ᠪᠣᠷᠣᠭᠠᠨ ᠤ᠋ ᠦᠨᠦᠷ-ᠪᠠᠶᠠᠷᠴᠡᠩᠭᠡᠯ Борооны үнэр-Баярцэнгэл-Bayartsengel - Boroonii Uner ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠷᠣᠭᠠᠨ ᠤ᠋ ᠦᠨᠦᠷ-ᠪᠠᠶᠠᠷᠴᠡᠩᠭᠡᠯ Борооны үнэр-Баярцэнгэл-Bayartsengel - Boroonii Uner

ᠪᠣᠷᠣᠭᠠᠨ ᠤ᠋ ᠦᠨᠦᠷ-ᠪᠠᠶᠠᠷᠴᠡᠩᠭᠡᠯ Борооны үнэр-Баярцэнгэл-Bayartsengel - Boroonii Uner

ᠠᠩᠭᠢᠯᠠᠯ:ᠳᠠᠭᠤᠤ ᠬᠥᠭᠵᠢᠮ
2025-08-23

551

ᠪᠣᠷᠣᠭᠠᠨ ᠤ᠋ ᠦᠨᠦᠷ

      - ᠫ• ᠪᠠᠶᠠᠷᠴᠡᠩᠭᠡᠯ 

ᠳᠤᠰᠤᠯᠠᠬᠤ ᠪᠦᠷᠢ ᠳ᠋ᠦ᠍ ᠳᠤᠷᠠᠰᠤᠮᠵᠢ ᠡᠷᠭᠢᠵᠦ ᠢᠷᠡᠬᠦ ᠬᠡᠦᠬᠡᠳ ᠨᠠᠰᠤᠨ ᠤ᠋ ᠪᠣᠷᠣᠭ᠎ᠠ  
ᠬᠥᠨᠳᠡᠭᠦᠷᠬᠡᠨ ᠮᠡᠳᠡᠷᠡᠮᠵᠢ ᠠᠰᠬᠠᠨ ᠵᠢᠷᠦᠬᠡ ᠪᠦᠬᠦᠨ  ᠢ᠋ ᠨᠣᠷᠭᠠᠨ᠎ᠠ 
ᠠᠩᠬᠠᠨ ᠤ᠋ ᠬᠠᠢᠷ᠎ᠠ ᠪᠠᠷ ᠰᠢᠨᠠᠯᠵᠤ ᠶᠠᠪᠤᠭᠰᠠᠨ ᠣᠯᠠᠨ ᠥᠩᠭᠡ ᠶ᠋ᠢᠨ ᠳᠤᠷᠠᠯᠠᠯ  
ᠠᠮᠢᠳᠤᠷᠠᠯ ᠤ᠋ᠨ ᠬᠠᠨᠢ ᠪᠠᠨ ᠣᠯᠬᠤ ᠨᠢ ᠭᠠᠭᠴᠠ ᠯᠠ ᠢᠷᠡᠬᠦ ᠵᠢᠩᠬᠢᠨᠢ ᠬᠠᠢᠷ᠎ᠠ  

ᠰᠢᠪᠡᠷᠡᠭᠡᠷᠡᠢ᠂ ᠰᠢᠪᠡᠷᠡᠭᠡᠷᠡᠢ᠂ ᠰᠡᠳᠬᠢᠯ ᠦ᠋ᠨ ᠲᠩᠷᠢ ᠡᠴᠡ ᠮᠢᠨᠢ ᠴᠢ 
ᠲᠡᠪᠡᠷᠢᠭᠡᠷᠡᠢ᠂ ᠲᠡᠪᠡᠷᠢᠭᠡᠷᠡᠢ᠂ ᠨᠠᠨᠳᠢᠨ ᠳᠤᠷᠠᠰᠤᠮᠵᠢ ᠪᠠᠨ ᠮᠡᠳᠡᠷᠡᠭᠡᠳ 
ᠠᠯᠤᠰᠷᠠᠬᠤ ᠴᠠᠭ ᠬᠤᠭᠤᠴᠠᠭ᠎ᠠ ᠠᠬᠢᠭᠠᠳ ᠢᠷᠡᠯ ᠦᠭᠡᠢ ᠨᠢ ᠮᠡᠳᠡᠭᠡᠵᠢ 
ᠠᠮᠢᠳᠤᠷᠠᠯ ᠪᠢ ᠴᠢᠮ᠎ᠠ ᠳᠡᠭᠡᠷ᠎ᠡ ᠠᠰᠠᠨ ᠳᠡᠭᠦᠯᠢᠬᠦ ᠪᠡᠷ ᠡᠨᠳᠡ ᠢᠷᠡᠵᠡᠢ 
ᠠᠯᠳᠠᠷᠠᠬᠤ ᠨᠠᠷᠠᠨ ᠠ᠋ᠴᠠ ᠪᠠᠨ ᠠᠰᠬᠠᠷᠠᠭᠰᠠᠨ ᠲᠤᠶᠠᠭ᠎ᠠ ᠪᠢᠯᠡ
ᠠᠶᠠᠯᠭᠤᠲᠤ ᠳᠡᠯᠡᠬᠡᠢ ᠳ᠋ᠡᠭᠡᠨ ᠵᠢᠷᠭᠠᠵᠤ ᠳᠠᠭᠤᠯᠠᠬᠤ ᠮᠢᠨᠢ ᠡᠨᠡ ᠪᠢᠯᠡ

