ᠮᠣᠩᠭᠣᠯ ᠡᠮ ᠡᠮᠨᠡᠯᠭᠡ – (ᠠᠷᠪᠠᠨ ᠲᠠᠪᠤ) Монгол эм эмнэлэг (15) ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠠᠷᠪᠠᠨ ᠲᠠᠪᠤ) Монгол эм эмнэлэг (15)

ᠮᠣᠩᠭᠣᠯ ᠡᠮ ᠡᠮᠨᠡᠯᠭᠡ – (ᠠᠷᠪᠠᠨ ᠲᠠᠪᠤ) Монгол эм эмнэлэг (15)

ᠠᠩᠭᠢᠯᠠᠯ:ᠡᠷᠡᠭᠦᠯ ᠡᠩᠬᠡ
2025-08-27

320

《ᠴᠠᠭ》 ᠢ᠋ ᠪᠠᠷᠢᠵᠤ ᠪᠦᠯᠢᠶᠡᠨ ᠵᠡᠭᠦᠦ ᠵᠠᠰᠠᠯ ᠢ᠋ᠶ᠋ᠠᠷ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠢ᠋ ᠡᠮᠴᠢᠯᠡᠬᠦ ᠣᠨᠣᠯ ᠤ᠋ᠨ ᠰᠦᠪᠡᠭᠴᠢᠯᠡᠯ


                              ᠰᠣᠨᠤᠷᠴᠠᠴᠡᠭ᠂  ᠪᠣᠷᠵᠢᠭᠢᠨ ᠡᠷᠳᠡᠨᠢᠴᠤᠭᠲᠤ  
【ᠲᠣᠪᠴᠢ ᠠᠭᠤᠯᠭ᠎ᠠ】 ᠬᠦᠵᠦᠭᠦᠨ ᠦ᠌ ᠬᠣᠶᠠᠩ ᠡᠪᠡᠳᠴᠢᠨ ᠪᠣᠯ ᠮᠣᠩᠭᠣᠯ ᠠᠨᠠᠭᠠᠬᠤ ᠤᠬᠠᠭᠠᠨ ᠤ᠋ ᠴᠠᠭᠠᠨ ᠰᠤᠳᠠᠯ ᠤ᠋ᠨ ᠡᠪᠡᠳᠴᠢᠨ ᠦ᠌ ᠬᠡᠪᠴᠢᠶᠡᠨ ᠳ᠋ᠦ᠍ ᠪᠠᠭᠲᠠᠬᠤ ᠦᠷᠭᠦᠯᠵᠢ ᠲᠣᠬᠢᠶᠠᠯᠳᠤᠳᠠᠭ ᠬᠣᠶᠠᠩ ᠡᠪᠡᠳᠴᠢᠨ ᠪᠣᠯᠤᠨ᠎ᠠ᠃ ᠮᠣᠩᠭᠣᠯ ᠠᠨᠠᠭᠠᠬᠤ ᠤᠬᠠᠭᠠᠨ ᠤ᠋ ᠴᠠᠭ ᠤ᠋ᠨ ᠡᠮᠴᠢᠯᠡᠭᠡᠨ ᠦ᠌ ᠬᠠᠷᠠᠭᠠᠰᠤ ᠠ᠋ᠴᠠ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠢ᠋ ᠰᠢᠨᠵᠢᠯᠡᠬᠦ ᠳ᠋ᠦ᠍ ᠲᠡᠭᠦᠨ ᠦ᠌ ᠰᠢᠯᠲᠠᠭᠠᠨ ᠨᠥᠬᠥᠴᠡᠯ᠂ ᠡᠭᠦᠰᠦᠯᠲᠡ ᠬᠥᠭᠵᠢᠯᠲᠡ ᠶ᠋ᠢᠨ ᠶᠠᠪᠤᠴᠠ᠂ ᠣᠨᠣᠰᠢᠯᠠᠯ᠂ ᠡᠮᠴᠢᠯᠡᠭᠡ ᠨᠢ ᠪᠦᠷ ᠴᠠᠭ ᠤ᠋ᠨ ᠡᠮᠴᠢᠯᠡᠭᠡ ᠲᠡᠢ ᠨᠢᠭᠲᠠ ᠬᠠᠷᠢᠴᠠᠭ᠎ᠠ ᠲᠠᠢ ᠪᠠᠢᠵᠤ᠂ ᠴᠠᠭ ᠢ᠋ ᠪᠠᠷᠢᠵᠤ ᠪᠦᠯᠢᠶᠡᠨ ᠵᠡᠭᠦᠦ ᠵᠠᠰᠠᠯ ᠢ᠋ ᠤᠶᠠᠯᠳᠤᠭᠤᠯᠤᠨ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠢ᠋ ᠡᠮᠴᠢᠯᠡᠬᠦ ᠨᠢ ᠵᠦᠢᠲᠡᠢ ᠪᠥᠭᠡᠳ ᠪᠠᠳᠬᠠᠨ ᠤ᠋ ᠴᠠᠭ ᠲᠤ᠌ ᠪᠦᠯᠢᠶᠡᠨ ᠵᠡᠭᠦᠦ ᠵᠠᠰᠠᠯ ᠬᠢᠪᠡᠯ ᠡᠮᠴᠢᠯᠡᠭᠡᠨ ᠦ᠌ ᠠᠴᠢ ᠲᠤᠰᠠ ᠪᠠᠷ ᠨᠡᠩ ᠰᠠᠢᠨ ᠮᠠᠭᠠᠳ᠃ 
【ᠲᠦᠯᠬᠢᠭᠦᠷ ᠦᠭᠡ】 ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ᠂ ᠴᠠᠭ ᠤ᠋ᠨ ᠡᠮᠴᠢᠯᠡᠭᠡ᠂ ᠪᠦᠯᠢᠶᠡᠨ ᠵᠡᠭᠦᠦ ᠵᠠᠰᠠᠯ᠂ ᠬᠦᠵᠦᠭᠦᠨ ᠦ᠌ ᠬᠣᠶᠠᠩ ᠡᠪᠡᠳᠴᠢᠨ ᠪᠣᠯ ᠮᠣᠩᠭᠣᠯ ᠠᠨᠠᠭᠠᠬᠤ ᠤᠬᠠᠭᠠᠨ ᠤ᠋ ᠴᠠᠭᠠᠨ ᠰᠤᠳᠠᠯ ᠤ᠋ᠨ ᠡᠪᠡᠳᠴᠢᠨ ᠦ᠌ ᠬᠡᠪᠴᠢᠶᠡᠨ ᠳ᠋ᠦ᠍ ᠪᠠᠭᠲᠠᠬᠤ ᠬᠦᠵᠦᠭᠦᠦ ᠳᠠᠯᠤ ᠮᠥᠷᠥ ᠬᠥᠰᠢᠵᠦ ᠡᠪᠡᠳᠬᠦ᠂ ᠮᠢᠨᠴᠦᠭᠦᠷᠡᠬᠦ᠂ ᠬᠦᠵᠦᠭᠦᠨ ᠦ᠌ ᠬᠥᠳᠡᠯᠭᠡᠭᠡᠨ ᠬᠠᠷᠰᠢᠯᠠᠭᠳᠠᠬᠤ ᠵᠡᠷᠭᠡ ᠰᠢᠨᠵᠢ ᠢᠯᠡᠷᠡᠯ ᠢ᠋ᠶ᠋ᠡᠷ ᠭᠣᠣᠯ ᠪᠣᠯᠭᠠᠭᠰᠠᠨ ᠬᠣᠶᠠᠩ ᠡᠪᠡᠳᠴᠢᠨ ᠪᠣᠯᠤᠨ᠎ᠠ᠃ ᠡᠷᠲᠡᠨ ᠦ᠌ ᠰᠤᠷᠪᠤᠯᠵᠢ ᠪᠢᠴᠢᠭ ᠦ᠋ᠳ ᠲᠦ᠍ ᠡᠪᠡᠳᠴᠢᠨ ᠦ᠌ ᠣᠷᠣᠨ ᠢ᠋ᠶ᠋ᠠᠷ ᠲᠣᠯᠣᠭᠠᠢ ᠶ᠋ᠢᠨ ᠬᠣᠶᠠᠩ᠂ ᠭᠡᠰᠢᠭᠦᠨ ᠦ᠌ ᠬᠣᠶᠠᠩ᠂ ᠬᠡᠬᠦᠳᠡᠭ ᠦ᠋ᠨ ᠬᠣᠶᠠᠩ ᠭᠡᠵᠦ ᠲᠡᠮᠳᠡᠭᠯᠡᠭᠰᠡᠨ ᠪᠣᠯᠪᠠᠴᠤ ᠬᠦᠵᠦᠭᠦᠨ ᠦ᠌ ᠬᠣᠶᠠᠩ ᠭᠡᠰᠡᠨ ᠲᠤᠰᠬᠠᠢ ᠲᠡᠮᠳᠡᠭᠯᠡᠯ ᠬᠠᠷᠠᠭᠳᠠᠭᠰᠠᠨ ᠦᠭᠡᠢ᠂ ᠭᠡᠪᠡᠴᠦ ᠣᠳᠣ ᠦᠷᠭᠦᠯᠵᠢ ᠬᠠᠷᠠᠭᠳᠠᠬᠤ ᠪᠣᠯᠤᠭᠰᠠᠨ ᠨᠢ ᠲᠤᠰ ᠡᠪᠡᠳᠴᠢᠨ ᠦ᠌ ᠡᠭᠦᠰᠦᠯᠲᠡ ᠶ᠋ᠢᠨ ᠨᠣᠷᠮ᠎ᠠ ᠡᠳᠦᠷ ᠡᠴᠡ ᠡᠳᠦᠷ ᠨᠡᠮᠡᠭᠳᠡᠵᠦ᠂ ᠬᠥᠮᠦᠰ ᠦ᠋ᠨ ᠡᠷᠡᠭᠦᠯ ᠹᠢᠽᠢᠣᠯᠣᠭᠢ ᠶ᠋ᠢᠨ ᠠᠵᠢᠯᠯᠠᠭ᠎ᠠ ᠶ᠋ᠢ ᠨᠥᠯᠥᠭᠡᠯᠡᠬᠦ ᠪᠡᠷ ᠪᠠᠷᠠᠬᠤ ᠦᠭᠡᠢ ᠠᠮᠢᠳᠤᠷᠠᠯ ᠤ᠋ᠨ ᠳᠠᠷᠤᠭᠠᠰᠤ ᠶ᠋ᠢ ᠬᠦᠨᠳᠦᠷᠡᠭᠦᠯᠦᠨ᠂ ᠪᠡᠶ᠎ᠡ ᠰᠡᠳᠬᠢᠴᠡ ᠶ᠋ᠢᠨ ᠡᠷᠡᠭᠦᠯ ᠮᠡᠨᠳᠦ ᠪᠠ ᠠᠮᠢᠳᠤᠷᠠᠯ ᠤ᠋ᠨ ᠴᠢᠨᠠᠷ ᠴᠢᠨᠰᠠᠭ᠎ᠠ ᠶ᠋ᠢ ᠶᠡᠬᠡ ᠪᠡᠷ ᠨᠥᠯᠥᠭᠡᠯᠡᠵᠦ᠂ ᠦᠷᠭᠦᠯᠵᠢ ᠲᠣᠬᠢᠶᠠᠯᠳᠤᠬᠤ ᠡᠪᠡᠳᠴᠢᠨ ᠪᠣᠯᠤᠭᠰᠠᠨ ᠢ᠋ ᠬᠠᠷᠠᠭᠤᠯᠤᠨ᠎ᠠ᠃ ᠡᠢᠮᠦ ᠡᠴᠡ ᠲᠤᠰ ᠡᠪᠡᠳᠴᠢᠨ ᠦ᠌ ᠲᠤᠬᠠᠢ ᠭᠦᠨᠵᠡᠭᠡᠢ ᠰᠤᠳᠤᠯᠵᠤ᠂ ᠡᠮᠴᠢᠯᠡᠭᠡᠨ ᠦ᠌ ᠦᠷ᠎ᠡ ᠠᠰᠢᠭ ᠢ᠋ ᠳᠡᠭᠡᠭᠰᠢᠯᠡᠭᠦᠯᠬᠦ ᠨᠢ ᠲᠤᠢᠯ ᠤ᠋ᠨ ᠴᠢᠬᠤᠯᠠ ᠦᠨ᠎ᠡ ᠥᠷᠲᠡᠭ ᠲᠡᠢ᠃ 
