ᠳᠠᠭᠤᠯᠠᠵᠤ ᠠᠮᠢᠳᠤᠷᠠᠨ᠎ᠠ Duulj amidarnaДуулж амьдарна-ᠪᠤᠤ ᠶᠢᠨ ᠲᠢᠩ᠂ ᠳᠡᠭᠵᠢᠷᠡᠬᠦᠦ᠂ ᠣᠷᠴᠢᠯᠠᠩ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠳᠠᠭᠤᠯᠠᠵᠤ ᠠᠮᠢᠳᠤᠷᠠᠨ᠎ᠠ Duulj amidarnaДуулж амьдарна-ᠪᠤᠤ ᠶᠢᠨ ᠲᠢᠩ᠂ ᠳᠡᠭᠵᠢᠷᠡᠬᠦᠦ᠂ ᠣᠷᠴᠢᠯᠠᠩ

ᠳᠠᠭᠤᠯᠠᠵᠤ ᠠᠮᠢᠳᠤᠷᠠᠨ᠎ᠠ Duulj amidarnaДуулж амьдарна-ᠪᠤᠤ ᠶᠢᠨ ᠲᠢᠩ᠂ ᠳᠡᠭᠵᠢᠷᠡᠬᠦᠦ᠂ ᠣᠷᠴᠢᠯᠠᠩ

ᠠᠩᠭᠢᠯᠠᠯ:ᠳᠠᠭᠤᠤ ᠬᠥᠭᠵᠢᠮ
2025-08-31

1045

ᠳᠠᠭᠤᠯᠠᠵᠤ ᠠᠮᠢᠳᠤᠷᠠᠨ᠎ᠠ

        ᠦᠭᠡ᠄ ᠪᠣᠷᠵᠢᠭᠢᠨ· ᠳᠡᠭᠵᠢᠷᠡᠬᠦᠦ 
        ᠠᠶ᠎ᠠ᠄ ᠸᠠᠩ ᠢᠦᠢ ᠵᠸᠨ( ᠣᠷᠴᠢᠯᠠᠩ) 
        ᠳᠠᠭᠤᠴᠢᠨ᠄ ᠪᠤᠤ ᠶᠢᠨ ᠲᠢᠩ᠂ ᠳᠡᠭᠵᠢᠷᠡᠬᠦᠦ᠂ ᠣᠷᠴᠢᠯᠠᠩ 

ᠡᠷᠳᠡᠨᠢ ᠶ᠋ᠢᠨ ᠲᠤᠯᠭᠠᠲᠤ ᠭᠠᠯ ᠢ᠋ᠶ᠋ᠠᠨ ᠪᠢ 
ᠡᠵᠡᠨ ᠶᠣᠰᠣ ᠪᠠᠷ ᠴᠠᠬᠢᠵᠤ ᠠᠮᠢᠳᠤᠷᠠᠨ᠎ᠠ 
ᠡᠯᠢᠭᠡ ᠪᠦᠲᠦᠨ ᠠᠮᠢᠳᠤᠷᠠᠯ ᠢ᠋ᠶ᠋ᠠᠨ ᠪᠢ 
ᠡᠬᠡᠰᠢᠭ ᠳᠠᠭᠤᠨ ᠳ᠋ᠠᠭᠠᠨ ᠮᠥᠩᠬᠡᠯᠡᠵᠦ ᠠᠮᠢᠳᠤᠷᠠᠨ᠎ᠠ 

ᠠᠳᠤᠭᠤᠨ ᠤ᠋ ᠦᠨᠦᠷ ᠲᠡᠢ ᠨᠤᠲᠤᠭ ᠢ᠋ᠶ᠋ᠠᠨ ᠪᠢ 
ᠠᠷᠠᠳ ᠤ᠋ᠨ ᠶᠣᠰᠣ ᠪᠠᠷ ᠳᠡᠭᠡᠳᠦᠯᠡᠵᠦ ᠠᠮᠢᠳᠤᠷᠠᠨ᠎ᠠ 
ᠠᠷᠢᠭᠤᠨ ᠳᠠᠷᠬᠠᠨ ᠵᠠᠩᠰᠢᠯ ᠢ᠋ᠶ᠋ᠠᠨ ᠪᠢ
ᠢᠷᠠᠭᠤᠬᠠᠨ ᠰᠢᠯᠦᠭ ᠲᠦ᠍ ᠪᠡᠨ ᠮᠥᠩᠬᠡᠯᠡᠵᠦ ᠠᠮᠢᠳᠤᠷᠠᠨ᠎ᠠ

