ᠬᠠᠲᠤᠨ ᠭᠣᠣᠯ ᠮᠢᠨᠢ -ᠲᠡᠮᠦᠷᠰᠣᠣᠵᠢ᠂ ᠮᠠᠨᠳᠠᠷᠠᠸ᠎ᠠХатан гол минь-Төмөрсүүж,МандарвааKhatan gol mini-Tömörsüüj,Mandarvaa ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠲᠤᠨ ᠭᠣᠣᠯ ᠮᠢᠨᠢ -ᠲᠡᠮᠦᠷᠰᠣᠣᠵᠢ᠂ ᠮᠠᠨᠳᠠᠷᠠᠸ᠎ᠠХатан гол минь-Төмөрсүүж,МандарвааKhatan gol mini-Tömörsüüj,Mandarvaa

ᠬᠠᠲᠤᠨ ᠭᠣᠣᠯ ᠮᠢᠨᠢ -ᠲᠡᠮᠦᠷᠰᠣᠣᠵᠢ᠂ ᠮᠠᠨᠳᠠᠷᠠᠸ᠎ᠠХатан гол минь-Төмөрсүүж,МандарвааKhatan gol mini-Tömörsüüj,Mandarvaa

ᠠᠩᠭᠢᠯᠠᠯ:ᠳᠠᠭᠤᠤ ᠬᠥᠭᠵᠢᠮ
2025-08-31

1871

ᠬᠠᠲᠤᠨ ᠭᠣᠣᠯ ᠮᠢᠨᠢ

  ᠦᠭᠡ᠄ ᠭᠦᠩᠭᠠᠷ 
  ᠠᠶ᠎ᠠ᠄ ᠣᠶᠤᠨᠮᠥ᠋ᠷᠡᠨ 
  ᠳᠠᠭᠤᠴᠢᠨ᠄ ᠲᠡᠮᠦᠷᠰᠣᠣᠵᠢ᠂ ᠮᠠᠨᠳᠠᠷᠠᠸ᠎ᠠ 

ᠲᠣᠬᠣᠢᠷᠠᠨ ᠴᠠᠯᠭᠢᠯᠠᠬᠤ ᠬᠠᠲᠤᠨ ᠭᠣᠣᠯ ᠮᠢᠨᠢ 
ᠲᠤᠩᠭᠠᠯᠠᠭ ᠰᠠᠷᠠᠨ ᠤ᠋ ᠭᠡᠷᠡᠯ ᠤᠤ ᠳᠠ ᠬᠦ 
ᠲᠤᠭᠤᠷᠭᠠᠲᠤ ᠭᠡᠷ ᠦ᠋ᠨ ᠪᠠᠭᠤᠴᠠ ᠮᠢᠨᠢ 
ᠲᠡᠦᠬᠡ ᠰᠣᠶᠣᠯ ᠤ᠋ᠨ ᠥᠪ ᠤᠤ ᠳᠠ ᠬᠦ 

ᠬᠡᠦᠬᠡᠳ ᠨᠠᠰᠤᠨ ᠤ᠋ ᠤᠤᠭᠠᠯ ᠨᠤᠲᠤᠭ ᠮᠢᠨᠢ 
ᠬᠡᠯᠡᠭᠡᠳ ᠪᠠᠷᠠᠰᠢ ᠦᠭᠡᠢ ᠦᠯᠢᠭᠡᠷ ᠰᠢᠦ ᠳᠡ ᠬᠦ 
ᠬᠡᠵᠢᠶᠡᠳᠡ ᠤᠶᠠᠩᠭᠠᠷᠠᠬᠤ ᠳᠠᠭᠤᠤ ᠰᠢᠯᠦᠭ ᠮᠢᠨᠢ 
ᠬᠡᠮᠵᠢᠭᠡᠳ ᠪᠠᠷᠠᠰᠢ ᠦᠭᠡᠢ ᠰᠣᠶᠣᠯ ᠰᠢᠦ ᠳᠡ ᠬᠦ 

ᠬᠦᠷᠬᠢᠷᠡᠨ ᠤᠷᠤᠰᠬᠤ ᠬᠠᠲᠤᠨ ᠭᠣᠣᠯ ᠮᠢᠨᠢ
ᠬᠥᠳᠡᠭᠡ ᠲᠠᠯ᠎ᠠ ᠶ᠋ᠢᠨ ᠰᠤᠳᠠᠰᠤ ᠰᠢᠦ ᠳᠡ ᠬᠦ
ᠬᠥᠭᠡᠮᠡᠢ ᠶ᠋ᠢᠨ ᠢᠷᠠᠭᠤ ᠡᠬᠡᠰᠢᠭ ᠨᠢ ᠬᠦ
ᠬᠥᠬᠥᠭᠡ ᠰᠢᠪᠠᠭᠤᠨ ᠤ᠋ ᠳᠣᠩᠭᠣᠳᠤᠭ᠎ᠠ ᠤᠤ ᠳᠠ ᠬᠦ
( ᠳᠠᠬᠢᠯᠲᠠ)
ᠪᠣᠳᠣᠯ ᠳ᠋ᠤ᠌ ᠡᠷᠢᠭᠳᠡᠬᠦ ᠬᠠᠲᠤᠨ ᠭᠣᠣᠯ ᠮᠢᠨᠢ
ᠪᠣᠭᠳᠠ ᠶ᠋ᠢᠨ ᠠᠷᠢᠭᠤᠨ ᠬᠡᠰᠢᠭ ᠤᠤ ᠳᠠ ᠬᠦ
ᠪᠣᠰᠤᠭ᠎ᠠ ᠮᠣᠩᠭᠣᠯ ᠪᠢᠴᠢᠭ ᠮᠢᠨᠢ
ᠪᠤᠮᠠᠨ ᠡᠷᠳᠡᠨᠢ ᠶ᠋ᠢᠨ ᠲᠦᠯᠬᠢᠭᠦᠷ ᠤᠤ ᠳᠠ ᠬᠦ
( ᠳᠠᠬᠢᠯᠲᠠ)
ᠮᠥᠩᠬᠡᠷᠡᠵᠦ ᠦᠯᠡᠳᠡᠬᠦ ᠬᠠᠲᠤᠨ ᠭᠣᠣᠯ ᠮᠢᠨᠢ
ᠮᠣᠩᠭᠣᠯ ᠨᠤᠲᠤᠭ ᠤ᠋ᠨ ᠦᠵᠡᠮᠵᠢ ᠤᠤ ᠳᠠ ᠬᠦ
ᠮᠣᠷᠢᠨ ᠳᠠᠪᠬᠢᠭ᠎ᠠ ᠲᠠᠢ ᠬᠠᠩᠭᠠᠢ ᠮᠢᠨᠢ
ᠮᠥᠷᠥᠭᠡᠳᠦᠯ ᠦ᠋ᠨ ᠠᠯᠲᠠᠨ ᠥᠯᠥᠭᠡᠢ ᠤᠤ ᠳᠠ ᠬᠦ
( ᠳᠠᠬᠢᠯᠲᠠ)

  ᠦᠰᠦᠭ ᠬᠠᠳᠠᠭᠴᠢ᠄ ᠠᠯᠲᠠᠨᠴᠢᠮᠡᠭ
  ᠦᠰᠦᠭ ᠠᠮᠢᠯᠠᠭᠤᠯᠤᠭᠴᠢ᠄ ᠠᠯᠲᠠᠨᠴᠢᠮᠡᠭ
  ᠬᠢᠨᠠᠭᠴᠢ᠄ ᠭᠦᠩᠭᠠᠷ