1. ᠡᠪᠡᠳᠴᠢᠨ ᠦ᠌ ᠨᠡᠷᠡᠢᠳᠦᠯ ᠦ᠋ᠨ ᠲᠤᠬᠠᠢ 
       ᠬᠦᠵᠦᠭᠦᠨ ᠦ᠌ ᠬᠣᠶᠠᠩ ᠡᠪᠡᠳᠴᠢᠨ ᠨᠢ ᠴᠠᠭᠠᠨ ᠰᠤᠳᠠᠯ ᠤ᠋ᠨ ᠡᠪᠡᠳᠴᠢᠨ ᠦ᠌ ᠬᠡᠪᠴᠢᠶᠡᠨ ᠳ᠋ᠦ᠍ ᠪᠠᠭᠲᠠᠵᠤ᠂ 《ᠠᠨᠠᠭᠠᠬᠤ ᠤᠬᠠᠭᠠᠨ ᠤ᠋ ᠳᠥᠷᠪᠡᠨ ᠦᠨᠳᠦᠰᠦ》 ᠳ᠋ᠦ᠍᠄ 《ᠴᠠᠭᠠᠨ ᠰᠤᠳᠠᠯ ᠤ᠋ᠨ ᠡᠪᠡᠳᠴᠢᠨ ᠢ᠋ ᠰᠢᠨᠵᠢᠯᠡᠪᠡᠰᠦ ᠶᠡᠷᠦᠩᠬᠡᠢ ᠳ᠋ᠦ᠍ ᠨᠢ ᠬᠠᠯᠠᠭᠤᠨ᠂ ᠬᠦᠢᠲᠡᠨ ᠬᠣᠶᠠᠷ ᠵᠦᠢᠯ᠂ ᠬᠠᠯᠠᠭᠤᠨ ᠬᠦᠢᠲᠡᠨ ᠬᠣᠶᠠᠷ ᠲᠤ᠌ ᠪᠠᠰᠠ ᠰᠢᠨ᠎ᠡ᠂ ᠬᠠᠭᠤᠴᠢᠨ ᠬᠣᠶᠠᠷ ᠪᠣᠢ᠃ ᠲᠤᠰ ᠪᠦᠷᠢ ᠳ᠋ᠦ᠍ ᠨᠢ ᠣᠷᠣᠨ ᠪᠠ ᠮᠠᠬᠠᠪᠣᠳ ᠬᠣᠶᠠᠷ ᠪᠥᠭᠡᠳ ᠣᠷᠣᠨ ᠢ᠋ᠶ᠋ᠠᠷ ᠢᠯᠭᠠᠪᠠᠯ ᠲᠣᠯᠣᠭᠠᠢ᠂ ᠬᠡᠬᠦᠳᠡᠭ᠂ ᠭᠡᠰᠢᠭᠦᠨ ᠭᠤᠷᠪᠠ᠂ ᠮᠠᠬᠠᠪᠣᠳ ᠢ᠋ᠶ᠋ᠠᠷ ᠢᠯᠭᠠᠪᠠᠯ ᠬᠡᠢ᠂ ᠰᠢᠷ᠎ᠠ᠂ ᠪᠠᠳᠬᠠᠨ᠂ ᠬᠤᠷᠠᠮᠠᠯ ᠳᠥᠷᠪᠡᠨ ᠵᠦᠢᠯ》 [1]  ᠭᠡᠵᠦ ᠲᠡᠮᠳᠡᠭᠯᠡᠵᠡᠢ᠃ 《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠪᠡᠳᠴᠢᠨ ᠦ᠌ ᠰᠤᠳᠤᠯᠤᠯ》 ᠳ᠋ᠤ᠌᠂ ᠡᠷᠲᠡᠨ ᠦ᠌ ᠮᠡᠷᠭᠡᠳ ᠦ᠋ᠨ ᠠᠳᠠᠯᠢ ᠪᠤᠰᠤ ᠦᠵᠡᠯᠲᠡ ᠪᠣᠯᠤᠨ ᠡᠮᠴᠢᠯᠡᠭᠡᠨ ᠳ᠋ᠡᠬᠢ ᠪᠣᠳᠠᠲᠤ ᠪᠠᠢᠳᠠᠯ ᠢ᠋ ᠦᠨᠳᠦᠰᠦᠯᠡᠨ ᠴᠠᠭᠠᠨ ᠰᠤᠳᠠᠯ ᠤ᠋ᠨ ᠡᠪᠡᠳᠴᠢᠨ ᠢ᠋ 《ᠬᠠᠯᠠᠭᠤᠨ ᠤ᠋ ᠬᠤᠪᠢ ᠳᠡᠢᠯᠦᠩᠭᠦᠢ᠂ ᠬᠦᠢᠲᠡᠨ ᠦ᠌ ᠬᠤᠪᠢ ᠳᠡᠢᠯᠦᠩᠭᠦᠢ ᠪᠠ ᠬᠡᠢ ᠶ᠋ᠢᠨ ᠬᠤᠪᠢ ᠳᠡᠢᠯᠦᠩᠭᠦᠢ᠂ ᠰᠢᠷ᠎ᠠ ᠤᠰᠤᠨ ᠤ᠋ ᠬᠤᠪᠢ ᠳᠡᠢᠯᠦᠩᠭᠦᠢ᠂ ᠬᠤᠷᠠᠮᠠᠯ》 [2]  ᠭᠡᠵᠦ ᠲᠠᠪᠤ ᠢᠯᠭᠠᠵᠠᠢ᠃ ᠡᠭᠦᠨ ᠳ᠋ᠦ᠍ ᠰᠠᠭᠤᠷᠢᠯᠠᠨ ᠬᠤᠷᠢᠶᠠᠩᠭᠤᠢᠯᠠᠪᠠᠯ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠪᠣᠯ ᠪᠠᠭᠤᠭᠰᠠᠨ ᠣᠷᠣᠨ ᠤ᠋ ᠬᠤᠪᠢ ᠠ᠋ᠴᠠ ᠬᠦᠵᠦᠭᠦᠨ ᠳ᠋ᠦ᠍ ᠪᠠᠭᠤᠭᠰᠠᠨ᠂ ᠮᠠᠬᠠᠪᠣᠳ ᠤ᠋ᠨ ᠬᠤᠪᠢ ᠠ᠋ᠴᠠ ᠪᠠᠳᠬᠠᠨ ᠬᠦᠢᠲᠡᠨ ᠳᠡᠢᠯᠦᠩᠭᠦᠢ ᠴᠠᠭᠠᠨ ᠰᠤᠳᠠᠯ ᠤ᠋ᠨ ᠬᠦᠢᠲᠡᠨ ᠬᠣᠶᠠᠩ ᠡᠪᠡᠳᠴᠢᠨ ᠮᠥᠨ᠃ 
2. ᠡᠪᠡᠳᠴᠢᠨ ᠦ᠌ ᠵᠦᠢ 
       ᠴᠠᠭᠠᠨ ᠰᠤᠳᠠᠯ ᠤ᠋ᠨ ᠡᠪᠡᠳᠴᠢᠨ ᠦ᠌ ᠰᠢᠯᠲᠠᠭᠠᠨ ᠨᠢ ᠪᠠᠳᠬᠠᠨ ᠬᠡᠢ᠂ ᠡᠢᠮᠦ ᠡᠴᠡ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠦ᠌ ᠰᠢᠯᠲᠠᠭᠠᠨ ᠨᠢ ᠪᠠᠳᠬᠠᠨ᠂ ᠬᠡᠢ᠂ ᠰᠢᠷ᠎ᠠ ᠤᠰᠤ ᠭᠡᠵᠦ ᠦᠵᠡᠨ᠎ᠡ᠃ ᠬᠦᠢᠲᠡᠨ ᠲᠦᠭᠦᠬᠡᠢ ᠪᠣᠷᠣ ᠬᠦᠨᠳᠦ ᠲᠣᠰᠣᠯᠢᠭ ᠰᠢᠩᠭᠡᠬᠦ ᠳ᠋ᠦ᠍ ᠪᠡᠷᠬᠡᠲᠡᠢ ᠵᠣᠷᠢᠯ ᠢ᠋ ᠬᠡᠲᠦᠷᠬᠡᠢ ᠢᠳᠡᠬᠦ᠂ ᠬᠦᠢᠲᠡᠨ ᠴᠢᠭᠢᠭ ᠲᠡᠢ ᠭᠠᠵᠠᠷ ᠲᠤ᠌ ᠤᠳᠠᠭᠠᠨ ᠰᠠᠭᠤᠵᠤ ᠬᠡᠪᠲᠡᠬᠦ᠂ ᠵᠢᠪᠠᠷ ᠰᠠᠯᠬᠢ ᠪᠤᠶᠤ ᠬᠤᠷ᠎ᠠ ᠪᠣᠷᠣᠭᠠᠨ ᠳ᠋ᠤ᠌ ᠴᠣᠬᠢᠭᠳᠠᠬᠤ᠂ ᠤᠷᠲᠤ ᠬᠤᠭᠤᠴᠠᠭ᠎ᠠ ᠬᠥᠳᠡᠯᠭᠡᠭᠡᠨ ᠬᠢᠬᠦ ᠦᠭᠡᠢ ᠵᠦᠭᠡᠷ ᠰᠠᠭᠤᠬᠤ᠂ ᠬᠡᠲᠦᠷᠬᠡᠢ ᠶᠠᠳᠠᠷᠠᠵᠤ ᠵᠦᠳᠡᠷᠡᠬᠦ ᠵᠡᠷᠭᠡ ᠨᠥᠬᠥᠴᠡᠯ ᠢ᠋ᠶ᠋ᠡᠷ ᠬᠣᠳᠣᠭᠣᠳᠣᠨ ᠤ᠋ ᠰᠢᠩᠭᠡᠭᠡᠯᠲᠡ ᠮᠠᠭᠤᠳᠠᠭᠰᠠᠨ ᠪᠤᠶᠤ ᠬᠤᠪᠢᠶᠠᠷᠢ ᠢᠯᠴᠢ ᠶ᠋ᠢᠨ ᠬᠦᠴᠦᠨ ᠪᠠᠭᠤᠷᠠᠭᠰᠠᠨ ᠢ᠋ᠶ᠋ᠠᠷ ᠲᠤᠩᠭᠠᠯᠠᠭ ᠴᠥᠪ ᠦ᠋ᠨ ᠢᠯᠭᠠᠷᠠᠯᠲᠠ ᠳᠣᠷᠣᠢᠲᠠᠨ ᠪᠠᠳᠬᠠᠨ ᠰᠠᠯᠢᠰᠤ ᠠᠷᠪᠢᠳᠠᠵᠤ ᠴᠠᠭᠠᠨ ᠰᠤᠳᠠᠯ ᠳ᠋ᠤ᠌ ᠣᠷᠣᠰᠢᠭᠠᠳ ᠬᠡᠢ ᠶ᠋ᠢᠨ ᠭᠦᠶᠦᠳᠡᠯ ᠢ᠋ ᠬᠠᠷᠰᠢᠯᠠᠵᠤ᠂ ᠡᠭᠦᠨ ᠦ᠌ ᠤᠯᠠᠮ ᠠ᠋ᠴᠠ ᠴᠠᠭᠠᠨ ᠰᠤᠳᠠᠯ ᠤ᠋ᠨ ᠠᠵᠢᠯᠯᠠᠭ᠎ᠠ ᠶ᠋ᠢ ᠨᠥᠯᠥᠭᠡᠯᠡᠵᠦ ᠡᠪᠡᠳᠴᠢᠯᠡᠨ᠎ᠡ᠃ ᠢᠩᠭᠢᠭᠡᠳ ᠲᠣᠯᠣᠭᠠᠢ ᠳᠦᠢᠷᠡᠵᠦ ᠲᠣᠯᠣᠭᠠᠢ ᠡᠷᠭᠢᠬᠦ᠂ ᠪᠡᠶ᠎ᠡ ᠰᠡᠳᠬᠢᠯ ᠬᠦᠨᠳᠦᠷᠡᠵᠦ ᠣᠨᠳᠡᠮᠡᠳᠠᠭᠠᠢ ᠪᠣᠯᠬᠤ᠂ ᠡᠷᠬᠡᠲᠡᠨ ᠦ᠌ ᠮᠡᠳᠡᠷᠡᠯ ᠮᠠᠭᠤᠳᠠᠬᠤ᠂ ᠬᠦᠵᠦᠭᠦᠦ ᠰᠢᠯᠢ ᠪᠡᠷ ᠬᠥᠰᠢᠬᠦ᠂ ᠨᠢᠳᠦ ᠠᠮᠠ ᠮᠤᠷᠤᠢᠬᠤ᠂ ᠬᠡᠯᠡ ᠬᠥᠰᠢᠵᠦ ᠴᠣᠯᠴᠢᠷᠠᠬᠤ᠂ ᠴᠠᠭᠠᠨ ᠰᠤᠳᠠᠯ ᠤ᠋ᠨ ᠲᠠᠷᠠᠭᠴᠠ ᠶ᠋ᠢ ᠳᠠᠭᠠᠵᠤ ᠮᠢᠨᠴᠦᠭᠦᠷᠡᠬᠦ᠂ ᠬᠦᠢᠲᠡ ᠣᠷᠬᠢᠬᠤ᠂ ᠪᠤᠯᠴᠢᠩ ᠮᠢᠬ᠎ᠠ ᠲᠠᠲᠠᠪᠠᠯᠴᠠᠬᠤ᠂ ᠮᠥᠴᠢ ᠶ᠋ᠢᠨ ᠬᠥᠳᠡᠯᠭᠡᠭᠡᠨ ᠬᠠᠷᠰᠢᠯᠠᠭᠳᠠᠬᠤ᠂ ᠬᠦᠢᠲᠡᠨ ᠴᠢᠭᠢᠭ ᠬᠢᠭᠡᠳ ᠰᠠᠯᠬᠢ ᠵᠢᠪᠠᠷ ᠬᠣᠣᠷᠯᠠᠡᠨ᠂ ᠳᠤᠯᠠᠭᠠᠨ ᠪᠦᠯᠢᠶᠡᠨ ᠨᠥᠬᠥᠴᠡᠯ ᠲᠤᠰᠠᠯᠠᠬᠤ ᠵᠡᠷᠭᠡ ᠰᠢᠨᠵᠢ ᠶ᠋ᠢ ᠢᠯᠡᠷᠡᠭᠦᠯᠦᠨ᠎ᠡ᠃ ᠰᠤᠳᠠᠯ ᠤ᠋ᠨ ᠯᠤᠭᠰᠢᠯᠲᠠ ᠠᠯᠭᠤᠷ ᠰᠤᠯᠬᠠᠨ᠂ ᠰᠢᠭᠡᠰᠦ᠂ ᠴᠠᠢᠪᠤᠷ ᠥᠩᠭᠡᠲᠡᠢ ᠦᠨᠦᠷ ᠠᠭᠤᠷ ᠢ᠋ᠶ᠋ᠠᠷ ᠪᠠᠭ᠎ᠠ ᠪᠠᠢᠳᠠᠭ [3]᠃ ᠰᠢᠯᠲᠠᠭᠠᠨ ᠨᠥᠬᠥᠴᠡᠯ᠂ ᠰᠢᠨᠵᠢ ᠢᠯᠡᠷᠡᠯ ᠦ᠋ᠨ ᠲᠤᠬᠠᠢ ᠦᠨᠳᠦᠰᠦᠨ ᠣᠨᠣᠯ ᠤ᠋ᠨ ᠡᠭᠦᠳᠡᠨ ᠡᠴᠡ ᠰᠦᠪᠡᠭᠴᠢᠯᠡᠪᠡᠯ᠂ ᠬᠦᠵᠦᠭᠦᠨ ᠦ᠌ ᠬᠣᠶᠠᠩ ᠡᠪᠡᠳᠴᠢᠨ ᠦ᠌ ᠭᠣᠣᠯ ᠰᠢᠯᠲᠠᠭᠠᠨ ᠪᠣᠯᠬᠤ ᠪᠠᠳᠬᠠᠨ ᠪᠣᠯ ᠬᠦᠨᠳᠦ᠂ ᠬᠦᠢᠲᠡᠨ᠂ ᠲᠣᠰᠣᠯᠢᠭ᠂ ᠮᠣᠬᠣᠳᠠᠭ᠂ ᠵᠥᠭᠡᠯᠡᠨ᠂ ᠪᠠᠲᠤ᠂ ᠨᠠᠭᠠᠯᠳᠤᠩᠭᠤᠢ ᠪᠡᠯᠭᠡ ᠴᠢᠨᠠᠷ ᠲᠠᠢ᠂ ᠠᠷᠭ᠎ᠠ ᠪᠢᠯᠢᠭ ᠦ᠋ᠨ ᠡᠭᠦᠳᠡᠨ ᠡᠴᠡ ᠪᠢᠯᠢᠭ ᠴᠢᠨᠠᠷ ᠲᠠᠢ᠂ ᠰᠢᠷᠣᠢ ᠤᠰᠤᠨ ᠮᠠᠬᠠᠪᠣᠳ ᠲᠠᠢ᠂ ᠬᠦᠢᠲᠡᠨ ᠮᠥᠨ ᠴᠢᠨᠠᠷ ᠲᠠᠢ ᠮᠠᠬᠠᠪᠣᠳ ᠪᠠᠢᠵᠤ᠂ ᠪᠦᠬᠦ ᠪᠡᠶ᠎ᠡ ᠳ᠋ᠦ᠍ ᠠᠳᠠᠯᠢ ᠪᠤᠰᠤ ᠬᠡᠮᠵᠢᠶ᠎ᠡ ᠪᠡᠷ ᠨᠡᠢᠳᠡᠮ ᠲᠦᠭᠡᠬᠦ ᠪᠣᠯᠪᠠᠴᠤ ᠲᠠᠷᠢᠬᠢᠨ ᠳ᠋ᠤ᠌ ᠲᠦᠰᠢᠭᠯᠡᠨ ᠵᠢᠷᠦᠬᠡᠨ ᠡᠡᠴᠠ ᠳᠡᠭᠡᠭᠰᠢ ᠪᠡᠶ᠎ᠡ ᠶ᠋ᠢᠨ ᠳᠡᠭᠡᠳᠦ ᠬᠡᠰᠢᠭ ᠲᠦ᠍ ᠣᠷᠣᠰᠢᠨ᠎ᠠ ᠡᠢᠮᠦ ᠡᠴᠡ ᠬᠦᠵᠦᠭᠦᠨ ᠦ᠌ ᠬᠡᠰᠡᠭ ᠨᠢ ᠤᠭ ᠠ᠋ᠴᠠ ᠪᠠᠳᠬᠠᠨ ᠤ᠋ ᠣᠷᠣᠨ ᠳ᠋ᠤ᠌ ᠪᠠᠭᠲᠠᠨ᠎ᠠ᠂ ᠢᠯᠡ ᠳᠠᠯᠳᠠ ᠴᠠᠭᠠᠨ ᠰᠤᠳᠠᠯ ᠤ᠋ᠳ ᠤ᠋ᠨ ᠡᠬᠢ ᠲᠠᠷᠢᠬᠢ ᠨᠤᠭᠤᠰᠤ ᠠ᠋ᠴᠠ ᠰᠠᠯᠵᠤ ᠭᠠᠷᠤᠭᠠᠳ ᠬᠦᠵᠦᠭᠦᠦ ᠶᠠᠰᠤᠨ ᠤ᠋ ᠭᠤᠤᠷᠰᠤ ᠪᠠᠷ ᠥᠪᠡᠷ ᠥᠪᠡᠷ ᠦ᠋ᠨ ᠲᠡᠷᠠᠭᠴᠠ ᠪᠠᠷ ᠶᠠᠪᠤᠬᠤ ᠳ᠋ᠤ᠌ ᠪᠠᠨ ᠲᠡᠢᠨ ᠮᠡᠳᠡᠷᠡᠯ ᠨᠢ ᠬᠡᠢ ᠶ᠋ᠢ ᠬᠦᠯᠥᠭᠯᠡᠨ ᠴᠠᠭᠠᠨ ᠰᠤᠳᠠᠯ ᠢ᠋ᠶ᠋ᠠᠷ ᠭᠦᠶᠦᠳᠡᠭ ᠲᠤᠯᠠ ᠬᠣᠣᠷᠯᠠᠬᠤ ᠨᠥᠬᠥᠴᠡᠯ ᠤᠴᠠᠷᠠᠪᠠᠯ ᠬᠡᠢ ᠪᠠᠳᠬᠠᠨ ᠬᠦᠵᠦᠭᠦᠨ ᠦ᠌ ᠬᠡᠰᠡᠭ ᠲᠦ᠍ ᠠᠮᠠᠷᠬᠠᠨ ᠬᠢᠮᠤᠷᠠᠵᠤ ᠪᠠᠰᠠ ᠡᠨᠡ ᠬᠢᠰᠢ ᠵᠠᠨ ᠴᠠᠭᠠᠨ ᠴᠠᠭᠠᠨ ᠰᠤᠳᠠᠯ ᠤ᠋ᠨ ᠲᠠᠷᠬᠠᠯᠲᠠ ᠦᠯᠡᠮᠵᠢ ᠲᠤᠯᠠ ᠬᠣᠶᠠᠩ ᠡᠪᠡᠳᠴᠢᠨ ᠪᠣᠯᠵᠤ ᠡᠪᠡᠳᠴᠢᠯᠡᠳᠡᠭ ᠨᠢ ᠢᠯᠡᠭᠦᠦ ᠪᠠᠢᠳᠠᠭ ᠪᠣᠯᠤᠯᠴᠠᠭ᠎ᠠ ᠲᠠᠢ᠃ ᠡᠭᠦᠨ ᠦ᠌ ᠬᠠᠮᠲᠤ ᠡᠨᠡ ᠨᠢ ᠴᠠᠭᠠᠨ ᠰᠤᠳᠠᠯ ᠤ᠋ᠨ ᠭᠡᠮᠲᠦᠯ ᠲᠡᠢ ᠪᠣᠯᠬᠣᠷ ᠬᠡᠢ ᠶ᠋ᠢᠨ ᠭᠦᠶᠦᠳᠡᠯ ᠢ᠋ ᠰᠠᠭᠠᠲᠠᠵᠤ᠂ ᠬᠡᠢ ᠮᠡᠳᠡᠷᠡᠯ ᠢ᠋ ᠲᠣᠳᠣᠷᠠᠭᠤᠯᠬᠤ ᠠᠵᠢᠯᠯᠠᠭ᠎ᠠ ᠪᠠᠨ ᠭᠦᠢᠴᠡᠳᠬᠡᠵᠦ ᠴᠢᠳᠠᠬᠤ ᠦᠭᠡᠢ ᠪᠣᠯᠤᠭᠠᠳ ᠭᠡᠮ ᠭᠠᠷᠤᠭᠰᠠᠨ ᠬᠦᠵᠦᠭᠦᠨ ᠦ᠌ ᠬᠡᠰᠡᠭ ᠮᠢᠨᠴᠦᠭᠦᠷᠡᠬᠦ ᠪᠠ ᠮᠡᠳᠡᠷᠡᠯ ᠦᠭᠡᠢ ᠪᠣᠯᠬᠤ᠂ ᠬᠥᠳᠡᠯᠭᠡᠭᠡᠨ ᠨᠢ ᠬᠠᠷᠰᠢᠯᠠᠭᠳᠠᠬᠤ ᠵᠡᠷᠭᠡ ᠠᠵᠢᠯᠯᠠᠭ᠎ᠠ ᠶ᠋ᠢᠨ ᠴᠢᠨᠠᠷᠲᠠᠢ ᠰᠢᠨᠵᠢ ᠲᠡᠮᠳᠡᠭ ᠭᠠᠷᠳᠠᠭ᠃ ᠡᠭᠦᠨ ᠡᠴᠡ ᠭᠠᠳᠠᠨ᠎ᠠ ᠳᠡᠭᠡᠳᠦ ᠮᠥᠴᠢ ᠳ᠋ᠦ᠍ ᠣᠷᠣᠰᠢᠳᠠᠭ ᠢᠯᠡ ᠴᠠᠭᠠᠨ ᠰᠤᠳᠠᠯ — ᠳᠠᠬᠢᠷᠳᠠᠭᠤᠯᠤᠭᠴᠢ ᠰᠤᠳᠠᠯ ᠤ᠋ᠨ ᠨᠢᠭᠡ ᠰᠠᠯᠠᠭ᠎ᠠ ᠨᠢ ᠰᠤᠭᠤ ᠪᠠᠷ ᠳᠠᠮᠵᠢᠨ ᠠᠳᠬᠤᠭᠠᠯ ᠶᠠᠰᠤᠨ ᠤ᠋ ᠬᠦᠵᠦᠭᠦᠦ ᠶ᠋ᠢᠨ ᠡᠮᠦᠨ᠎ᠡ ᠲᠠᠯ᠎ᠠ ᠪᠠᠷ ᠭᠠᠳᠠᠭᠰᠢ ᠭᠠᠷᠴᠤ ᠬᠣᠨᠢᠨ ᠰᠡᠭᠦᠯ ᠪᠤᠯᠴᠢᠩ ᠢ᠋ᠶ᠋ᠠᠷ ᠳᠠᠮᠵᠢᠨ ᠳᠣᠷᠣᠭᠰᠢ ᠡᠷᠭᠢᠭᠡᠳ ᠠᠳᠬᠤᠭᠠᠯ ᠤ᠋ᠨ ᠭᠠᠳᠠᠷ ᠲᠠᠯ᠎ᠠ ᠪᠠᠷ ᠲᠣᠬᠣᠢ ᠶ᠋ᠢᠨ ᠬᠣᠩᠬᠣᠷ ᠤ᠋ᠨ ᠭᠠᠳᠠᠷ ᠬᠥᠪᠡᠭᠡ ᠬᠦᠷᠦᠨ᠎ᠡ᠂ ᠨᠥᠭᠦᠭᠡ ᠨᠢ ᠰᠤᠭᠤᠨ ᠤ᠋ ᠬᠣᠩᠬᠣᠷ᠂ ᠠᠳᠬᠤᠭᠠᠯ ᠤ᠋ᠨ ᠳᠣᠲᠣᠷ ᠲᠠᠯ᠎ᠠ ᠪᠠᠷ ᠭᠠᠳᠠᠭᠰᠢ ᠶᠠᠪᠤᠵᠤ ᠬᠣᠶᠠᠷ ᠰᠠᠯᠠᠭ᠎ᠠ ᠨᠡᠢᠯᠡᠵᠦ ᠴᠠᠷᠪᠠᠭᠤ ᠶ᠋ᠢᠨ ᠭᠠᠳᠠᠷ ᠲᠠᠯ᠎ᠠ ᠪᠠᠷ ᠭᠠᠷ ᠤ᠋ᠨ ᠡᠷᠡᠬᠡᠢ ᠲᠡᠢ ᠪᠠᠷᠢᠯᠳᠤᠭᠠᠳ ᠭᠠᠷ ᠤ᠋ᠨ ᠠᠯᠠᠭᠠᠨ ᠳ᠋ᠤ᠌ ᠣᠷᠣᠨ᠎ᠠ [4] ᠃ ᠡᠢᠮᠦ ᠡᠴᠡ ᠬᠦᠵᠦᠭᠦᠨ ᠦ᠌ ᠬᠣᠶᠠᠩ ᠡᠪᠡᠳᠴᠢᠲᠡᠨ ᠳ᠋ᠦ᠍ ᠳᠡᠭᠡᠳᠦ ᠮᠥᠴᠢ᠂ ᠭᠠᠷ ᠤ᠋ᠨ ᠬᠤᠷᠤᠭᠤ ᠮᠢᠨᠴᠦᠭᠦᠷᠡᠬᠦ ᠰᠢᠨᠵᠢ ᠦᠷᠭᠦᠯᠵᠢ ᠢᠯᠡᠷᠡᠳᠡᠭ᠃ ᠮᠥᠨ ᠢᠵᠠᠭᠤᠷ ᠲᠠᠪᠤᠨ ᠪᠠᠳᠬᠠᠨ ᠤ᠋ ᠨᠢᠭᠡ ᠪᠣᠯᠬᠤ ᠬᠠᠩᠭᠠᠭᠴᠢ ᠪᠠᠳᠬᠠᠨ ᠲᠠᠷᠢᠬᠢᠨ ᠳ᠋ᠤ᠌ ᠣᠷᠣᠰᠢᠨ ᠲᠠᠪᠤᠨ ᠡᠷᠬᠡᠲᠡᠨ ᠦ᠌ ᠦᠵᠡᠬᠦ᠂ ᠰᠣᠨᠣᠰᠬᠤ᠂ ᠦᠨᠦᠷᠲᠦᠬᠦ᠂ ᠠᠮᠲᠠᠯᠠᠬᠤ᠂ ᠬᠦᠷᠦᠯᠴᠡᠬᠦ ᠵᠡᠷᠭᠡ ᠰᠠᠷᠠᠯ ᠤ᠋ᠳ ᠢ᠋ ᠬᠠᠩᠭᠠᠨ᠂ ᠪᠠᠷᠢᠯᠳᠤᠭᠤᠯᠤᠭᠴᠢ ᠪᠠᠳᠬᠠᠨ ᠦᠶᠡᠰ ᠲᠦ᠍ ᠣᠷᠣᠰᠢᠵᠤ ᠲᠡᠭᠦᠨ ᠦ᠌ ᠨᠢᠯᠴᠠᠭᠠᠢ ᠰᠢᠩᠭᠡᠨ ᠢ᠋ᠶ᠋ᠡᠷ ᠢ᠋ᠶ᠋ᠡᠨ ᠦᠶᠡᠰ ᠢ᠋ ᠭᠤᠯᠭᠤᠮᠠᠲᠠᠭᠠᠢ ᠪᠣᠯᠭᠠᠬᠤ ᠶ᠋ᠢᠨ ᠬᠠᠮᠲᠤ ᠦᠶᠡᠰ ᠢ᠋ ᠪᠠᠷᠢᠯᠳᠤᠭᠤᠯᠬᠤ ᠦᠢᠯᠡ ᠶ᠋ᠢ ᠦᠢᠯᠡᠳᠳᠡᠭ ᠲᠤᠯᠠ ᠡᠪᠡᠳᠴᠢᠨ ᠡᠭᠦᠰᠴᠦ ᠪᠠᠳᠬᠠᠨ ᠤ᠋ ᠬᠢᠮᠤᠷᠠᠬᠤ ᠳ᠋ᠤ᠌ ᠡᠷᠬᠡᠲᠡᠨ ᠦ᠌ ᠮᠡᠳᠡᠷᠡᠯ ᠮᠠᠭᠤᠳᠠᠬᠤ᠂ ᠬᠡᠯᠡ ᠮᠢᠨᠴᠦᠭᠦᠷᠡᠬᠦ᠂ ᠠᠮᠲᠠ ᠶ᠋ᠢᠨ ᠰᠠᠷᠠᠯ ᠮᠠᠭᠤᠳᠠᠬᠤ᠂ ᠦᠶᠡᠰ ᠦ᠋ᠨ ᠲᠠᠪᠠᠭ ᠭᠡᠮᠲᠦᠯ ᠭᠠᠷᠬᠤ ᠵᠡᠷᠭᠡ ᠳᠠᠭᠠᠯᠳᠤᠬᠤ ᠰᠢᠨᠵᠢ ᠦᠷᠭᠦᠯᠵᠢ ᠲᠣᠬᠢᠶᠠᠯᠳᠤᠳᠠᠭ᠃ 
3. ᠴᠠᠭ ᠤ᠋ᠨ ᠡᠮᠴᠢᠯᠡᠭᠡᠨ ᠦ᠌ ᠬᠠᠷᠠᠭᠠᠰᠤ ᠠ᠋ᠴᠠ ᠰᠢᠨᠵᠢᠯᠡᠬᠦ 
       ᠮᠣᠩᠭᠣᠯ ᠠᠨᠠᠭᠠᠬᠤ ᠤᠬᠠᠭᠠᠨ ᠤ᠋ ᠴᠠᠭ ᠤ᠋ᠨ ᠡᠮᠴᠢᠯᠡᠭᠡ ᠶ᠋ᠢᠨ 《ᠴᠠᠭ》 ᠭᠡᠵᠦ ᠪᠣᠳᠠᠰ ᠤ᠋ᠨ ᠬᠥᠳᠡᠯᠭᠡᠭᠡᠨ ᠦ᠌ ᠦᠷᠭᠦᠯᠵᠢᠯᠡᠯᠲᠤ ᠴᠢᠨᠠᠷ ᠪᠠ ᠲᠠᠷᠠᠭᠠᠯᠠᠡᠯᠲᠤ ᠴᠢᠨᠠᠷ ᠢ᠋ ᠵᠢᠭᠠᠵᠤ ᠪᠠᠢᠨ᠎ᠠ᠃ ᠠᠯᠢᠪᠠ ᠬᠡᠷᠡᠭ ᠪᠣᠳᠠᠰ ᠪᠦᠷ ᠲᠡᠭᠦᠨ ᠦ᠌ ᠡᠭᠦᠰᠦᠯᠲᠡ᠂ ᠬᠥᠭᠵᠢᠯᠲᠡ᠂ ᠮᠥᠬᠥᠯᠲᠡ ᠶ᠋ᠢᠨ ᠦᠷᠭᠦᠯᠵᠢᠯᠡᠯᠲᠦ ᠶᠠᠪᠤᠴᠠ ᠪᠠ ᠲᠡᠭᠦᠨ ᠦ᠌ ᠰᠢᠯᠲᠠᠭᠠᠨ ᠨᠥᠬᠥᠴᠡᠯ ᠬᠠᠷᠢᠯᠴᠠᠨ ᠨᠥᠯᠥᠭᠡᠯᠡᠯᠴᠡᠬᠦ ᠳᠠᠷᠠᠭᠠᠯᠠᠯᠲᠤ ᠬᠠᠷᠢᠴᠠᠭ᠎ᠠ ᠲᠠᠢ ᠣᠷᠣᠰᠢᠳᠠᠭ [5] ᠂ ᠡᠪᠡᠳᠴᠢᠨ ᠴᠦ᠍ ᠢᠯᠭᠠᠭ᠎ᠠ ᠦᠭᠡᠢ᠃ ᠮᠣᠩᠭᠣᠯ ᠠᠨᠠᠭᠠᠬᠤ ᠤᠬᠠᠭᠠᠨ ᠨᠢ ᠡᠪᠡᠳᠴᠢᠨ ᠢ᠋ ᠰᠢᠨᠵᠢᠯᠡᠵᠦ ᠵᠠᠳᠠᠯᠬᠤ᠂ ᠣᠨᠣᠰᠢ ᠲᠠᠯᠪᠢᠬᠤ᠂ ᠠᠨᠠᠭᠠᠨ ᠡᠮᠴᠢᠯᠡᠬᠦ ᠳ᠋ᠦ᠍ ᠪᠡᠨ ᠣᠨ᠂ ᠵᠢᠯ᠂ ᠴᠠᠭ ᠤᠯᠠᠷᠢᠯ᠂ ᠡᠳᠦᠷ ᠰᠥᠨᠢ᠂ ᠡᠪᠡᠳᠴᠢᠨ ᠦ᠌ ᠶᠠᠪᠤᠴᠠ (ᠡᠬᠢᠨ᠂ ᠳᠤᠮᠳᠠ᠂ ᠠᠳᠠᠭ) ᠭᠡᠵᠦ ᠨᠠᠷᠢᠪᠴᠢᠯᠠᠨ ᠦᠵᠡᠳᠡᠭ᠃ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠦ᠌ ᠰᠢᠯᠲᠠᠭᠠᠨ ᠨᠥᠬᠥᠴᠡᠯ᠂ ᠡᠭᠦᠰᠦᠯᠲᠡ ᠬᠥᠭᠵᠢᠯᠲᠡ ᠶ᠋ᠢᠨ ᠶᠠᠪᠤᠴᠠ ᠶ᠋ᠢ ᠴᠠᠭ ᠤ᠋ᠨ ᠡᠮᠴᠢᠯᠡᠭᠡᠨ ᠦ᠌ ᠬᠠᠷᠠᠭᠠᠰᠤ ᠠ᠋ᠴᠠ ᠰᠦᠪᠡᠭᠴᠢᠯᠡᠪᠡᠯ᠄ ᠮᠣᠩᠭᠣᠯ ᠠᠨᠠᠭᠠᠬᠤ ᠤᠬᠠᠭᠠᠨ ᠤ᠋ ᠦᠨᠳᠦᠰᠦᠨ ᠣᠨᠣᠯ ᠳ᠋ᠤ᠌ ᠬᠥᠮᠦᠨ ᠦ᠌ ᠪᠡᠶ᠎ᠡ ᠶ᠋ᠢᠨ ᠭᠤᠷᠪᠠᠨ ᠮᠠᠬᠠᠪᠣᠳ᠂ ᠳᠣᠯᠣᠭᠠᠨ ᠲᠠᠮᠢᠷ ᠨᠢ ᠵᠢᠯ ᠤᠯᠠᠷᠢᠯ ᠪᠠ ᠴᠠᠭ ᠮᠥᠴᠡ ᠶ᠋ᠢᠨ ᠬᠤᠪᠢᠷᠠᠬᠤ ᠶ᠋ᠢ ᠳᠠᠭᠠᠯᠳᠤᠨ ᠬᠠᠷᠢᠴᠠᠩᠭᠤᠢ ᠬᠤᠪᠢᠷᠠᠯᠲᠠ ᠭᠠᠷᠳᠠᠭ᠂ ᠵᠢᠰᠢᠶ᠎ᠠ ᠨᠢ ᠬᠡᠢ᠂ ᠰᠢᠷ᠎ᠠ᠂ ᠪᠠᠳᠬᠠᠨ ᠤ᠋ ᠬᠤᠷᠠᠬᠤ᠂ ᠬᠥᠳᠡᠯᠬᠦ᠂ ᠠᠮᠤᠷᠯᠬᠤ ᠴᠠᠭ ᠭᠡᠵᠦ ᠪᠣᠢ᠃ ᠡᠨᠡᠳᠬᠡᠭ ᠦ᠋ᠨ ᠶᠣᠰᠣᠨ ᠤ᠋ ᠵᠢᠷᠭᠤᠭᠠᠨ ᠤᠯᠠᠷᠢᠯ ᠢ᠋ᠶ᠋ᠠᠷ ᠢᠯᠡᠳᠬᠡᠪᠡᠯ ᠨᠢᠭᠡ ᠵᠢᠯ ᠦ᠋ᠨ ᠠᠷᠪᠠᠨ ᠬᠣᠶᠠᠷ ᠰᠠᠷ᠎ᠠ ᠶ᠋ᠢ ᠡᠪᠦᠯ ᠦ᠋ᠨ ᠲᠤᠢᠯ ᠠ᠋ᠴᠠ ᠡᠬᠢᠯᠡᠨ ᠬᠣᠶᠠᠷ ᠰᠠᠷ᠎ᠠ ᠪᠠᠷ ᠨᠢᠭᠡᠴᠢ ᠪᠣᠯᠭᠠᠵᠤ᠂ ᠡᠪᠦᠯ ᠦ᠋ᠨ ᠠᠳᠠᠭ᠂ ᠬᠠᠪᠤᠷ᠂ ᠲᠡᠭᠵᠢᠭᠡᠯ (ᠵᠤᠨ ᠤ᠋ ᠡᠬᠢ)᠂ ᠵᠤᠨ᠂ ᠨᠠᠮᠤᠷ᠂ ᠡᠪᠦᠯ ᠦ᠋ᠨ ᠡᠬᠢ ᠭᠡᠵᠦ ᠬᠤᠪᠢᠶᠠᠵᠤ᠂ ᠡᠭᠦᠨ ᠢ᠋ 《ᠵᠢᠷᠭᠤᠭᠠᠨ ᠴᠠᠭ》ᠭᠡᠳᠡᠭ᠃ 《ᠳᠥᠷᠪᠡᠨ ᠦᠨᠳᠦᠰᠦ》ᠳ᠋ᠦ᠍᠄ 《ᠲᠡᠭᠵᠢᠭᠡᠯ᠂ ᠵᠤᠨ᠂ ᠨᠠᠮᠤᠷ ᠤ᠋ᠨ ᠴᠠᠭ ᠪᠣᠯ ᠬᠡᠢ ᠬᠤᠷᠠᠬᠤ᠂ ᠬᠥᠳᠡᠯᠬᠦ᠂ ᠠᠮᠤᠷᠯᠢᠬᠤ ᠴᠠᠭ ᠪᠣᠯᠤᠨ᠎ᠠ᠃ ᠵᠤᠨ᠂ ᠨᠠᠮᠤᠷ ᠪᠠ ᠡᠪᠦᠯ ᠦ᠋ᠨ ᠳᠡᠭᠡᠳᠦ ᠬᠠᠭᠠᠰ ᠭᠤᠷᠪᠠ ᠪᠣᠯ ᠰᠢᠷ᠎ᠠ ᠶ᠋ᠢᠨ ᠬᠤᠷᠠᠬᠤ᠂ ᠬᠥᠳᠡᠯᠬᠦ᠂ ᠠᠮᠤᠷᠯᠢᠬᠤ ᠴᠠᠭ ᠪᠣᠯᠤᠨ᠎ᠠ᠃ ᠡᠪᠦᠯ ᠦ᠋ᠨ ᠳᠣᠣᠷᠠᠲᠤ ᠬᠠᠭᠠᠰ᠂ ᠬᠠᠪᠤᠷ᠂ ᠲᠡᠭᠵᠢᠭᠡᠯ ᠭᠤᠷᠪᠠ ᠪᠣᠯ ᠪᠠᠳᠬᠠᠨ ᠤ᠋ ᠬᠤᠷᠠᠬᠤ᠂ ᠬᠥᠳᠡᠯᠬᠦ᠂ ᠠᠮᠤᠷᠯᠢᠬᠤ ᠴᠠᠭ ᠪᠣᠯᠤᠨ᠎ᠠ》 [6]  ᠭᠡᠵᠦ ᠲᠡᠮᠳᠡᠭᠯᠡᠵᠡᠢ (ᠡᠨᠡ ᠨᠢ 14 ᠳ᠋ᠦ᠍ᠭᠡᠷ ᠵᠠᠭᠤᠨ ᠠ᠋ᠴᠠ ᠮᠣᠩᠭᠣᠯ ᠳ᠋ᠤ᠌ ᠣᠷᠴᠢᠭᠤᠯᠤᠭᠳᠠᠨ ᠳᠡᠯᠭᠡᠷᠡᠭᠰᠡᠨ ᠣᠨᠣᠯ ᠪᠣᠯᠤᠨ᠎ᠠ)᠃ ᠡᠭᠦᠨ ᠢ᠋ ᠦᠨᠳᠦᠰᠦᠯᠡᠭᠡᠳ ᠪᠠᠳᠬᠠᠨ ᠤ᠋ ᠬᠤᠷᠠᠬᠤ ᠴᠠᠭ ᠪᠣᠯ ᠡᠪᠦᠯ ᠦ᠋ᠨ ᠠᠳᠠᠭ᠂ ᠬᠥᠳᠡᠯᠬᠦ ᠴᠠᠭ ᠨᠢ ᠬᠠᠪᠤᠷ᠂ ᠠᠮᠤᠷᠯᠢᠬᠤ ᠴᠠᠭ ᠨᠢ ᠲᠡᠭᠵᠢᠭᠡᠯ ᠭᠡᠵᠦ ᠦᠵᠡᠳᠡᠭ᠃ ᠡᠨᠡ ᠨᠢ ᠬᠦᠵᠦᠭᠦᠨ ᠦ᠌ ᠬᠣᠶᠠᠩ ᠡᠪᠡᠳᠴᠢᠨ ᠣᠯᠠᠩᠬᠢ ᠳ᠋ᠤ᠌ ᠪᠠᠨ ᠡᠪᠦᠯ ᠬᠠᠪᠤᠷ ᠤ᠋ᠨ ᠤᠯᠠᠷᠢᠯ ᠬᠥᠳᠡᠯᠳᠡᠭ ᠪᠣᠳᠠᠲᠤ ᠪᠠᠢᠳᠠᠯ ᠲᠠᠢ ᠶᠠᠭ ᠨᠡᠢᠴᠡᠵᠦ ᠪᠠᠢᠨ᠎ᠠ᠃ ᠡᠨᠡᠳᠬᠡᠭ ᠦ᠋ᠨ ᠡᠷᠲᠡᠨ ᠦ᠌ ᠠᠨᠠᠭᠠᠬᠤ ᠤᠬᠠᠭᠠᠨ ᠤ᠋ ᠵᠣᠬᠢᠶᠠᠯ 《ᠠᠮᠢᠳᠤᠷᠠᠭᠤᠯᠤᠭᠴᠢ ᠡᠮ ᠦ᠋ᠨ ᠰᠤᠳᠤᠷ ᠣᠷᠣᠰᠢᠪᠠᠢ》ᠳ᠋ᠤ᠌᠄ 《ᠥᠷᠯᠥᠭᠡ ᠦᠳᠡᠰᠢ ᠢᠨᠤ ᠪᠠᠳᠬᠠᠨ᠂ ᠭᠡᠭᠡ (ᠦᠦᠷ ᠴᠠᠢᠬᠤ) ᠂ ᠰᠢᠷ᠎ᠠ ᠣᠷᠣᠢ (ᠰᠢᠷ᠎ᠠ ᠪᠦᠷᠦᠢ) ᠠᠨᠤ ᠬᠡᠢ ᠶ᠋ᠢᠨ ᠴᠠᠭ᠂ ᠡᠳᠦᠷ ᠪᠠ ᠰᠥᠨᠢ ᠳᠦᠯᠢ (ᠡᠳᠦᠷ ᠳᠤᠮᠳᠠ᠂ ᠰᠥᠨᠢ ᠳᠤᠮᠳᠠ) ᠢᠨᠤ ᠰᠢᠷ᠎ᠠ ᠶ᠋ᠢᠨ ᠴᠠᠭ ᠭᠡᠮᠡᠨ ᠮᠡᠳᠡᠲᠦᠭᠡᠢ》 ᠭᠡᠵᠦ ᠲᠡᠮᠳᠡᠭᠯᠡᠵᠡᠢ᠃ ᠳᠠᠷᠤᠢ 24 ᠴᠠᠭ ᠤ᠋ᠨ ᠬᠤᠪᠢᠶᠠᠷᠢᠯᠠᠯ ᠢ᠋ᠶ᠋ᠠᠷ ᠪᠠᠷᠤᠭ ᠬᠡᠢ ᠶ᠋ᠢᠨ ᠬᠥᠳᠡᠯᠬᠦ ᠴᠠᠭ ᠨᠢ 2᠄ 00— 6᠄ 00 . 14᠄ 00 — 18᠄ 00. ᠰᠢᠷ᠎ᠠ ᠶ᠋ᠢᠨ ᠬᠥᠳᠡᠯᠬᠦ ᠴᠠᠭ ᠨᠢ 10᠄ 00 — 14᠄ 00 ᠂ 22᠄ 00 — 2᠄ 00 . ᠪᠠᠳᠬᠠᠨ ᠤ᠋ ᠬᠥᠳᠡᠯᠬᠦ ᠴᠠᠭ ᠨᠢ 6᠄ 00 — 10᠄ 00 ᠂ 18᠄ 00 — 22᠄ 00 ᠤ᠋ ᠬᠣᠭᠣᠷᠣᠨᠳᠣ ᠪᠠᠢᠳᠠᠭ [7]᠃ ᠡᠢᠮᠦᠷᠬᠦᠦ᠂ ᠭᠤᠷᠪᠠᠨ ᠮᠠᠬᠠᠪᠣᠳ ᠤ᠋ᠨ ᠬᠠᠷᠢᠴᠠᠩᠭᠤᠢ ᠬᠥᠳᠡᠯᠦᠩᠭᠦᠢ ᠴᠠᠭ ᠲᠤ᠌ ᠬᠠᠷᠠᠭᠠᠯᠵᠠᠭᠰᠠᠨ ᠮᠠᠬᠠᠪᠣᠳ ᠠᠷᠪᠢᠳᠠᠬᠤ᠂ ᠬᠣᠷᠣᠭᠳᠠᠬᠤ᠂ ᠬᠢᠮᠤᠷᠠᠯᠳᠤᠬᠤ ᠬᠤᠪᠢᠷᠠᠯᠲᠠ ᠭᠠᠷᠴᠤ᠂ ᠲᠤᠰ ᠮᠠᠬᠠᠪᠣᠳ ᠤ᠋ᠨ ᠣᠨᠴᠡᠯᠢᠭ᠋ ᠰᠢᠨᠵᠢ ᠪᠦᠬᠦᠢ ᠡᠪᠡᠳᠴᠢᠨ ᠢ᠋ ᠡᠭᠦᠰᠬᠡᠳᠡᠭ᠃  ᠶᠠᠮᠠᠷᠪᠠ ᠡᠪᠡᠳᠴᠢᠨ ᠢ᠋ ᠠᠰᠠᠭᠤᠵᠤ᠂ ᠦᠵᠡᠵᠦ᠂ ᠬᠦᠷᠦᠯᠴᠡᠬᠦ (ᠰᠤᠳᠠᠯ ᠬᠡᠯᠡ ᠰᠢᠭᠡᠰᠦ ᠶ᠋ᠢ ᠦᠵᠡᠵᠦ ᠬᠦᠷᠦᠯᠴᠡᠬᠦ ᠴᠠᠭ ᠲᠤ᠌ ᠨᠢ ᠰᠢᠨᠵᠢᠯᠡᠬᠦ ᠵᠢᠴᠢ ᠪᠤᠰᠤᠳ ᠰᠢᠨᠵᠢᠯᠡᠭᠡ ᠶ᠋ᠢ ᠤᠶᠠᠯᠳᠤᠭᠤᠯᠤᠨ ᠣᠨᠣᠰᠢ ᠲᠣᠭᠲᠠᠭᠰᠠᠨ ᠤ᠋ ᠳᠠᠷᠠᠭ᠎ᠠ ᠮᠣᠩᠭᠣᠯ ᠠᠨᠠᠭᠠᠬᠤ ᠤᠬᠠᠭᠠᠨ ᠤ᠋ 《ᠣᠨᠣᠰᠢᠯᠠᠯ ᠤ᠋ᠨ ᠠᠷᠪᠠᠨ ᠪᠠᠷᠢᠮᠲᠠᠯᠠᠯ》 ᠢ᠋ᠶ᠋ᠠᠷ ᠡᠪᠡᠳᠴᠢᠨ ᠦ᠌ ᠮᠥᠨ ᠴᠢᠨᠠᠷ᠂ ᠬᠠᠯᠠᠭᠤᠨ ᠬᠦᠢᠲᠡᠨ ᠢ᠋ ᠰᠢᠨᠵᠢᠯᠡᠳᠡᠭ᠃《ᠳᠤᠮᠳᠠᠳᠤ ᠤᠯᠤᠰ ᠤ᠋ᠨ ᠠᠨᠠᠭᠠᠬᠤ ᠤᠬᠠᠭᠠᠨ ᠤ᠋ ᠨᠡᠪᠲᠡᠷᠬᠡᠢ ᠲᠣᠯᠢ᠂ ᠮᠣᠩᠭᠣᠯ ᠠᠨᠠᠭᠠᠬᠤ ᠤᠬᠠᠭᠠᠨ》ᠳ᠋ᠤ᠌᠄ 《ᠤᠤᠯ ᠡᠪᠡᠳᠴᠢᠨ ᠢ᠋ ᠬᠥᠳᠡᠯᠭᠡᠭᠰᠡᠨ ᠨᠥᠬᠥᠴᠡᠯ᠂ ᠭᠣᠣᠯ ᠰᠢᠨᠵᠢ᠂ ᠡᠪᠡᠳᠴᠢᠨ ᠦ᠌ ᠣᠷᠣᠨ᠂ ᠴᠠᠭ ᠤᠯᠠᠷᠢᠯ᠂ ᠣᠷᠣᠨ ᠰᠠᠭᠤᠴᠠ᠂ ᠡᠪᠡᠳᠴᠢᠲᠡᠨ ᠦ᠌ ᠥᠪᠡᠷᠮᠢᠴᠡ ᠴᠢᠨᠠᠷ᠂ ᠨᠠᠰᠤ᠂ ᠠᠮᠢᠳᠤᠷᠠᠯ ᠤ᠋ᠨ ᠳᠠᠳᠬᠠᠯ᠂ ᠲᠠᠮᠢᠷ ᠲᠡᠩᠬᠡᠭᠡ᠂ ᠡᠪᠡᠳᠴᠢᠨ ᠦ᠌ ᠲᠤᠰᠤᠯᠲᠠ》[8]  ᠭᠡᠵᠦ ᠠᠷᠪᠠ ᠶ᠋ᠢ ᠲᠡᠮᠳᠡᠭᠯᠡᠪᠡ᠃ ᠡᠳᠡᠭᠡᠷ ᠡᠴᠡ ᠡᠪᠡᠳᠴᠢᠯᠡᠭᠰᠡᠨ ᠴᠠᠭ ᠤᠯᠠᠷᠢᠯ ᠤ᠋ᠨ ᠬᠤᠪᠢ ᠳ᠋ᠤ᠌ ᠪᠠᠳᠬᠠᠨ ᠤ᠋ ᠴᠠᠭ ᠲᠤ᠌ ᠡᠭᠦᠰᠦᠭᠰᠡᠨ ᠪᠥᠭᠡᠳ ᠪᠤᠰᠤᠳ ᠶᠢᠰᠦᠨ ᠨᠥᠬᠥᠴᠡᠯ ᠦ᠋ᠨ ᠶᠡᠬᠡᠩᠬᠢ ᠨᠢ ᠪᠠᠳᠬᠠᠨ ᠤ᠋ ᠪᠡᠯᠭᠡ ᠴᠢᠨᠠᠷ ᠢ᠋ ᠪᠦᠷᠢᠯᠳᠦᠭᠦᠯᠦᠭᠰᠡᠨ ᠪᠠᠢᠪᠠᠯ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠭᠡᠵᠦ ᠢᠯᠭᠠᠪᠤᠷᠢᠯᠠᠨ ᠣᠨᠣᠰᠢᠯᠠᠨ᠎ᠠ᠃  ᠡᠪᠡᠳᠴᠢᠨ ᠢ᠋ ᠢᠯᠭᠠᠪᠤᠷᠢᠯᠠᠨ ᠣᠨᠣᠰᠢᠯᠠᠭᠰᠠᠨ ᠤ᠋ ᠳᠠᠷᠠᠭ᠎ᠠ ᠡᠮᠴᠢᠯᠡᠬᠦ ᠳ᠋ᠦ᠍ ᠪᠡᠨ ᠮᠥᠨ ᠴᠢᠨᠠᠷ ᠢ᠋ ᠨᠢ ᠦᠨᠳᠦᠰᠦᠯᠡᠨ ᠳᠥᠷᠪᠡᠨ ᠶᠡᠷᠦᠨᠳᠡᠭ ᠢ᠋ᠶ᠋ᠡᠨ ᠴᠠᠭ ᠢ᠋ ᠪᠠᠷᠢᠵᠤ ᠵᠣᠬᠢᠴᠠᠭᠤᠯᠤᠨ ᠬᠡᠷᠡᠭᠯᠡᠳᠡᠭ᠂ ᠵᠢᠰᠢᠶᠠᠯᠠᠪᠠᠯ ᠡᠮ ᠲᠡᠭᠦᠬᠦ ᠳ᠋ᠦ᠍ ᠲᠡᠭᠦᠪᠡᠰᠦ ᠵᠣᠬᠢᠬᠤ ᠴᠠᠭ ᠲᠤ᠌ ᠲᠡᠭᠦᠬᠦ᠂ ᠡᠮ ᠥᠭᠬᠦ ᠳ᠋ᠦ᠍ ᠪᠡᠨ ᠤᠯᠠᠷᠢᠯ (ᠬᠠᠯᠠᠭᠤᠨ᠂ ᠬᠦᠢᠲᠡᠨ ᠦ᠌ ᠴᠠᠭ) ᠪᠠ ᠴᠠᠭ (ᠥᠷᠯᠥᠭᠡ᠂ ᠦᠳᠡ᠂ ᠣᠷᠣᠢ) ᠂ ᠡᠪᠡᠳᠴᠢᠨ ᠦ᠌ ᠶᠠᠪᠤᠴᠠ (ᠡᠬᠢᠨ᠂ ᠳᠤᠮᠳᠠ᠂ ᠠᠳᠠᠭ) ᠢ᠋ ᠠᠩᠬᠠᠷᠬᠤ᠂ ᠳᠥᠷᠪᠡᠨ ᠤᠯᠠᠷᠢᠯ ᠪᠠ ᠬᠣᠷᠢᠨ ᠳᠥᠷᠪᠡᠨ ᠴᠠᠭ ᠤ᠋ᠨ ᠲᠤᠰ ᠪᠦᠷᠢ ᠶ᠋ᠢᠨ ᠬᠢᠵᠦ ᠪᠣᠯᠬᠤ ᠵᠠᠰᠠᠯ ᠪᠠ ᠬᠢᠵᠦ ᠦᠯᠦ ᠪᠣᠯᠬᠤ ᠵᠠᠰᠠᠯ᠂ ᠡᠳ᠋ᠯᠡᠵᠦ ᠪᠣᠯᠬᠤ ᠪᠠ ᠪᠣᠯᠬᠤ ᠦᠭᠡᠢ ᠢᠳᠡᠭᠡᠨ ᠤᠮᠳᠠᠭᠠᠨ᠂ ᠶᠠᠪᠤᠳᠠᠯ ᠮᠥᠷ ᠵᠡᠷᠭᠡ ᠶ᠋ᠢ ᠵᠣᠬᠢᠴᠠᠭᠤᠯᠬᠤ ᠪᠠ ᠴᠡᠭᠡᠷᠯᠡᠬᠦ ᠨᠢ ᠪᠦᠷ ᠴᠠᠭ ᠤ᠋ᠨ ᠡᠮᠴᠢᠯᠡᠭᠡ ᠲᠡᠢ ᠨᠢᠭᠲᠠ ᠬᠠᠷᠢᠴᠠᠭ᠎ᠠ ᠲᠠᠢ᠃ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠢ᠋ ᠡᠮᠴᠢᠯᠡᠬᠦ ᠳ᠋ᠦ᠍ ᠬᠠᠯᠠᠭᠤᠨ ᠪᠦᠯᠢᠶᠡᠨ ᠴᠢᠨᠠᠷ ᠲᠠᠢ ᠶᠡᠷᠦᠨᠳᠡᠭ ᠢ᠋ ᠴᠠᠭ ᠢ᠋ ᠪᠠᠷᠢᠵᠤ ᠵᠣᠬᠢᠴᠠᠭᠤᠯᠵᠤ ᠥᠭᠬᠦ ᠴᠢᠬᠤᠯᠠᠲᠠᠢ᠂ ᠵᠢᠰᠢᠶᠠᠯᠠᠪᠠᠯ ᠪᠦᠯᠢᠶᠡᠨ ᠴᠢᠨᠠᠷᠲᠠᠢ ᠡᠮ ᠨᠠᠢᠷᠠᠯᠭ᠎ᠠ᠂ ᠪᠦᠯᠢᠶᠡᠨ ᠵᠡᠭᠦᠦ ᠵᠠᠰᠠᠯ ᠵᠡᠷᠭᠡ ᠶ᠋ᠢ ᠵᠣᠬᠢᠰᠲᠠᠢ 4 ᠴᠠᠭ ᠲᠤ᠌ ᠬᠡᠷᠡᠭᠯᠡᠪᠡᠯ ᠡᠮᠴᠢᠯᠡᠭᠡᠨ ᠦ᠌ ᠠᠴᠢ ᠲᠤᠰᠠ ᠪᠠᠷ ᠨᠡᠩ ᠰᠠᠢᠨ ᠪᠠᠢᠳᠠᠭ᠃ 
4. ᠪᠦᠯᠢᠶᠡᠨ ᠵᠡᠭᠦᠦ ᠵᠠᠰᠠᠯ ᠢ᠋ ᠴᠠᠭ ᠤ᠋ᠨ ᠡᠮᠴᠢᠯᠡᠭᠡ ᠲᠡᠢ ᠤᠶᠠᠯᠳᠤᠭᠤᠯᠤᠨ ᠡᠮᠴᠢᠯᠡᠬᠦ 
       ᠮᠡᠳᠡᠭᠡᠵᠢ ᠪᠡᠷ ᠪᠦᠯᠢᠶᠡᠨ ᠵᠡᠭᠦᠦ ᠵᠠᠰᠠᠯ ᠪᠣᠯ ᠪᠠᠳᠬᠠᠨ ᠡᠪᠡᠳᠴᠢᠨ᠂ ᠬᠣᠶᠠᠩ ᠡᠪᠡᠳᠴᠢᠨ ᠢ᠋ ᠡᠮᠴᠢᠯᠡᠬᠦ ᠳ᠋ᠦ᠍ ᠳᠠᠪᠠᠭᠤᠯᠢᠭ ᠠᠴᠢ ᠲᠤᠰᠠ ᠲᠠᠢ ᠡᠮᠴᠢᠯᠡᠭᠡᠨ ᠦ᠌ ᠠᠷᠭ᠎ᠠ ᠪᠠᠢᠵᠤ᠂ ᠡᠭᠦᠨ ᠢ᠋ ᠡᠷᠳᠡᠮᠲᠡᠳ ᠣᠯᠠᠨ ᠤᠳᠠᠭᠠᠨ ᠤ᠋ ᠰᠤᠳᠤᠯᠭᠠᠨ ᠢ᠋ᠶ᠋ᠠᠷ ᠭᠡᠷᠡᠴᠢᠯᠡᠭᠰᠡᠨ ᠶᠦᠮ᠃ ᠪᠦᠯᠢᠶᠡᠨ ᠵᠡᠭᠦᠦ ᠵᠠᠰᠠᠯ ᠢ᠋ ᠵᠤᠨ ᠤ᠋ ᠲᠤᠢᠯ ᠵᠡᠷᠭᠡ ᠬᠡᠲᠦᠷᠬᠡᠢ ᠬᠠᠯᠠᠭᠤᠨ ᠤ᠋ ᠴᠠᠭ ᠲᠤ᠌ ᠪᠠ ᠡᠪᠡᠳᠴᠢᠨ ᠦ᠌ ᠬᠠᠯᠠᠭᠤᠨ ᠤ᠋ ᠬᠤᠭᠤᠴᠠᠭᠠᠨ ᠳ᠋ᠤ᠌ ᠬᠢᠬᠦ ᠶ᠋ᠢ ᠴᠡᠭᠡᠷᠯᠡᠬᠦ ᠡᠴᠡ ᠭᠠᠳᠠᠨ᠎ᠠ ᠣᠨᠴᠠᠭᠠᠢ ᠴᠠᠭ ᠤᠯᠠᠷᠢᠯ᠂ ᠥᠷᠯᠥᠭᠡ ᠦᠳᠡᠰᠢ ᠶ᠋ᠢᠨ ᠱᠠᠭᠠᠷᠳᠠᠯᠭ᠎ᠠ ᠪᠠᠢᠬᠤ ᠦᠭᠡᠢ ᠲᠤᠯᠠ ᠣᠯᠠᠩᠬᠢ ᠴᠠᠭ ᠲᠤ᠌ ᠪᠦᠷ ᠬᠢᠵᠦ ᠪᠣᠯᠳᠠᠭ᠃ ᠡᠭᠦᠨ ᠳ᠋ᠦ᠍᠂ ᠮᠣᠩᠭᠣᠯ ᠠᠨᠠᠭᠠᠬᠤ ᠤᠬᠠᠭᠠᠨ ᠤ᠋ ᠦᠨᠳᠦᠰᠦᠨ ᠣᠨᠣᠯ ᠳ᠋ᠤ᠌ ᠰᠠᠭᠤᠷᠢᠯᠠᠨ᠂ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠢ᠋ ᠡᠮᠴᠢᠯᠡᠬᠦ ᠳ᠋ᠦ᠍ ᠪᠠᠳᠬᠠᠨ ᠤ᠋ ᠴᠠᠭ ᠲᠤ᠌ ᠪᠦᠯᠢᠶᠡᠨ ᠵᠡᠭᠦᠦ ᠵᠠᠰᠠᠯ ᠬᠢᠪᠡᠯ ᠡᠮᠴᠢᠯᠡᠭᠡᠨ ᠦ᠌ ᠠᠴᠢ ᠲᠤᠰᠠ ᠪᠠᠷ ᠨᠡᠩ ᠰᠠᠢᠨ ᠭᠡᠵᠦ ᠦᠵᠡᠵᠦ ᠪᠠᠢᠨ᠎ᠠ᠃ ᠤᠴᠢᠷ ᠨᠢ ᠪᠠᠳᠬᠠᠨ ᠤ᠋ ᠴᠠᠭ ᠲᠤ᠌ ᠡᠪᠡᠳᠴᠢᠨ ᠬᠥᠳᠡᠯᠬᠦ ᠦᠶ᠎ᠡ ᠳ᠋ᠦ᠍ ᠲᠡᠭᠦᠨ ᠦ᠌ ᠬᠦᠨᠳᠦ ᠬᠦᠢᠲᠡᠨ᠂ ᠲᠣᠰᠣᠯᠢᠭ ᠮᠣᠬᠣᠳᠠᠭ᠂ ᠨᠠᠭᠠᠯᠳᠤᠩᠭᠤᠢ ᠵᠡᠷᠭᠡ ᠪᠡᠯᠭᠡ ᠴᠢᠨᠠᠷ ᠤ᠋ᠨ ᠡᠷᠬᠡ ᠪᠡᠷ ᠡᠪᠡᠳᠴᠢᠨ ᠦ᠌ ᠪᠠᠭᠤᠭᠰᠠᠨ ᠣᠷᠣᠨ ᠪᠣᠯᠬᠤ ᠬᠦᠵᠦᠭᠦᠨ ᠦ᠌ ᠬᠡᠰᠡᠭ ᠦ᠋ᠨ ᠬᠤᠪᠢᠶᠠᠷᠢ ᠢᠯᠴᠢ ᠮᠠᠭᠤᠳᠠᠨ ᠬᠡᠢ ᠴᠢᠰᠤᠨ ᠤ᠋ ᠭᠦᠶᠦᠳᠡᠯ ᠬᠠᠷᠰᠢᠯᠠᠭᠳᠠᠵᠤ᠂ ᠰᠢᠷ᠎ᠠ ᠤᠰᠤ ᠴᠤᠭᠯᠠᠷᠠᠨ ᠬᠡᠢ ᠶ᠋ᠢᠨ ᠭᠦᠶᠦᠳᠡᠯ ᠭᠡᠮᠲᠦᠯ ᠲᠡᠢ ᠪᠣᠯᠤᠭᠰᠠᠨ ᠠ᠋ᠴᠠ ᠴᠠᠭᠠᠨ ᠰᠤᠳᠠᠯ ᠢ᠋ᠶ᠋ᠠᠷ ᠬᠡᠢ ᠶ᠋ᠢ ᠬᠦᠯᠦᠭᠯᠡᠨ ᠭᠦᠶᠦᠬᠦ ᠣᠬᠢ ᠰᠢᠮ᠎ᠡ ᠶ᠋ᠢ ᠳᠠᠮᠵᠢᠭᠤᠯᠵᠤ ᠴᠢᠳᠠᠬᠤ ᠦᠭᠡᠢ ᠪᠣᠯᠬᠤ ᠵᠡᠷᠭᠡ ᠡᠪᠡᠳᠴᠢᠨ ᠦ᠌ ᠵᠦᠢ ᠶ᠋ᠢᠨ ᠬᠤᠪᠢᠷᠠᠯᠲᠠ ᠭᠠᠷᠤᠨ᠎ᠠ᠃ ᠡᠨᠡ ᠦᠶ᠎ᠡ ᠳ᠋ᠦ᠍ ᠪᠦᠯᠢᠶᠡᠨ ᠵᠡᠭᠦᠦ ᠵᠠᠰᠠᠯ ᠢ᠋ᠶ᠋ᠠᠷ ᠬᠤᠪᠢᠶᠠᠷᠢ ᠢᠯᠴᠢ ᠶ᠋ᠢᠨ ᠬᠦᠴᠦᠨ ᠢ᠋ ᠰᠠᠢᠵᠢᠷᠠᠭᠤᠯᠪᠠᠯ᠂ ᠳᠦᠷᠢ ᠤᠷᠪᠠᠭᠰᠠᠨ ᠪᠠᠳᠬᠠᠨ ᠢ᠋ ᠭᠦᠶᠦᠳᠡᠯ ᠳ᠋ᠦ᠍ ᠨᠢ ᠵᠠᠰᠠᠵᠤ ᠳᠠᠩᠴᠡᠭᠦᠷᠢᠰᠢᠭᠦᠯᠦᠨ᠂ ᠬᠤᠷᠠᠵᠤ ᠴᠤᠭᠯᠠᠷᠠᠭᠰᠠᠨ ᠰᠢᠷ᠎ᠠ ᠤᠰᠤ ᠶ᠋ᠢ ᠬᠠᠯᠠᠭᠤᠨ ᠤ᠋ ᠢᠯᠴᠢ ᠪᠡᠷ ᠬᠠᠲᠠᠭᠠᠨ ᠡᠪᠡᠷᠰᠢᠶᠡᠯ ᠢ᠋ ᠳᠠᠷᠤᠢ ᠳ᠋ᠤ᠌ ᠨᠢ ᠵᠣᠭᠰᠣᠭᠠᠵᠤ᠂ ᠮᠥᠨ ᠢᠯᠴᠢ ᠶ᠋ᠢᠨ ᠬᠦᠴᠦᠨ ᠢ᠋ᠶ᠋ᠡᠷ ᠬᠡᠢ ᠴᠢᠰᠤᠨ ᠤ᠋ ᠭᠦᠶᠦᠳᠡᠯ ᠰᠠᠢᠵᠢᠷᠠᠬᠤ ᠲᠤᠯᠠ ᠴᠠᠭᠠᠨ ᠰᠤᠳᠠᠯ ᠤ᠋ᠨ ᠠᠵᠢᠯᠯᠠᠭ᠎ᠠ ᠶ᠋ᠢ ᠲᠦᠷᠭᠡᠨ ᠰᠠᠢᠵᠢᠷᠠᠭᠤᠯᠵᠤ ᠴᠢᠳᠠᠨ᠎ᠠ ᠭᠡᠵᠦ ᠦᠵᠡᠵᠦ ᠪᠣᠢ᠃ 
5. ᠳ᠋ᠦᠩᠨᠡᠯᠲᠡ 
       ᠴᠠᠭ ᠤ᠋ᠨ ᠡᠮᠴᠢᠯᠡᠭᠡ ᠵᠢᠴᠢ ᠠᠮᠢᠳᠤ ᠪᠣᠳᠠᠰ ᠤ᠋ᠨ ᠵᠢᠮ᠎ᠡ ᠶᠣᠰᠣᠨ ᠤ᠋ ᠰᠤᠳᠤᠯᠭ᠎ᠠ ᠢᠯᠡᠷᠡᠭᠦᠯᠦᠭᠰᠡᠨ ᠢ᠋ᠶ᠋ᠡᠷ᠂ ᠶᠠᠮᠠᠷᠪᠠ ᠡᠪᠡᠳᠴᠢᠨ ᠦ᠌ ᠡᠭᠦᠰᠦᠯᠲᠡ᠂ ᠬᠥᠭᠵᠢᠯᠲᠡ ᠪᠦᠷ ᠥᠪᠡᠷ ᠦ᠋ᠨ ᠵᠢᠮ᠎ᠡ ᠶᠣᠰᠣ ᠲᠠᠢ ᠪᠠᠢᠳᠠᠭ᠃ ᠡᠭᠦᠨ ᠳ᠋ᠦ᠍᠂ ᠡᠪᠡᠳᠴᠢᠨ ᠢ᠋ ᠰᠢᠨᠵᠢᠯᠡᠬᠦ ᠵᠢᠴᠢ ᠡᠮᠴᠢᠯᠡᠭᠡᠨ ᠦ᠌ ᠶᠠᠪᠤᠴᠠ ᠳ᠋ᠤ᠌ ᠴᠠᠭ ᠠᠬᠤᠢ ᠶ᠋ᠢᠨ ᠪᠠᠷᠢᠮᠲᠠᠯᠠᠯ ᠪᠣᠯ ᠮᠣᠩᠭᠣᠯ ᠠᠨᠠᠭᠠᠬᠤ ᠤᠬᠠᠭᠠᠨ ᠤ᠋ ᠴᠢᠬᠤᠯᠠ ᠨᠢᠭᠡᠨ ᠠᠭᠤᠯᠭ᠎ᠠ ᠪᠣᠯᠤᠨ᠎ᠠ᠃ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠦ᠌ ᠰᠢᠯᠲᠠᠭᠠᠨ ᠨᠥᠬᠥᠴᠡᠯ᠂ ᠣᠨᠣᠰᠢ᠂ ᠪᠦᠯᠢᠶᠡᠨ ᠵᠡᠭᠦᠦ ᠵᠠᠰᠠᠯ ᠤ᠋ᠨ ᠡᠮᠴᠢᠯᠡᠭᠡ ᠵᠡᠷᠭᠡ ᠶ᠋ᠢ ᠴᠠᠭ ᠤ᠋ᠨ ᠡᠮᠴᠢᠯᠡᠭᠡᠨ ᠦ᠌ ᠬᠠᠷᠠᠭᠠᠰᠤ ᠠ᠋ᠴᠠ ᠰᠢᠨᠵᠢᠯᠡᠬᠦ ᠨᠢ ᠰᠢᠨ᠎ᠡ ᠵᠦᠢᠯ ᠪᠢᠰᠢ᠂ ᠬᠠᠷᠢᠨ ᠡᠷᠲᠡᠨ ᠡᠴᠡ ᠢᠩᠭᠢᠵᠦ ᠬᠡᠷᠡᠭᠯᠡᠭᠳᠡᠭᠰᠡᠭᠡᠷ ᠢᠷᠡᠵᠡᠢ᠃ ᠭᠡᠪᠡᠴᠦ ᠪᠦᠯᠢᠶᠡᠨ ᠵᠡᠭᠦᠦ ᠵᠠᠰᠠᠯ ᠢ᠋ ᠴᠣᠬᠣᠮ ᠶᠠᠮᠠᠷ ᠴᠠᠭ ᠲᠤ᠌ ᠬᠢᠪᠡᠯ ᠡᠮᠴᠢᠯᠡᠭᠡᠨ ᠦ᠌ ᠠᠴᠢ ᠲᠤᠰᠠ ᠪᠠᠷ ᠨᠡᠩ ᠰᠠᠢᠨ ᠪᠣᠯᠬᠤ ᠲᠤᠬᠠᠢ᠂ ᠢᠯᠠᠩᠭᠤᠶ᠎ᠠ ᠨᠢᠭᠡ ᠡᠳᠦᠷ ᠦ᠋ᠨ 