ᠪᠤᠭᠤᠷᠤᠯ ᠤ᠋ᠨ ᠰᠤᠷᠭᠠᠯ ᠢ᠋ ᠮᠠᠷᠲᠠᠯ ᠦᠭᠡᠢ
ᠪᠣᠳᠣᠯ ᠰᠡᠳᠬᠢᠯ ᠳ᠋ᠦ᠍ ᠪᠡᠨ ᠰᠡᠪ ᠦᠭᠡᠢ ᠠᠮᠢᠳᠤᠷᠠᠨ᠎ᠠ
ᠪᠤᠶᠠᠨ ᠵᠠᠶᠠᠭ᠎ᠠ ᠪᠠᠨ ᠬᠠᠵᠠᠢᠯᠭᠠᠯ ᠦᠭᠡᠢ
ᠪᠣᠯᠪᠠᠰᠤᠨ ᠦᠨᠡᠨ ᠢ᠋ᠶ᠋ᠡᠷ ᠥᠭᠡᠳᠡᠷᠬᠡᠭ ᠠᠮᠢᠳᠤᠷᠠᠨ᠎ᠠ

ᠪᠤᠭᠤᠷᠤᠯ ᠤ᠋ᠨ ᠰᠤᠷᠭᠠᠯ ᠢ᠋ ᠮᠠᠷᠲᠠᠯ ᠦᠭᠡᠢ
ᠪᠣᠳᠣᠯ ᠰᠡᠳᠬᠢᠯ ᠳ᠋ᠦ᠍ ᠪᠡᠨ ᠰᠡᠪ ᠦᠭᠡᠢ ᠠᠮᠢᠳᠤᠷᠠᠨ᠎ᠠ
ᠪᠤᠶᠠᠨ ᠵᠠᠶᠠᠭ᠎ᠠ ᠪᠠᠨ ᠬᠠᠵᠠᠢᠯᠭᠠᠯ ᠦᠭᠡᠢ
ᠪᠣᠯᠪᠠᠰᠤᠨ ᠦᠨᠡᠨ ᠢ᠋ᠶ᠋ᠡᠷ ᠥᠭᠡᠳᠡᠷᠬᠡᠭ ᠠᠮᠢᠳᠤᠷᠠᠨ᠎ᠠ

ᠠᠯᠲᠠᠨ ᠨᠠᠷᠠᠨ ᠤ᠋ ᠰᠠᠴᠤᠷᠠᠭ ᠢ᠋ ᠪᠢ
ᠠᠴᠢᠯᠠᠯ ᠵᠢᠷᠤᠮ ᠳ᠋ᠤ᠌ ᠪᠠᠨ ᠭᠡᠷᠡᠯᠲᠦᠭᠦᠯᠵᠦ ᠠᠮᠢᠳᠤᠷᠠᠨ᠎ᠠ
ᠠᠪᠤ ᠡᠵᠢ ᠶ᠋ᠢᠨ ᠢ᠋ᠶ᠋ᠡᠨ ᠬᠠᠢᠷ᠎ᠠ ᠶ᠋ᠢ ᠪᠢ
ᠠᠶᠠᠯᠭᠤ ᠬᠥᠭᠵᠢᠮ ᠳ᠋ᠦ᠍ ᠪᠡᠨ ᠮᠥᠩᠬᠡᠯᠡᠵᠦ ᠠᠮᠢᠳᠤᠷᠠᠨ᠎ᠠ

ᠥᠷᠥᠴᠡ ᠵᠥᠭᠡᠯᠡᠨ ᠳᠡᠯᠡᠬᠡᠢ ᠪᠡᠨ ᠪᠢᠳᠡ
ᠦᠷ᠎ᠡ ᠶ᠋ᠢᠨ ᠶᠣᠰᠣ ᠪᠠᠷ ᠨᠠᠨᠳᠢᠩᠨᠠᠵᠤ ᠠᠮᠢᠳᠤᠷᠠᠨ᠎ᠠ
ᠥᠭᠡᠳᠡᠯᠡᠬᠦ ᠬᠡᠢᠮᠣᠷᠢ ᠲᠠᠢ ᠦᠢᠯᠡᠰ ᠢ᠋ᠶ᠋ᠡᠨ ᠪᠢᠳᠡ
ᠦᠨᠡᠨ ᠵᠢᠷᠦᠬᠡ ᠪᠡᠷ ᠢ᠋ᠶ᠋ᠡᠨ ᠳᠠᠭᠤᠯᠠᠵᠤ ᠠᠮᠢᠳᠤᠷᠠᠨ᠎ᠠ

ᠪᠤᠭᠤᠷᠤᠯ ᠤ᠋ᠨ ᠰᠤᠷᠭᠠᠯ ᠢ᠋ ᠮᠠᠷᠲᠠᠯ ᠦᠭᠡᠢ
ᠪᠣᠳᠣᠯ ᠰᠡᠳᠬᠢᠯ ᠳ᠋ᠦ᠍ ᠪᠡᠨ ᠰᠡᠪ ᠦᠭᠡᠢ ᠠᠮᠢᠳᠤᠷᠠᠨ᠎ᠠ
ᠪᠤᠶᠠᠨ ᠵᠠᠶᠠᠭ᠎ᠠ ᠪᠠᠨ ᠬᠠᠵᠠᠢᠯᠭᠠᠯ ᠦᠭᠡᠢ
ᠪᠣᠯᠪᠠᠰᠤᠨ ᠦᠨᠡᠨ ᠢ᠋ᠶ᠋ᠡᠷ ᠥᠭᠡᠳᠡᠷᠬᠡᠭ ᠠᠮᠢᠳᠤᠷᠠᠨ᠎ᠠ

ᠪᠤᠭᠤᠷᠤᠯ ᠤ᠋ᠨ ᠰᠤᠷᠭᠠᠯ ᠢ᠋ ᠮᠠᠷᠲᠠᠯ ᠦᠭᠡᠢ
ᠪᠣᠳᠣᠯ ᠰᠡᠳᠬᠢᠯ ᠳ᠋ᠦ᠍ ᠪᠡᠨ ᠰᠡᠪ ᠦᠭᠡᠢ ᠠᠮᠢᠳᠤᠷᠠᠨ᠎ᠠ
ᠪᠤᠶᠠᠨ ᠵᠠᠶᠠᠭ᠎ᠠ ᠪᠠᠨ ᠬᠠᠵᠠᠢᠯᠭᠠᠯ ᠦᠭᠡᠢ
ᠪᠣᠯᠪᠠᠰᠤᠨ ᠦᠨᠡᠨ ᠢ᠋ᠶ᠋ᠡᠷ ᠥᠭᠡᠳᠡᠷᠬᠡᠭ ᠠᠮᠢᠳᠤᠷᠠᠨ᠎ᠠ

ᠪᠤᠶᠠᠨ ᠵᠠᠶᠠᠭ᠎ᠠ ᠪᠠᠨ ᠬᠠᠵᠠᠢᠯᠭᠠᠯ ᠦᠭᠡᠢ
ᠪᠣᠯᠪᠠᠰᠤᠨ ᠦᠨᠡᠨ ᠢ᠋ᠶ᠋ᠡᠷ ᠥᠭᠡᠳᠡᠷᠬᠡᠭ ᠠᠮᠢᠳᠤᠷᠠᠨ᠎ᠠ
ᠳᠠᠭᠤᠯᠠᠵᠤ ᠠᠮᠢᠳᠤᠷᠠᠨ᠎ᠠ ᠠ᠋

  ᠦᠰᠦᠭ ᠠᠮᠢᠯᠠᠭᠤᠯᠤᠭᠴᠢ᠄ ᠰᠣᠳᠣ
  ᠦᠰᠦᠭ ᠬᠠᠲᠠᠭᠴᠢ᠄ ᠰᠣᠳᠣ
  ᠬᠢᠨᠠᠭᠴᠢ᠄ ᠣᠳᠬᠠᠨᠰᠣ᠎ᠠ