠡ ᠨᠠᠷ ᠢ᠋ ᠬᠠᠢᠬᠤᠷᠬᠤ ᠪᠠᠨ ᠪᠠᠢᠭᠰᠠᠨ᠃ ᠡᠵᠢ ᠮᠢᠨᠢ ᠠᠪᠤ ᠶ᠋ᠢ ᠬᠦᠯᠢᠶᠡᠭᠡᠳ᠂ ᠴᠣᠩᠬᠣᠨ ᠳᠡᠷᠭᠡᠳᠡ ᠤᠬᠢᠯᠠᠨ ᠵᠣᠭᠰᠣᠬᠤ ᠶ᠋ᠢ ᠬᠠᠷᠠᠭᠠᠳ ᠪᠢ ᠡᠵᠢ ᠪᠡᠨ ᠶᠡᠬᠡ ᠦᠷᠦ ᠡᠪᠡᠳᠳᠡᠭ᠃ ᠳᠡᠭᠦᠦ ᠨᠠᠷ ᠮᠢᠨᠢ ᠵᠢᠭᠠᠬᠠᠨ ᠪᠣᠯᠬᠣᠷ ᠶᠠᠭᠤᠮᠠᠨ ᠤ᠋ ᠤᠴᠢᠷ ᠢ᠋ ᠮᠡᠳᠡᠬᠦ ᠦᠭᠡᠢ᠂ ᠨᠠᠳᠠ ᠠ᠋ᠴᠠ ᠥᠭᠡᠷ᠎ᠡ ᠬᠡᠨ ᠴᠦ᠍ ᠡᠵᠢ ᠶ᠋ᠢ ᠮᠢᠨᠢ ᠣᠢᠯᠠᠭᠠᠬᠤ ᠪᠣᠢ ᠳᠠ᠃ ᠡᠵᠢ ᠮᠢᠨᠢ ᠵᠣᠪᠠᠯᠠᠩ ᠤ᠋ᠨ ᠵᠠᠬ᠎ᠠ ᠵᠤᠬ᠎ᠠ ᠠ᠋ᠴᠠ ᠨᠢ ᠨᠠᠳᠠ ᠳ᠋ᠤ᠌ ᠶᠠᠷᠢᠳᠠᠭ᠂ ᠥᠭᠡᠷ᠎ᠡ ᠬᠡᠨ ᠳ᠋ᠦ᠍ ᠴᠦ᠍ ᠬᠡᠯᠡᠬᠦ ᠶᠦᠮ ᠪᠢᠯᠡ ᠳᠠ᠃ ᠪᠢ ᠡᠵᠢ ᠳ᠋ᠡᠭᠡᠨ ᠶᠠᠭᠠᠬᠢᠵᠤ ᠲᠤᠰᠠᠯᠠᠬᠤ ᠪᠠᠨ ᠮᠡᠳᠡᠬᠦ ᠦᠭᠡᠢ ᠪᠠᠢᠨ᠎ᠠ᠃ ᠠᠪᠤ ᠶᠠᠭᠠᠬᠢᠭᠠᠳ ᠡᠢᠮᠦ ᠰᠠᠢᠬᠠᠨ ᠬᠠᠨᠢ ᠢᠵᠢᠯᠢ᠂ ᠬᠡᠦᠬᠡᠳ ᠲᠡᠢ ᠮᠥᠷᠲᠡᠭᠡᠨ ᠢᠩᠭᠢᠳᠡᠭ ᠶᠦᠮ ᠪᠣᠯ ᠳᠠ? ᠲᠠ ᠪᠢᠳᠡᠨ ᠳ᠋ᠦ᠍ ᠬᠡᠯᠡᠵᠦ ᠵᠥᠪᠯᠡᠭᠡᠴᠢ!》
ᠳᠡᠭᠡᠷᠡᠬᠢ ᠥᠬᠢᠨ ᠦ᠌ ᠵᠠᠬᠢᠳᠠᠯ ᠠᠪᠤ ᠨᠤᠭᠤᠳ ᠲᠤ᠌ ᠡᠷᠬᠡᠪᠰᠢ ᠨᠢᠭᠡ ᠶ᠋ᠢ ᠪᠣᠳᠣᠭᠳᠠᠭᠤᠯᠬᠤ ᠪᠢᠵᠡ ᠠ᠋᠃ ᠬᠣᠷᠮᠣᠢ ᠶ᠋ᠢᠨ ᠰᠠᠯᠬᠢ ᠨᠢ ᠡᠷ᠎ᠡ᠂ ᠡᠮ᠎ᠡ ᠬᠡᠨ ᠢ᠋ ᠴᠦ᠍ ᠢᠯᠭᠠᠵᠤ ᠦᠵᠡᠳᠡᠭ ᠦᠭᠡᠢ ᠭᠠᠮᠰᠢᠭ ᠭᠡᠯᠲᠡᠢ᠃ ᠢᠯᠠᠩᠭᠤᠶ᠎ᠠ ᠡᠢᠮᠦ ᠵᠠᠮ ᠳ᠋ᠤ᠌ ᠬᠥᠲᠥᠯᠦᠭᠳᠡᠭᠰᠡᠨ ᠪᠦᠰᠡᠭᠦᠢ ᠬᠥᠮᠦᠨ ᠦ᠌ ᠬᠤᠪᠢ ᠳ᠋ᠤ᠌ ᠢᠮᠠᠭᠲᠠ ᠡᠮᠭᠡᠨᠢᠯ ᠲᠡᠢ ᠲᠡᠭᠦᠰᠬᠡᠯ ᠬᠦᠯᠢᠶᠡᠵᠦ ᠪᠠᠢᠳᠠᠭ᠃ ᠡᠢᠮᠦ ᠨᠢᠭᠡ ᠥᠬᠢᠨ ᠦ᠌ ᠪᠡᠨ ᠲᠥᠯᠥᠭᠡ ᠰᠡᠳᠬᠢᠯ ᠵᠣᠪᠠᠭᠰᠠᠨ ᠲᠡᠳᠬᠦᠪᠦᠷᠢ ᠶ᠋ᠢᠨ ᠬᠣᠶᠠᠷ ᠬᠥᠭᠰᠢᠨ ᠪᠢᠳᠡᠨ ᠳ᠋ᠦ᠍ ᠢᠷᠡᠵᠦ ᠡᠢᠨ ᠥᠭᠦᠯᠡᠭᠰᠡᠨ ᠶᠦᠮ᠃
《ᠮᠠᠨ ᠤ᠋ ᠬᠢ ᠵᠢᠷᠭᠤᠭᠠᠨ ᠬᠡᠦᠬᠡᠳ ᠲᠡᠢ ᠠᠢᠯ᠂ ᠪᠤᠰᠤᠳ ᠨᠢ ᠵᠦᠭᠡᠷ᠂ ᠪᠦᠭᠦᠳᠡ ᠠᠵᠢᠯ ᠲᠥᠷᠥᠯ ᠲᠡᠢ᠂ ᠬᠠᠨᠢ ᠢᠵᠢᠯᠢ᠂ ᠦᠷ᠎ᠡ ᠬᠡᠦᠬᠡᠳ ᠲᠡᠢ᠃ ᠭᠡᠲᠡᠯ᠎ᠡ ᠨᠢᠭᠡ ᠬᠡᠴᠡᠭᠦᠦ ᠥᠬᠢᠨ ᠲᠡᠢ᠃ ᠭᠠᠳᠠᠭᠤᠷ ᠲᠡᠨᠦᠭᠰᠡᠭᠡᠷ ᠪᠠᠢᠭᠠᠳ ᠨᠢᠭᠡᠳᠦᠭᠡᠷ ᠺᠦᠷᠡᠰ ᠡᠴᠡ ᠪᠡᠨ ᠰᠤᠷᠭᠠᠭᠤᠯᠢ ᠠ᠋ᠴᠠ ᠬᠠᠰᠤᠭᠤᠯᠤᠭᠰᠠᠨ᠃ ᠨᠢᠭᠡ ᠬᠡᠦᠬᠡᠳ ᠲᠥᠷᠥᠭᠦᠯᠦᠭᠰᠡᠨ᠂ ᠬᠠᠨᠢ ᠢᠵᠢᠯᠢ ᠦᠭᠡᠢ᠃ ᠲᠡᠭᠡᠭᠰᠡᠨ ᠮᠥᠷᠲᠡᠭᠡᠨ ᠭᠡᠷ ᠲᠡᠭᠡᠨ ᠲᠣᠭᠲᠠᠬᠤ ᠦᠭᠡᠢ᠃ ᠡᠷᠡᠭᠲᠡᠢ ᠬᠥᠮᠦᠨ ᠯᠡ ᠬᠠᠷᠠᠪᠠᠯ ᠬᠥᠭᠰᠢᠨ᠂ ᠵᠠᠯᠠᠭᠤ᠂ ᠰᠠᠢᠬᠠᠨ᠂ ᠮᠠᠭᠤᠬᠠᠢ ᠬᠠᠮᠢᠶ᠎ᠠ ᠦᠭᠡᠢ ᠴᠠᠰᠢ ᠪᠠᠨ ᠭᠡᠬᠦ ᠦᠭᠡᠢ᠃ ᠭᠡᠷ ᠲᠡᠭᠡᠨ ᠢᠷᠡᠬᠦ ᠦᠭᠡᠢ ᠬᠡᠳᠦᠨ ᠡᠳᠦᠷ᠂ ᠪᠦᠷ ᠬᠡᠳᠦᠨ ᠳᠣᠯᠣᠭ᠎ᠠ ᠬᠣᠨᠣᠭ ᠢ᠋ᠶ᠋ᠠᠷ ᠴᠦ᠍ ᠰᠤᠷᠠᠭ ᠦᠭᠡᠢ ᠠᠯᠠᠭ᠎ᠠ ᠪᠣᠯᠴᠢᠬᠠᠨ᠎ᠠ᠃ ᠳᠠᠮ ᠰᠤᠷᠠᠭ ᠢ᠋ᠶ᠋ᠠᠷ ᠰᠣᠨᠣᠰᠪᠠᠯ ᠲᠡᠨᠳᠡ ᠴᠦ᠍ ᠴᠡᠷᠢᠭ ᠦ᠋ᠨ ᠠᠩᠭᠢ ᠪᠠᠷ ᠶᠠᠪᠤᠨ᠎ᠠ᠂ ᠡᠨᠳᠡ ᠴᠦ᠍ ᠬᠥᠮᠦᠨ ᠲᠡᠢ ᠶᠠᠪᠤᠵᠤ ᠪᠠᠢᠨ᠎ᠠ ᠭᠡᠬᠦ ᠶᠦᠮ᠃》 ᠬᠡᠳᠦ ᠬᠡᠳᠦᠨ ᠤᠳᠠᠭ᠎ᠠ ᠬᠥᠨᠳᠡᠭᠦᠯᠦᠭᠰᠡᠨ ᠶᠦᠮ᠃ ᠲᠡᠭᠡᠭᠡᠳ ᠬᠠᠰᠢᠷᠠᠬᠤ ᠦᠭᠡᠢ ᠶᠠᠪᠤᠭᠠᠳ ᠪᠠᠢᠬᠤ ᠶᠤᠮ᠃ ᠬᠡᠦᠬᠡᠳ ᠢ᠋ᠶ᠋ᠡᠨ ᠣᠭᠲᠣ ᠬᠠᠢᠬᠤᠷᠬᠤ ᠦᠭᠡᠢ᠃《ᠲᠡᠳᠡᠨ ᠦ᠌ ᠡᠷ᠎ᠡ ᠡᠷᠭᠢᠭᠦᠯᠳᠡᠭ ᠥᠬᠢᠨ》 ᠭᠡᠳᠡᠭ ᠬᠣᠴᠢ ᠴᠦ᠍ ᠭᠠᠷᠴᠤ᠂ ᠬᠥᠭᠰᠢᠨ ᠪᠢᠳᠡ ᠬᠣᠶᠠᠷ ᠤ᠋ᠨ ᠶᠠᠰᠤ ᠴᠦ᠍ ᠬᠠᠪᠲᠠᠯᠵᠠᠬᠤ ᠶᠤᠮ᠃ ᠥᠴᠢᠨᠡᠨ ᠬᠥᠮᠦᠨ ᠳ᠋ᠦ᠍ ᠦᠵᠡᠭᠦᠯᠦᠯ᠎ᠡ᠂ ᠣᠯᠠᠨ ᠴᠦ᠍ ᠨᠤᠮ ᠤᠩᠰᠢᠭᠤᠯᠤᠯᠠ᠂ ᠶᠠᠭᠠᠬᠢᠭᠠᠳ ᠴᠦ᠍ ᠨᠡᠮᠡᠷᠢ ᠠᠯᠠᠭ᠎ᠠ᠃ ᠡᠴᠦᠰ ᠲᠦ᠋ᠨᠢ ᠬᠥᠮᠦᠨ ᠡᠴᠡ ᠳᠤᠭᠤᠯᠤᠭᠠᠳ ᠲᠠᠨ ᠤ᠋ ᠳᠡᠭᠡᠷ᠎ᠡ ᠢᠷᠡᠯ᠎ᠡ᠃ ᠶᠠᠳᠠᠷᠠᠭᠰᠠᠨ ᠪᠢᠳᠡ ᠬᠣᠶᠠᠷ ᠬᠥᠭᠰᠡᠨ ᠡᠨᠡ ᠥᠬᠢᠨ ᠢ᠋ ᠶᠠᠭᠠᠬᠢᠬᠤ ᠪᠣᠢ? ᠬᠡᠯᠡᠵᠦ ᠲᠤᠰᠠᠯᠠᠭᠠᠴᠢ ᠬᠦᠦ ᠮᠢᠨᠢ! ᠡᠮᠴᠢᠯᠡᠳᠡᠭ ᠠᠷᠭ᠎ᠠ ᠪᠠᠢᠨ᠎ᠠ ᠤᠤ?
ᠢᠩᠭᠢᠵᠦ ᠬᠣᠷᠮᠣᠢ ᠳ᠋ᠤᠨᠢ ᠬᠡᠢ ᠣᠷᠣᠭᠰᠠᠨ ᠡᠮᠡᠭᠲᠡᠢ ᠬᠥᠮᠦᠨ ᠡᠷᠡᠭᠡ ᠴᠡᠭᠡᠷ ᠢ᠋ᠶ᠋ᠡᠨ ᠠᠯᠳᠠᠵᠤ ᠡᠴᠢᠭᠡ ᠡᠬᠡ ᠪᠡᠨ ᠲᠤᠢᠯ ᠢ᠋ᠶ᠋ᠠᠷ ᠵᠣᠪᠠᠭᠠᠨ᠎ᠠ᠃ ᠡᠨᠳᠡ ᠲᠡᠨᠳᠡ ᠯᠸᠺᠽᠢ ᠶᠠᠷᠢᠶ᠎ᠠ᠂ ᠠᠭᠤᠯᠵᠠᠯᠲᠠ ᠶᠠᠷᠢᠯᠴᠠᠯᠭ᠎ᠠ ᠬᠢᠵᠦ ᠪᠠᠢᠬᠤ ᠳ᠋ᠤ᠌《ᠰᠡᠭᠦᠳᠡᠷ ᠦᠭᠡᠢ ᠬᠣᠷᠸ᠎ᠠ᠂ ᠰᠡᠭᠦᠯ ᠦᠭᠡᠢ ᠬᠥᠮᠦᠨ ᠪᠠᠢᠳᠠᠭ ᠦᠭᠡᠢ ᠭᠡᠵᠦ ᠶᠠᠷᠢᠳᠠᠭ᠂ ᠡᠭᠦᠨ ᠢ᠋ ᠲᠠ ᠶᠠᠭᠤ ᠭᠡᠵᠦ ᠦᠵᠡᠬᠦ ᠪᠣᠢ?》 ᠭᠡᠰᠡᠨ ᠠᠰᠠᠭᠤᠯᠲᠠ ᠨᠡᠯᠢᠶᠡᠳ ᠭᠠᠷᠳᠠᠭ᠃ ᠬᠠᠷᠢᠭᠤᠯᠬᠤ ᠳ᠋ᠤ᠌ ᠬᠡᠴᠡᠭᠦᠦ ᠠᠰᠠᠭᠤᠯᠲᠠ᠃ ᠭᠡᠪᠡᠴᠦ ᠬᠠᠷᠢᠭᠤᠯᠬᠤ ᠠ᠋ᠴᠠ ᠠᠷᠭ᠎ᠠ ᠦᠭᠡᠢ᠃ ᠶᠠᠭᠠᠬᠢᠭᠠᠳ ᠭᠡᠪᠡᠯ ᠬᠠᠷᠢᠭᠤᠯᠬᠤ ᠦᠭᠡᠢ᠂ ᠲᠣᠭᠣᠷᠢᠭᠠᠳ ᠥᠩᠭᠡᠷᠡᠴᠢᠬᠡᠬᠦ ᠪᠡᠷ ᠳᠠᠬᠢᠭᠠᠳ ᠯᠠ ᠪᠢᠴᠢᠭᠡᠳ ᠥᠨᠥᠬᠢ ᠠᠰᠠᠭᠤᠯᠲᠠ ᠬᠦᠷᠦᠭᠡᠳ ᠢᠷᠡᠳᠡᠭ᠃ ᠴᠢᠨᠠᠭᠰᠢᠳᠠ ᠣᠯᠠᠨ ᠭᠠᠵᠠᠷ᠂ ᠣᠯᠠᠨ ᠳᠠᠬᠢᠨ ᠡᠨᠡ ᠠᠰᠠᠭᠤᠯᠲᠠ ᠲᠠᠢ ᠲᠤᠯᠭᠠᠷᠠᠬᠤ ᠶᠠᠩᠵᠤ ᠲᠠᠢ᠃
ᠡᠢᠮᠦ ᠡᠴᠡ ᠬᠣᠲᠠ᠂ ᠬᠥᠳᠡᠭᠡ ᠶ᠋ᠢᠨ ᠬᠥᠮᠦᠨ ᠠᠮᠠ ᠳᠤᠮᠳᠠ ᠬᠢᠭᠰᠡᠨ ᠡᠷ᠎ᠡ ᠡᠮ᠎ᠡ ᠶ᠋ᠢᠨ ᠶᠢᠰᠦᠨ ᠦ᠌ ᠰᠤᠳᠤᠯᠤᠯ(ᠤᠯᠠᠭᠠᠨᠪᠠᠭᠠᠲᠤᠷ᠂ ᠬᠡᠨᠲᠡᠢ᠂ ᠬᠣᠪᠲᠣ᠂19891·1990)ᠣᠨ ᠳ᠋ᠦᠩ ᠡᠴᠡ ᠡᠰᠢ ᠲᠠᠲᠠᠵᠤ ᠬᠠᠷᠢᠭᠤ ᠪᠠᠷᠢᠶ᠎ᠠ᠃ ᠰᠤᠳᠤᠯᠭᠠᠨ ᠳ᠋ᠤ᠌ ᠬᠠᠮᠤᠷᠤᠭᠳᠠᠭᠰᠠᠨ《ᠭᠡᠷ ᠪᠦᠯᠢ ᠡᠴᠡ ᠭᠠᠳᠠᠨ᠎ᠠ ᠪᠡᠯᠭᠡ ᠶ᠋ᠢᠨ ᠬᠠᠷᠢᠴᠠᠭ᠎ᠠ ᠲᠠᠢ ᠪᠠᠢᠬᠤ ᠶ᠋ᠢ ᠲᠠ ᠶᠠᠭᠤ ᠭᠡᠵᠦ ᠦᠵᠡᠳᠡᠭ ᠪᠣᠢ?》 ᠭᠡᠰᠡᠨ ᠠᠰᠠᠭᠤᠯᠲᠠ ᠳ᠋ᠤ᠌ ᠬᠡᠷᠬᠢᠨ ᠬᠠᠷᠢᠭᠤᠯᠤᠭᠰᠠᠨ ᠢ᠋ ᠦᠵᠡᠭᠦᠯᠦᠶ᠎ᠡ᠃
ᠡᠷᠡᠭᠲᠡᠢᠴᠦᠳ ᠦ᠋ᠨ ᠬᠠᠷᠢᠭᠤᠯᠲᠠ
1. ᠪᠠᠢᠵᠤ ᠪᠣᠯᠤᠨ᠎ᠠ74.4%
2. ᠣᠭᠲᠣ ᠪᠠᠢᠵᠤ ᠪᠣᠯᠬᠤ ᠦᠭᠡᠢ17.9%
3. ᠮᠡᠳᠡᠬᠦ ᠦᠭᠡᠢ7.7%
ᠡᠮᠡᠭᠲᠡᠢ ᠬᠥᠮᠦᠨ ᠦ᠌ ᠬᠤᠪᠢ ᠳ᠋ᠤ᠌
1. ᠪᠠᠢᠵᠤ ᠪᠣᠯᠤᠨ᠎ᠠ51.3%
2. ᠣᠭᠲᠣ ᠪᠠᠢᠵᠤ ᠪᠣᠯᠬᠤ ᠦᠭᠡᠢ30.7%
3. ᠮᠡᠳᠡᠬᠦ ᠦᠭᠡᠢ18%
ᠡᠮᠡᠭᠲᠡᠢᠴᠦᠳ ᠦ᠋ᠨ ᠬᠠᠷᠢᠭᠤᠯᠲᠠ
ᠡᠷᠡᠭᠲᠡᠢ ᠬᠥᠮᠦᠨ ᠦ᠌ ᠬᠤᠪᠢ ᠳ᠋ᠤ᠌᠄
1. ᠪᠠᠢᠵᠤ ᠪᠣᠯᠤᠨ᠎ᠠ31.3%
2. ᠣᠭᠲᠣ ᠪᠠᠢᠵᠤ ᠪᠣᠯᠬᠤ ᠦᠭᠡᠢ25.7%
3. ᠮᠡᠳᠡᠬᠦ ᠦᠭᠡᠢ42.9%
ᠡᠮᠡᠭᠲᠡᠢ ᠬᠥᠮᠦᠨ ᠦ᠌ ᠬᠤᠪᠢ ᠳ᠋ᠤ᠌
1. ᠪᠠᠢᠵᠤ ᠪᠣᠯᠤᠨ᠎ᠠ31.4%
2. ᠣᠭᠲᠣ ᠪᠠᠢᠵᠤ ᠪᠣᠯᠬᠤ ᠦᠭᠡᠢ31.4%
3. ᠮᠡᠳᠡᠬᠦ ᠦᠭᠡᠢ37.2%
ᠡᠨᠳᠡ ᠡᠴᠡ ᠦᠵᠡᠬᠦ ᠳ᠋ᠦ᠍᠂ ᠡᠷᠡᠭᠲᠡᠢ ᠡᠮᠡᠭᠲᠡᠢ ᠬᠥᠮᠦᠰ ᠦ᠋ᠨ ᠦᠵᠡᠯ ᠪᠣᠳᠣᠯ ᠶᠡᠬᠡᠬᠡᠨ ᠵᠥᠷᠢᠶ᠎ᠡ ᠲᠡᠢ ᠪᠠᠢᠨ᠎ᠠ᠃ ᠡᠷᠡᠭᠲᠡᠢᠴᠦᠳ ᠦ᠋ᠨ ᠶᠡᠬᠡᠩᠬᠢ ᠨᠢ(74.4%) ᠡᠭᠦᠨ ᠢ᠋《ᠪᠠᠢᠵᠤ ᠪᠣᠯᠤᠨ᠎ᠠ》 ᠭᠡᠰᠡᠨ ᠪᠠᠢᠬᠤ ᠳ᠋ᠤ᠌ ᠡᠮᠡᠭᠲᠡᠢᠴᠦᠳ ᠦ᠋ᠨ ᠴᠥᠭᠡᠩᠬᠢ ᠨᠢ(31.4%) ᠡᠭᠦᠨ ᠢ᠋ ᠬᠦᠯᠢᠶᠡᠨ ᠵᠥᠪᠰᠢᠶᠡᠷᠡᠵᠦ ᠪᠠᠢᠨ᠎ᠠ᠃ ᠥᠭᠡᠷ᠎ᠡ ᠪᠡᠷ ᠬᠡᠯᠡᠪᠡᠯ ᠲᠡᠳᠡᠨ ᠦ᠌ ᠴᠡᠭᠡᠷᠯᠡᠬᠦ ᠴᠡᠭᠡᠷᠯᠡᠯᠲᠡ ᠶᠡᠬᠡ ᠥᠨᠳᠥᠷ ᠪᠠᠢᠨ᠎ᠠ᠃ ᠪᠢᠳᠡᠨ ᠦ᠌ ᠰᠤᠳᠤᠯᠭᠠᠨ ᠠ᠋ᠴᠠ ᠪᠠᠰᠠ ᠨᠢᠭᠡ ᠰᠣᠨᠢᠨ ᠵᠦᠢᠯ ᠬᠠᠷᠠᠭᠳᠠᠭᠰᠠᠨ ᠶᠤᠮ᠃ ᠡᠨᠡ ᠶᠠᠭᠤ ᠪᠣᠢ ᠭᠡᠪᠡᠯ ᠰᠤᠳᠤᠯᠭᠠᠨ ᠳ᠋ᠤ᠌ ᠬᠠᠮᠤᠷᠤᠭᠳᠠᠭᠰᠠᠳ ᠤ᠋ᠨ ᠨᠠᠰᠤ ᠠᠬᠢᠬᠤ ᠲᠣᠰᠤᠮ ᠡᠭᠦᠨ ᠢ᠋ ᠵᠥᠪᠰᠢᠶᠡᠷᠡᠵᠦ《ᠪᠠᠢᠵᠤ ᠪᠣᠯᠤᠨ᠎ᠠ》 ᠭᠡᠰᠡᠨ ᠬᠠᠷᠢᠭᠤᠯᠲᠠ ᠶ᠋ᠢᠨ ᠬᠤᠪᠢ ᠨᠡᠮᠡᠭᠳᠡᠵᠦ ᠪᠠᠢᠭ᠎ᠠ ᠶᠠᠪᠤᠳᠠᠯ ᠶᠤᠮ᠃ ᠲᠤᠬᠠᠢᠯᠠᠪᠠᠯ ᠬᠣᠷᠢᠨ ᠨᠠᠰᠤᠲᠠᠢ ᠬᠠᠷᠢᠭᠤᠯᠠᠭᠰᠠᠳ ᠤ᠋ᠨ ᠲᠥᠩᠬᠡᠵᠢ19% ᠨᠢ ᠡᠭᠦᠨ ᠢ᠋《ᠪᠠᠢᠵᠤ ᠪᠣᠯᠤᠨ᠎ᠠ》 ᠭᠡᠰᠡᠨ ᠪᠠᠢᠬᠤ ᠳ᠋ᠤ᠌᠂ ᠭᠤᠴᠢᠲᠠᠢ ᠬᠥᠮᠦᠰ ᠦ᠋ᠨ42%᠂ ᠳᠥᠴᠢᠲᠡᠢ ᠬᠥᠮᠦᠰ ᠦ᠋ᠨ68% ᠨᠢ ᠲᠤᠰ ᠲᠤᠰ《ᠪᠠᠢᠵᠤ ᠪᠣᠯᠤᠨ᠎ᠠ》 ᠭᠡᠵᠦ ᠬᠠᠷᠢᠭᠤᠯᠵᠠᠢ᠃ ᠬᠡᠷᠪᠡ ᠨᠥᠬᠥᠷ(ᠡᠬᠡᠨᠡᠷ) ᠴᠢᠨᠢ ᠥᠭᠡᠷ᠎ᠡ ᠬᠥᠮᠦᠨ ᠲᠡᠢ《ᠤᠨᠲᠠᠭᠰᠠᠨ》 ᠪᠣᠯ ᠲᠠ ᠶᠠᠭᠠᠬᠢᠬᠤ ᠪᠣᠢ ᠭᠡᠰᠡᠨ ᠠᠰᠠᠭᠤᠯᠲᠠ ᠳ᠋ᠤ᠌ ᠰᠤᠳᠤᠯᠭᠠᠨ ᠳ᠋ᠤ᠌ ᠬᠠᠮᠤᠷᠤᠭᠳᠠᠭᠰᠠᠨ ᠡᠷᠡᠭᠲᠡᠢᠴᠦᠳ ᠦ᠋ᠨ38.4% ᠨᠢ《ᠠᠭᠤᠴᠢᠯᠠᠨ᠎ᠠ》᠂10.3% ᠨᠢ《ᠬᠠᠷᠢᠭᠤ ᠠᠪᠤᠨ᠎ᠠ》᠂30.8% ᠨᠢ《ᠰᠠᠯᠤᠨ᠎ᠠ》᠂20.5%《 ᠮᠡᠳᠡᠬᠦ ᠦᠭᠡᠢ》 ᠭᠡᠵᠦ ᠬᠠᠷᠢᠭᠤᠯᠵᠠᠢ᠃ ᠲᠡᠭᠡᠪᠡᠯ ᠡᠮᠡᠭᠲᠡᠢᠴᠦᠳ ᠦ᠋ᠨ73.1%《ᠠᠭᠤᠴᠢᠯᠠᠨ᠎ᠠ》᠂7.3% ᠨᠢ《ᠬᠠᠷᠢᠭᠤ ᠠᠪᠤᠨ᠎ᠠ》᠂4.9% ᠨᠢ《ᠰᠠᠯᠤᠨ᠎ᠠ》᠂14.0%《ᠰᠡᠳᠬᠢᠯ ᠢ᠋ᠶ᠋ᠡᠷ ᠤᠨᠠᠨ᠎ᠠ》᠂0.6% ᠨᠢ《ᠠᠮᠢ ᠪᠠᠨ ᠬᠣᠣᠷᠯᠠᠨ᠎ᠠ》 ᠭᠡᠵᠦ ᠬᠠᠷᠢᠭᠤᠯᠵᠠᠢ᠃ ᠡᠨᠳᠡ ᠡᠴᠡ ᠦᠵᠡᠬᠦ ᠳ᠋ᠦ᠍ ᠡᠮᠡᠭᠲᠡᠢ ᠬᠥᠮᠦᠨ ᠡᠷ᠎ᠡ ᠨᠥᠬᠥᠷ ᠢ᠋ᠶ᠋ᠡᠨ《ᠠᠷᠤ ᠪᠠᠷ ᠨᠢ ᠲᠠᠯᠪᠢᠬᠤ ᠳ᠋ᠤ᠌》 ᠨᠡᠯᠢᠶᠡᠳ ᠬᠦᠯᠢᠴᠡᠲᠢ᠂ ᠲᠡᠪᠴᠢᠶᠡᠷᠢᠲᠡᠢ ᠬᠠᠨᠳᠤᠵᠤ ᠪᠠᠢᠨ᠎ᠠ᠃ ᠡᠨᠡ ᠨᠢ ᠠᠮᠢᠳᠤᠷᠠᠯ᠂ ᠦᠷ᠎ᠡ ᠬᠡᠦᠬᠡᠳ ᠲᠡᠭᠡᠨ ᠭᠡᠰᠡᠨ ᠰᠡᠳᠬᠢᠯ ᠲᠡᠢ ᠬᠣᠯᠪᠣᠭ᠎ᠠ ᠲᠠᠢ᠃
