ᠭᠡᠭᠡᠨ ᠰᠤᠭᠤᠨᠠᠭ-ᠰᠠᠷᠠᠨᠮᠠᠨᠳᠣᠬᠣGegeen suunag-SaranmandukhuГэгээн суунаг-Саранмандуху
ᠭᠡᠭᠡᠨ ᠰᠤᠭᠤᠨᠠᠭ
ᠦᠭᠡ᠄ ᠸ᠂ ᠭᠠᠩᠪᠣᠯᠣᠳ
ᠠᠶ᠎ᠠ᠄ ᠢᠳᠰᠢᠨ
ᠳᠠᠭᠤᠴᠢᠨ᠄ ᠰᠠᠷᠠᠨᠮᠠᠨᠳᠣᠬᠣ
ᠲᠡᠨᠢᠭᠡᠷ ᠬᠣᠷᠸ᠎ᠠ ᠶ᠋ᠢᠨ ᠵᠥᠭᠡᠯᠡᠨ ᠠᠮᠢᠰᠬᠤᠭ᠎ᠠ
ᠲᠩᠷᠢ ᠪᠡᠨ ᠲᠣᠯᠢᠯᠠᠭᠰᠠᠨ ᠤᠷᠢᠬᠠᠨ ᠪᠦᠪᠡᠢ
ᠲᠥᠷᠥᠭᠰᠡᠨ ᠨᠤᠲᠤᠭ ᠤ᠋ᠨ ᠮᠢᠨᠢ ᠠᠷᠢᠭᠤᠨ ᠰᠤᠳᠠᠰᠤ ᠠ᠋
ᠲᠦᠮᠡᠨ ᠰᠦᠷᠦᠭ ᠦ᠋ᠨ ᠮᠢᠨᠢ ᠦᠷᠡᠵᠢᠯ ᠦ᠋ᠨ ᠰᠢᠮ᠎ᠡ
ᠠᠯᠳᠠᠷ ᠮᠠᠨᠳᠤᠭᠰᠠᠨ ᠰᠢᠯᠢ ᠶ᠋ᠢᠨ ᠭᠣᠣᠯ ᠮᠢᠨᠢ
ᠠᠷᠢᠭᠤᠨ ᠬᠦᠰᠡᠯ ᠦ᠋ᠨ ᠮᠢᠨᠢ ᠭᠡᠭᠡᠨ ᠰᠤᠭᠤᠨᠠᠭ
ᠮᠣᠩᠭᠣᠯ ᠭᠠᠵᠠᠷ ᠤ᠋ᠨ ᠮᠢᠨᠢ ᠵᠢᠷᠦᠬᠡᠨ ᠴᠣᠬᠢᠯᠭ᠎ᠠ
ᠮᠣᠷᠢᠲᠠᠨ ᠠᠷᠠᠳ ᠤ᠋ᠨ ᠮᠢᠨᠢ ᠬᠡᠢᠮᠣᠷᠢ ᠶ᠋ᠢᠨ ᠲᠤᠶᠠᠭ᠎ᠠ
ᠪᠠᠷᠠᠭᠠᠨ ᠰᠡᠭᠦᠳᠡᠷ ᠲᠦ᠍ ᠭᠬᠢᠷᠲᠦᠰᠢ ᠦᠭᠡᠢ
ᠪᠠᠢᠭᠠᠯᠢ ᠳᠡᠯᠡᠬᠡᠢ ᠶ᠋ᠢᠨ ᠪᠣᠯᠣᠷ ᠳᠣᠯᠭᠢᠶ᠎ᠠ
ᠠᠯᠳᠠᠷ ᠮᠠᠨᠳᠤᠭᠰᠠᠨ ᠰᠢᠯᠢ ᠶ᠋ᠢᠨ ᠭᠣᠣᠯ ᠮᠢᠨᠢ
ᠠᠷᠢᠭᠤᠨ ᠬᠦᠰᠡᠯ ᠦ᠋ᠨ ᠮᠢᠨᠢ ᠭᠡᠭᠡᠨ ᠰᠤᠭᠤᠨᠠᠭ
ᠰᠠᠨᠰᠠᠷ ᠲᠤ᠌ ᠮᠣᠷᠳᠠᠭᠤᠯᠬᠤ ᠮᠥᠩᠭᠥᠨ ᠰᠣᠯᠣᠩᠭ᠎ᠠ
ᠰᠠᠴᠤᠯᠢ ᠪᠠᠨ ᠡᠷᠭᠦᠭᠰᠡᠨ ᠨᠤᠲᠤᠭ ᠤ᠋ᠨ ᠮᠢᠨᠢ ᠮᠦᠰᠢᠶᠡᠯ
ᠰᠠᠨᠢᠴᠠᠷ ᠣᠳᠣᠨ ᠤ᠋ ᠭᠡᠷᠡᠯᠲᠦ ᠮᠡᠯᠮᠡᠢ
ᠰᠠᠷᠠᠭᠤᠯ ᠢᠷᠡᠭᠡᠳᠦᠢ ᠶ᠋ᠢᠨ ᠪᠢᠯᠢᠭ ᠦ᠋ᠨ ᠳᠠᠯᠠᠢ
ᠠᠯᠳᠠᠷ ᠮᠠᠨᠳᠤᠭᠰᠠᠨ ᠰᠢᠯᠢ ᠶ᠋ᠢᠨ ᠭᠣᠣᠯ ᠮᠢᠨᠢ
ᠠᠷᠢᠭᠤᠨ ᠬᠦᠰᠡᠯ ᠦ᠋ᠨ ᠮᠢᠨᠢ ᠭᠡᠭᠡᠨ ᠰᠤᠭᠤᠨᠠᠭ
ᠠᠯᠳᠠᠷ ᠮᠠᠨᠳᠤᠭᠰᠠᠨ ᠰᠢᠯᠢ ᠶ᠋ᠢᠨ ᠭᠣᠣᠯ ᠮᠢᠨᠢ
ᠠᠷᠢᠭᠤᠨ ᠬᠦᠰᠡᠯ ᠦ᠋ᠨ ᠮᠢᠨᠢ ᠭᠡᠭᠡᠨ ᠰᠤᠭᠤᠨᠠᠭ
ᠦᠰᠦᠭ ᠠᠮᠢᠯᠠᠭᠤᠯᠤᠭᠴᠢ᠄ ᠮᠥᠩᠭᠥᠨ
ᠬᠢᠨᠠᠭᠴᠢ᠄ ᠲᠦᠮᠡᠨᠴᠡᠴᠡᠭ