24 ᠴᠠᠭ ᠤ᠋ᠨ ᠠᠯᠢ ᠴᠠᠭ ᠲᠤ᠌ ᠪᠦᠯᠢᠶᠡᠨ ᠵᠡᠭᠦᠦ ᠵᠠᠰᠠᠯ ᠬᠢᠪᠡᠯ ᠨᠡᠩ ᠰᠠᠢᠨ ᠦᠷ᠎ᠡ ᠠᠰᠢᠭ ᠲᠠᠢ ᠶ᠋ᠢ ᠰᠤᠳᠤᠯᠤᠭᠰᠠᠨ ᠰᠤᠳᠤᠯᠭᠠᠨ ᠣᠳᠣ ᠪᠣᠯᠲᠠᠯ᠎ᠠ ᠪᠠᠢᠬᠤ ᠦᠭᠡᠢ ᠪᠠᠢᠭᠰᠠᠭᠠᠷ᠃ ᠡᠢᠮᠦ ᠡᠴᠡ ᠪᠢᠳᠡ ᠪᠦᠯᠢᠶᠡᠨ ᠵᠡᠭᠦᠦ ᠵᠠᠰᠠᠯ ᠪᠠ ᠴᠠᠭ ᠤ᠋ᠨ ᠡᠮᠴᠢᠯᠡᠭᠡ ᠶ᠋ᠢ ᠨᠡᠩ ᠨᠠᠷᠢᠯᠢᠭ ᠤᠶᠠᠯᠳᠤᠭᠤᠯᠵᠤ᠂ ᠨᠢᠭᠡ ᠡᠳᠦᠷ ᠦ᠋ᠨ 24 ᠴᠠᠭ ᠤ᠋ᠨ ᠬᠡᠢ᠂ ᠰᠢᠷ᠎ᠠ᠂ ᠪᠠᠳᠬᠠᠨ ᠤ᠋ ᠴᠠᠭ ᠲᠤ᠌ ᠲᠤᠰ ᠪᠦᠷᠢ ᠪᠦᠯᠢᠶᠡᠨ ᠵᠡᠭᠦᠦ ᠵᠠᠰᠠᠯ ᠬᠢᠵᠦ ᠡᠮᠴᠢᠯᠡᠭᠡᠨ ᠦ᠌ ᠠᠴᠢ ᠲᠤᠰᠠ ᠶ᠋ᠢ ᠬᠠᠷᠢᠴᠠᠭᠤᠯᠬᠤ ᠰᠤᠳᠤᠯᠭ᠎ᠠ ᠶ᠋ᠢ ᠲᠥᠰᠥᠪᠯᠡᠨ ᠬᠢᠵᠦ᠂ ᠪᠠᠳᠬᠠᠨ ᠳᠡᠢᠯᠦᠩᠭᠦᠢ ᠬᠦᠵᠦᠭᠦᠨ ᠦ᠌ ᠬᠣᠶᠠᠩ ᠡᠪᠡᠳᠴᠢᠨ ᠦ᠌ ᠡᠮᠴᠢᠯᠡᠭᠡ ᠳ᠋ᠦ᠍ ᠰᠢᠨ᠎ᠡ ᠰᠦᠪᠡᠭᠴᠢ ᠬᠠᠩᠭᠠᠨ᠂ ᠬᠥᠮᠦᠨ ᠦ᠌ ᠬᠦᠴᠦ ᠪᠠ ᠪᠣᠳᠠᠰ ᠤ᠋ᠨ ᠬᠦᠴᠦ ᠶ᠋ᠢ ᠠᠷᠪᠢᠯᠠᠬᠤ ᠶ᠋ᠢᠨ ᠬᠠᠮᠲᠤ ᠬᠣᠢᠰᠢᠳᠠ ᠶ᠋ᠢᠨ ᠡᠮᠴᠢᠯᠡᠭᠡᠨ ᠦ᠌ ᠠᠴᠢ ᠲᠤᠰᠠ ᠶ᠋ᠢ ᠤᠯᠠᠮ ᠨᠢᠭᠡ ᠠᠯᠬᠤᠮ ᠰᠠᠢᠵᠢᠷᠠᠭᠤᠯᠬᠤ ᠬᠡᠷᠡᠭᠲᠡᠢ᠃ 

— — — —
ᠵᠡᠭᠦᠯᠲᠡ 
[1]  ᠶᠦᠲ᠋ᠣᠭ ᠶᠤᠨᠲᠠᠭᠤᠮᠪᠤ᠋ ᠵᠣᠬᠢᠶᠠᠵᠤ᠂ ᠥᠪᠥᠷ ᠮᠣᠩᠭᠣᠯ ᠤ᠋ᠨ ᠥᠪᠡᠷᠲᠡᠭᠡᠨ ᠵᠠᠰᠠᠬᠤ ᠣᠷᠣᠨ ᠤ᠋ ᠬᠢᠲᠠᠳ (ᠮᠣᠩᠭᠣᠯ) ᠡᠮᠨᠡᠯᠭᠡ ᠰᠤᠳᠤᠯᠬᠤ ᠭᠠᠵᠠᠷ ᠠ᠋ᠴᠠ ᠣᠷᠴᠢᠭᠤᠯᠤᠨ ᠨᠠᠢᠷᠠᠭᠤᠯᠪᠠ᠄ 《ᠠᠨᠠᠭᠠᠬᠤ ᠤᠬᠠᠭᠠᠨ ᠤ᠋ ᠳᠥᠷᠪᠡᠨ ᠦᠨᠳᠦᠰᠦ》 (ᠳᠡᠭᠡᠳᠦ)᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 1977 ᠣᠨ᠂ 618 ᠨᠢᠭᠤᠷ᠃ 
[2]  ᠼᠽ ᠰᠦᠷᠤᠩᠵᠡᠪ᠄ 《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠮᠨᠡᠯᠭᠡ ᠶ᠋ᠢᠨ ᠰᠤᠳᠤᠯᠤᠯ》᠂ ᠦᠨᠳᠦᠰᠦᠲᠡᠨ ᠦ᠌ ᠬᠡᠪᠯᠡᠯ ᠦ᠋ᠨ ᠬᠣᠷᠢᠶ᠎ᠠ᠂ 1987 ᠣᠨ᠂ 438 ᠨᠢᠭᠤᠷ᠃ 
[3] ᠼᠽᠧ ᠰᠦᠷᠣᠩᠵᠡᠪ᠄ 《ᠮᠣᠩᠭᠣᠯ ᠠᠨᠠᠭᠠᠬᠤ ᠤᠬᠠᠭᠠᠨ ᠤ᠋ ᠳᠣᠲᠣᠷ ᠡᠮᠨᠡᠯᠭᠡ ᠶ᠋ᠢᠨ ᠰᠤᠳᠤᠯᠤᠯ》᠂ ᠥᠪᠥᠷ ᠮᠣᠩᠭᠣᠯ ᠤ᠋ᠨ ᠠᠷᠠᠳ ᠤ᠋ᠨ ᠬᠡᠪᠯᠡᠯ ᠦ᠋ᠨ ᠬᠣᠷᠢᠶ᠎ᠠ᠂ 2013 ᠣᠨ᠂ 272 ᠨᠢᠭᠤᠷ᠃ 
[4] [6] ᠪ᠂ ᠵᠢᠭᠮᠡᠳ᠄ 《ᠮᠣᠩᠭᠣᠯ ᠠᠨᠠᠭᠠᠬᠤ ᠤᠬᠠᠭᠠᠨ ᠤ᠋ ᠦᠨᠳᠦᠰᠦᠨ ᠣᠨᠣᠯ》 ᠥᠪᠥᠷ ᠮᠣᠩᠭᠣᠯ ᠤ᠋ᠨ ᠶᠡᠬᠡ ᠰᠤᠷᠭᠠᠭᠤᠯᠢ ᠶ᠋ᠢᠨ ᠬᠡᠪᠯᠡᠯ ᠦ᠋ᠨ ᠬᠣᠷᠢᠶ᠎ᠠ᠂ 2012 ᠣᠨ᠂ 159. 20 ᠨᠢᠭᠤᠷ᠃ 
[5] ᠪᠢᠯᠢᠭ᠄《ᠮᠣᠩᠭᠣᠯ ᠠᠨᠠᠭᠠᠬᠤ ᠤᠬᠠᠭᠠᠨ ᠤ᠋ ᠴᠠᠭ ᠤ᠋ᠨ ᠡᠮᠴᠢᠯᠡᠭᠡ》 ᠥᠪᠥᠷ ᠮᠣᠩᠭᠣᠯ ᠤ᠋ᠨ ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠦ᠋ᠨ ᠬᠡᠪᠯᠡᠯ ᠦ᠋ᠨ ᠬᠣᠷᠢᠶ᠎ᠠ᠂ 2018 ᠣᠨ᠂ 12 ᠨᠢᠭᠤᠷ᠃ 
[7]   史字兵.  杨洪义阿育吠陀医学中的人体生理节律 【J】中国民间疗法2024.32 (03) 
[8]  策.苏荣扎布,蒙古学百科全书医学\t【M】内蒙古人民出版社  2012. 351  

  ᠢᠷᠡᠯᠲᠡ᠄ ᠳᠤᠮᠳᠠᠳᠤ ᠤᠯᠤᠰ ᠤ᠋ᠨ ᠮᠣᠩᠭᠣᠯ ᠡᠮ ᠡᠮᠨᠡᠯᠭᠡ ᠰᠡᠳᠬᠦᠯ 2025 ᠣᠨ ᠤ᠋ 3 ᠳ᠋ᠤᠭᠠᠷ ᠬᠤᠭᠤᠴᠠᠭ᠎ᠠ * 
              2022 ᠣᠨ ᠤ᠋ ᠣᠷᠣᠨ ᠤ᠋ ᠡᠷᠡᠭᠦᠯ ᠬᠠᠮᠠᠭᠠᠯᠠᠯ ᠤ᠋ᠨ ᠰᠢᠨᠵᠢᠯᠡᠭᠡ ᠮᠡᠷᠭᠡᠵᠢᠯ ᠦ᠋ᠨ ᠲᠥᠯᠦᠪᠯᠡᠭᠡᠨ ᠦ᠌ ᠰᠡᠳᠦᠪ 
                                                                  (202201489)    

        ᠦᠰᠦᠭ ᠠᠮᠢᠯᠠᠭᠤᠯᠤᠭᠴᠢ᠄ ᠭᠠᠸᠠ ᠦᠰᠦᠭ  
            ᠬᠢᠨᠠᠭᠴᠢ᠄  ᠲᠤᠭᠴᠢ ᠰᠠᠷᠠᠨ᠎ᠠ