ᠳᠡᠭᠡᠷᠡᠬᠢ ᠳ᠋ᠦᠩ ᠲᠠ ᠪᠦᠬᠦᠨ ᠦ᠌ ᠰᠣᠨᠢᠷᠬᠠᠨ ᠠᠰᠠᠭᠤᠳᠠᠭ ᠰᠡᠭᠦᠯ ᠲᠡᠢ᠂ ᠰᠡᠭᠦᠯ ᠦᠭᠡᠢ ᠬᠣᠷᠸ᠎ᠠ ᠶ᠋ᠢᠨ ᠦᠨᠳᠦᠰᠦᠨ ᠬᠠᠷᠢᠭᠤᠯᠲᠠ ᠪᠣᠯᠤᠨ᠎ᠠ ᠪᠠᠢᠬ᠎ᠠ ᠭᠡᠵᠦ ᠢᠲᠡᠭᠡᠨ᠎ᠡ᠃ ᠳᠡᠭᠡᠷ᠎ᠡ ᠳᠤᠷᠠᠳᠤᠭᠰᠠᠨ ᠭᠤᠷᠪᠠᠨ ᠵᠢᠰᠢᠶ᠎ᠠ ᠶ᠋ᠢ《ᠠᠷᠭ᠎ᠠ ᠦᠭᠡᠢ ᠠᠮᠠᠷᠠᠭ》 ᠲᠠᠢ ᠬᠣᠯᠢᠬᠤ ᠨᠢ ᠤᠳᠬ᠎ᠠ ᠦᠭᠡᠢ ᠬᠡᠷᠡᠭ ᠪᠣᠯᠤᠨ᠎ᠠ᠃ ᠬᠣᠷᠮᠣᠢ ᠶ᠋ᠢᠨ ᠰᠠᠯᠬᠢ ᠨᠢ ᠶᠠᠪᠤᠨ ᠶᠠᠪᠤᠭᠰᠠᠭᠠᠷ ᠡᠴᠦᠰ ᠦ᠋ᠨ ᠪᠦᠯᠦᠭ ᠲᠦ᠍ ᠬᠣᠷᠮᠣᠢ ᠶ᠋ᠢᠨ ᠲᠤᠩ ᠪᠣᠯᠵᠤ ᠬᠤᠪᠢᠷᠠᠳᠠᠭ ᠲᠠᠪᠢᠯᠠᠩ ᠲᠠᠢ᠂ ᠡᠢᠮᠦ ᠲᠤᠩ ᠱᠦᠭᠯᠡᠭᠰᠡᠨ ᠬᠥᠮᠦᠨ ᠬᠤᠷᠢᠴᠠᠯ ᠬᠤᠶᠠᠯᠢ ᠠ᠋ᠴᠠ ᠥᠭᠡᠷ᠎ᠡ ᠶᠠᠭᠤ ᠴᠦ᠍ ᠪᠣᠳᠣᠵᠤ ᠰᠡᠳᠬᠢᠬᠦ ᠪᠡᠨ ᠪᠠᠢᠵᠤ ᠤᠷᠢᠨ ᠲᠠᠴᠢᠶᠠᠩᠭᠤᠢ ᠳ᠋ᠤ᠌ ᠪᠤᠳᠤᠭᠯᠤᠭᠤᠯᠵᠣ᠂ ᠤᠵᠢᠳ ᠵᠠᠪᠬᠠᠢ᠂ ᠪᠤᠰᠤᠷᠮᠠᠭ ᠶᠠᠪᠤᠳᠠᠯᠲᠠᠨ ᠪᠣᠯᠤᠨ᠎ᠠ᠃ ᠥᠭᠡᠷ᠎ᠡ ᠪᠡᠷ ᠬᠡᠯᠡᠪᠡᠯ ᠬᠣᠷᠮᠣᠢ ᠶ᠋ᠢᠨ ᠲᠤᠩ ᠵᠠᠯᠠᠭᠤ ᠽᠠᠨᠳᠠᠨ ᠴᠠᠭ ᠠ᠋ᠴᠠ ᠪᠠᠨ ᠳᠤᠷ᠎ᠠ ᠲᠠᠴᠢᠶᠠᠯ ᠢ᠋ᠶ᠋ᠠᠨ ᠬᠢᠮᠠᠭᠠᠳᠠᠬᠤ ᠦᠭᠡᠢ ᠵᠣᠷᠢᠭ ᠢ᠋ᠶ᠋ᠠᠷ ᠨᠢ ᠪᠠᠢᠯᠭᠠᠭᠰᠠᠨ ᠤ᠋ ᠱᠠᠩ ᠶᠤᠮ᠃ ᠭᠡᠬᠦ ᠳ᠋ᠦ᠍ ᠬᠡᠴᠢᠨᠡᠨ ᠦᠷ᠎ᠡ ᠬᠡᠦᠬᠡᠳ᠂ ᠬᠠᠨᠢ ᠢᠵᠢᠯᠢ ᠲᠡᠢ ᠪᠠᠢᠯ᠎ᠠ ᠴᠦ᠍ ᠭᠡᠰᠡᠨ ᠲᠡᠷᠡ ᠪᠦᠷᠢ ᠶ᠋ᠢ ᠲᠠᠭᠠᠰᠢᠶᠠᠯ ᠥᠭᠴᠦ ᠴᠢᠳᠠᠬᠤ ᠦᠭᠡᠢ ᠪᠠᠢᠭ᠎ᠠ ᠶ᠋ᠢ ᠬᠡᠯᠡᠬᠦ ᠬᠡᠷᠡᠭᠲᠡᠢ᠃ ᠺᠸᠷᠮᠠᠨ ᠤ᠋ ᠡᠷᠳᠡᠮᠲᠡᠨ ᠵ·ᠱᠨᠠᠪᠯᠢ ᠶ᠋ᠢᠨ ᠨᠡᠷ᠎ᠡ ᠦᠭᠡᠢ ᠬᠠᠭᠤᠳᠠᠰᠤ ᠪᠠᠷ ᠬᠢᠭᠰᠡᠨ ᠰᠤᠳᠤᠯᠭᠠᠨ ᠢ᠋ᠶ᠋ᠠᠷ᠂ ᠭᠡᠷ ᠪᠦᠯᠢ ᠲᠡᠢ ᠡᠮᠡᠭᠲᠡᠢᠴᠦᠳ ᠦ᠋ᠨ25%᠂ ᠭᠡᠷ ᠪᠦᠯᠢ ᠲᠡᠢ ᠡᠷᠡᠭᠲᠡᠢᠴᠦᠳ ᠦ᠋ᠨ43% ᠨᠢ ᠨᠢᠭᠡ ᠤᠳᠠᠭ᠎ᠠ ᠪᠤᠶᠤ ᠨᠢᠭᠡ ᠪᠤᠰᠤ ᠤᠳᠠᠭ᠎ᠠ ᠥᠭᠡᠷ᠎ᠡ ᠬᠥᠮᠦᠨ ᠲᠡᠢ《ᠤᠨᠲᠠᠵᠤ》 ᠦᠵᠡᠬᠦ ᠶᠦᠮ ᠰᠠᠨ ᠭᠡᠵᠦ ᠬᠦᠰᠡᠭᠰᠡᠨ ᠪᠠᠢᠨ᠎ᠠ᠃ ᠲᠡᠷᠡ ᠨᠢ ᠨᠠᠰᠤ ᠠᠬᠢᠬᠤ ᠶ᠋ᠢᠨ ᠬᠢᠷᠢ ᠪᠡᠷ ᠢᠩᠭᠢᠬᠦ ᠡᠷᠡᠮᠡᠯᠵᠡᠯ ᠡᠷᠡᠭᠲᠡᠢᠴᠦᠳ ᠲᠦ᠍ ᠤᠯᠠᠮ ᠦᠰᠦᠨ ᠨᠡᠮᠡᠭᠳᠡᠬᠦ ᠬᠠᠨᠳᠤᠯᠭ᠎ᠠ ᠲᠠᠢ ᠠᠵᠠᠢ᠃ ᠵ·ᠱᠨᠠᠪᠯᠢ ᠶ᠋ᠢᠨ ᠪᠢᠴᠢᠭᠰᠡᠨ ᠢ᠋ᠶ᠋ᠡᠷ ᠡᠷᠡᠭᠲᠡᠢ ᠬᠥᠮᠦᠨ ᠦ᠌ ᠬᠣᠷᠮᠣᠢ ᠶ᠋ᠢᠨ ᠰᠠᠯᠬᠢ ᠣᠷᠣᠬᠤ ᠦᠨᠳᠦᠰᠦᠨ ᠰᠢᠯᠲᠠᠭᠠᠨ ᠪᠣᠯ ᠭᠡᠷ ᠪᠦᠯᠢ ᠶ᠋ᠢᠨ ᠠᠮᠢᠳᠤᠷᠠᠯ ᠳ᠋ᠤ᠌ ᠵᠠᠯᠬᠠᠬᠤ ᠶᠠᠪᠤᠳᠠᠯ ᠠᠵᠠᠢ᠃ ᠬᠠᠷᠢᠨ ᠡᠮᠡᠭᠲᠡᠢ ᠬᠥᠮᠦᠨ ᠦ᠌ ᠬᠣᠷᠮᠣᠢ ᠶ᠋ᠢᠨ ᠰᠠᠯᠬᠢ ᠣᠷᠣᠬᠤ ᠰᠢᠯᠲᠠᠭᠠᠨ ᠨᠢ ᠡᠭᠦᠨ ᠡᠴᠡ ᠱᠠᠯ ᠥᠭᠡᠷ᠎ᠡ᠂ ᠡᠷ᠎ᠡ ᠡᠮ᠎ᠡ ᠶ᠋ᠢᠨ ᠶᠣᠰᠣᠨ ᠤ᠋ ᠲᠠᠯ᠎ᠠ ᠪᠠᠷ ᠰᠡᠳᠬᠢᠯ ᠬᠠᠨᠤᠮᠵᠢ ᠦᠭᠡᠢ ᠪᠠᠢᠬᠤ ᠶᠠᠪᠤᠳᠠᠯ ᠶᠤᠮ᠃
ᠡᠢᠮᠦ ᠡᠴᠡ ᠬᠠᠨᠢᠯᠠᠭᠰᠠᠨ ᠬᠣᠶᠠᠷ ᠬᠡᠨ ᠬᠡᠨ ᠦ᠌ ᠬᠣᠷᠮᠣᠢ ᠳ᠋ᠤ᠌ ᠰᠠᠯᠬᠢ ᠣᠷᠣᠬᠤ ᠠ᠋ᠴᠠ ᠰᠡᠷᠡᠮᠵᠢᠯᠡᠬᠦ ᠶ᠋ᠢᠨ ᠲᠤᠯᠠᠳᠠ ᠳᠠᠷᠠᠭᠠᠬᠢ ᠬᠡᠳᠦᠨ ᠵᠦᠢᠯ ᠢ᠋ ᠠᠩᠬᠠᠷᠬᠤ ᠬᠡᠷᠡᠭᠲᠡᠢ᠃ ᠡᠷ᠎ᠡ ᠨᠥᠬᠥᠷ ᠴᠢᠨᠢ ᠬᠤᠷᠢᠴᠠᠯ ᠦᠢᠯᠡᠳᠬᠦ ᠭᠠᠭᠴᠠᠬᠠᠨ ᠶᠠᠩᠵᠤ ᠶ᠋ᠢᠨ ᠪᠠᠢᠷᠢᠯᠠᠯ ᠳ᠋ᠤ᠌ ᠳᠠᠰᠴᠢᠬᠠᠭᠠᠳ ᠡᠢᠮᠦ ᠪᠠᠢᠳᠠᠯ ᠳ᠋ᠤ᠌ ᠣᠷᠣᠵᠤ ᠪᠣᠯᠬᠤ ᠶᠤᠮ᠃ ᠡᠢᠮᠦ ᠳ᠋ᠦ᠍ ᠡᠷ᠎ᠡ ᠡᠮ᠎ᠡ ᠬᠤᠷᠢᠴᠠᠯ ᠦᠢᠯᠡᠳᠬᠦ ᠪᠠᠢᠷᠢᠯᠠᠯ ᠢ᠋ᠶ᠋ᠠᠨ ᠦᠶ᠎ᠡ ᠦᠶ᠎ᠡ ᠰᠡᠯᠭᠦᠨ ᠥᠭᠡᠷᠡᠴᠢᠯᠡᠵᠦ ᠪᠠᠢᠬᠤ ᠬᠡᠷᠡᠭᠲᠡᠢ᠃ ᠡᠷ᠎ᠡ ᠨᠥᠬᠥᠷ ᠴᠢᠨᠢ ᠢᠯᠢᠨ ᠲᠠᠭᠠᠯᠠᠬᠤ ᠳ᠋ᠤ᠌ ᠶᠠᠭᠠᠬᠢᠬᠤ ᠴᠣ ᠦᠭᠡᠢ ᠪᠠᠢᠪᠠᠯ ᠲᠡᠭᠦᠨ ᠢ᠋ ᠣᠯᠠᠨ ᠶᠠᠩᠵᠤ ᠪᠣᠯᠭᠠᠬᠤ ᠬᠡᠷᠡᠭᠲᠡᠢ᠃ ᠲᠡᠷᠡ ᠪᠡᠷ ᠲᠠᠨ ᠢ᠋ ᠲᠠᠩᠳᠠ ᠡᠮᠦᠰᠳᠡᠭ ᠳᠠᠩ ᠳᠡᠪᠡᠯ ᠲᠡᠷᠯᠢᠭ ᠲᠦ᠍ ᠨᠢᠳᠦ ᠳᠠᠰᠴᠢᠬᠠᠵᠤ ᠪᠣᠯᠤᠨ᠎ᠠ᠃ ᠲᠡᠭᠡᠪᠡᠯ ᠪᠡᠶ᠎ᠡ ᠪᠡᠨ ᠲᠣᠷᠳᠠᠵᠤ᠂ ᠲᠡᠷᠯᠢᠭ᠂ ᠳᠡᠪᠡᠯ ᠢ᠋ᠶ᠋ᠡᠨ ᠴᠡᠪᠡᠷ ᠴᠡᠮᠴᠡᠭᠡᠷ ᠡᠮᠦᠰᠬᠦ ᠬᠡᠷᠡᠭᠲᠡᠢ᠃ ᠨᠥᠬᠥᠷ ᠴᠢᠨᠢ ᠦᠷᠭᠦᠯᠵᠢ ᠡᠷᠡᠦ ᠶ᠋ᠢᠨ ᠱᠥᠯᠥ ᠤᠤᠭᠤᠵᠤ᠂ ᠵᠠᠩᠨᠠᠭᠤᠯᠵᠤ ᠰᠠᠭᠤᠬᠤ ᠠ᠋ᠴᠠ ᠪᠠᠨ ᠵᠠᠯᠬᠠᠭᠰᠠᠨ ᠪᠠᠢᠵᠤ ᠪᠣᠯᠤᠨ᠎ᠠ᠃ ᠲᠡᠭᠡᠪᠡᠯ ᠲᠡᠭᠦᠨ ᠢ᠋ ᠨᠢᠭᠡ ᠣᠷᠣᠢ ᠴᠦ᠍ ᠭᠡᠰᠡᠨ ᠠᠮᠠᠷᠠᠭᠠᠵᠤ᠂ ᠺᠢᠨᠣ᠋ ᠰᠢ ᠶᠦᠮ ᠤᠤ ᠪᠥᠵᠢᠭ ᠲᠦ᠍ ᠶᠠᠪᠤ᠃ ᠨᠥᠬᠥᠷ ᠴᠢᠨᠢ ᠬᠢᠬᠦ ᠶᠠᠭᠤᠮ᠎ᠠ ᠦᠭᠡᠢ ᠪᠣᠯ ᠨᠠᠢᠵᠠ ᠨᠥᠬᠥᠷ ᠲᠡᠢ ᠪᠡᠨ ᠨᠢᠭᠡ ᠡᠳᠦᠷ ᠶᠠᠷᠢᠵᠤ ᠰᠠᠭᠤᠭᠠᠳ ᠢᠷᠡᠭ ᠯᠠ ᠳᠠ᠃ ᠡᠨᠡ ᠪᠣᠯ ᠲᠡᠭᠦᠨ ᠢ᠋ ᠳᠤᠷ᠎ᠠ ᠪᠠᠷ ᠢ᠋ᠶ᠋ᠠᠨ ᠳᠣᠷᠭᠢᠭᠤᠯᠵᠤ ᠲᠣᠯᠣᠭᠠᠢ ᠳᠡᠭᠡᠷ᠎ᠡ ᠪᠡᠨ ᠭᠠᠷᠭ᠎ᠠ ᠭᠡᠰᠡᠨ ᠦᠭᠡ ᠪᠢᠰᠢ᠃ ᠭᠡᠪᠡᠴᠦ ᠦᠶ᠎ᠡ ᠦᠶ᠎ᠡ ᠡᠷᠬᠡ ᠴᠢᠯᠥᠭᠡ ᠲᠡᠢ ᠪᠠᠢᠯᠭᠠᠬᠤ ᠬᠡᠷᠡᠭᠲᠡᠢ᠃ ᠡᠷ᠎ᠡ ᠨᠥᠬᠥᠷ ᠴᠢᠨᠢ ᠨᠢᠭᠡ ᠶᠠᠩᠵᠤ ᠶ᠋ᠢᠨ ᠣᠷᠴᠢᠨ ᠨᠥᠬᠥᠴᠡᠯ ᠳ᠋ᠦ᠍᠂ ᠨᠢᠭᠡ ᠯᠡ ᠶᠠᠩᠵᠤ ᠶ᠋ᠢᠨ ᠬᠥᠮᠦᠰ ᠦ᠋ᠨ ᠳᠤᠮᠳᠠ ᠪᠠᠢᠭᠠᠳ ᠪᠦᠷ ᠵᠠᠯᠬᠠᠭᠰᠠᠨ ᠪᠠᠢᠵᠤ ᠪᠣᠯᠤᠨ᠎ᠠ᠃ ᠲᠡᠭᠡᠪᠡᠯ ᠡᠭᠡᠯᠵᠢ ᠶ᠋ᠢᠨ ᠠᠮᠠᠷᠠᠯᠲᠠ ᠪᠠᠨ ᠵᠥᠷᠢᠭᠦᠯᠵᠦ ᠠᠪᠬᠤ ᠨᠢ ᠳᠡᠭᠡᠷ᠎ᠡ᠃ ᠡᠷ᠎ᠡ ᠨᠥᠬᠥᠷ ᠴᠢᠨᠢ ᠭᠠᠭᠴᠠᠭᠠᠷ ᠢ᠋ᠶ᠋ᠠᠨ ᠠᠮᠠᠷᠠᠯᠲᠠ ᠳ᠋ᠤ᠌ ᠶᠠᠪᠤᠭ ᠯᠠ ᠳᠠ᠃ ᠭᠡᠪᠡᠴᠦ ᠠᠮᠠᠷᠠᠯᠲᠠ ᠠ᠋ᠴᠠ ᠡᠷᠭᠢᠵᠦ ᠢᠷᠡᠬᠦ ᠳ᠋ᠡᠭᠡᠨ ᠰᠢᠨᠡᠬᠡᠨ ᠠᠮᠠᠷᠠᠭ ᠲᠠᠭᠠᠨ ᠣᠴᠢᠬᠤ ᠭᠡᠵᠦ ᠪᠠᠢᠭ᠎ᠠ ᠶᠤᠮ ᠰᠢᠭ᠋ ᠭᠡᠷ ᠲᠡᠭᠡᠨ ᠶᠠᠭᠠᠷᠠᠵᠤ ᠲᠠᠨ ᠢ᠋ ᠤᠯᠠᠮ ᠬᠠᠢᠷᠠᠯᠠᠬᠤ ᠪᠣᠯᠤᠨ᠎ᠠ ᠰᠢᠦ᠃