ᠬᠦᠰᠡᠯ ᠪᠦᠷᠢ ᠬᠢᠵᠠᠭᠠᠷ ᠦᠭᠡᠢ ᠢᠲᠡᠭᠡᠯ ᠪᠠᠢᠵᠤ
ᠬᠥᠮᠦᠨ ᠦ᠌ ᠬᠣᠷᠸ᠎ᠠ  ᠳ᠋ᠤ᠌  ᠡᠵᠡᠮᠰᠢᠶ᠎ᠡ
ᠬᠥᠮᠦᠨ ᠪᠦᠬᠦᠨ ᠦ᠌ ᠵᠢᠷᠦᠬᠡᠨ ᠳ᠋ᠦ᠍ ᠭᠡᠨᠡᠨ ᠬᠠᠭᠤᠴᠢᠷᠠᠵᠤ ᠭᠤᠨᠳᠠᠭᠰᠠᠨ ᠮᠥᠷᠥᠭᠡᠳᠦᠯ ᠪᠣᠢ
ᠲᠡᠪᠡᠷᠢᠬᠦ ᠯᠡ ᠭᠡᠵᠦ ᠢᠷᠡᠭᠰᠡᠨ ᠪᠦᠬᠦᠨ ᠮᠢᠰᠢᠶᠡᠬᠦ ᠪᠡᠨ ᠨᠢᠭᠤᠵᠤ ᠭᠤᠨᠢᠭ ᠬᠣᠷᠭᠣᠪᠠᠴᠤ
ᠮᠡᠨᠳᠦᠯᠡᠭᠡᠳ ᠵᠥᠷᠢᠬᠦ ᠡᠨᠡ ᠠᠮᠢᠳᠤᠷᠠᠯ ᠤ᠋ᠨ ᠪᠣᠷᠣᠭᠠᠨ ᠳ᠋ᠤ᠌ ᠴᠢ ᠢᠨᠢᠶᠡᠭᠡᠷᠡᠢ

ᠰᠢᠪᠡᠷᠡᠭᠡᠷᠡᠢ᠂ ᠰᠢᠪᠡᠷᠡᠭᠡᠷᠡᠢ᠂ ᠰᠡᠳᠬᠢᠯ ᠦ᠋ᠨ ᠲᠩᠷᠢ ᠡᠴᠡ ᠮᠢᠨᠢ ᠴᠢ
ᠲᠡᠪᠡᠷᠢᠭᠡᠷᠡᠢ᠂ ᠲᠡᠪᠡᠷᠢᠭᠡᠷᠡᠢ᠂ ᠨᠠᠨᠳᠢᠨ ᠳᠤᠷᠠᠰᠤᠮᠵᠢ ᠪᠠᠨ ᠮᠡᠳᠡᠷᠡᠭᠡᠳ
ᠠᠯᠤᠰᠷᠠᠬᠤ ᠴᠠᠭ ᠬᠤᠭᠤᠴᠠᠭ᠎ᠠ ᠠᠬᠢᠭᠠᠳ ᠢᠷᠡᠯ ᠦᠭᠡᠢ ᠨᠢ ᠮᠡᠳᠡᠭᠡᠵᠢ
ᠠᠮᠢᠳᠤᠷᠠᠯ ᠪᠢ ᠴᠢᠮ᠎ᠠ ᠳᠡᠭᠡᠷ᠎ᠡ ᠠᠰᠠᠨ ᠳᠡᠭᠦᠯᠢᠬᠦ ᠪᠡᠷ ᠡᠨᠳᠡ ᠢᠷᠡᠵᠡᠢ
ᠠᠯᠳᠠᠷᠠᠬᠤ ᠨᠠᠷᠠᠨ ᠠ᠋ᠴᠠ ᠪᠠᠨ ᠠᠰᠬᠠᠷᠠᠭᠰᠠᠨ ᠲᠤᠶᠠᠭ᠎ᠠ ᠪᠢᠯᠡ
ᠠᠶᠠᠯᠭᠤᠲᠤ ᠳᠡᠯᠡᠬᠡᠢ ᠳ᠋ᠡᠭᠡᠨ ᠵᠢᠷᠭᠠᠵᠤ ᠲᠤᠭᠤᠯᠬᠤ ᠮᠢᠨᠢ ᠡᠨᠡ ᠪᠢᠯᠡ

ᠠᠯᠤᠰᠷᠠᠬᠤ ᠴᠠᠭ ᠬᠤᠭᠤᠴᠠᠭ᠎ᠠ ᠠᠬᠢᠭᠠᠳ ᠢᠷᠡᠬᠦ ᠦᠭᠡᠢ ᠨᠢ ᠮᠡᠳᠡᠭᠡᠵᠢ
ᠠᠮᠢᠳᠤᠷᠠᠯ ᠪᠢ ᠴᠢᠮ᠎ᠠ ᠳᠡᠭᠡᠷ᠎ᠡ ᠠᠰᠠᠨ ᠳᠡᠭᠦᠯᠢᠬᠦ
 ᠪᠡᠷ ᠡᠨᠳᠡ ᠢᠷᠡᠵᠡᠢ
ᠠᠯᠳᠠᠷᠠᠬᠤ ᠨᠠᠷᠠᠨ ᠠ᠋ᠴᠠ ᠪᠠᠨ ᠠᠰᠬᠠᠷᠠᠭᠰᠠᠨ ᠲᠤᠶᠠᠭ᠎ᠠ ᠪᠢᠯᠡ
ᠠᠶᠠᠯᠭᠤᠲᠤ ᠳᠡᠯᠡᠬᠡᠢ ᠳ᠋ᠡᠭᠡᠨ ᠵᠢᠷᠭᠠᠵᠤ ᠳᠠᠭᠤᠯᠠᠬᠤ ᠮᠢᠨᠢ ᠡᠨᠡ ᠪᠢᠯᠡ
ᠵᠢᠷᠭᠠᠵᠤ ᠳᠠᠭᠤᠯᠠᠬᠤ ᠮᠢᠨᠢ ᠡᠨᠡ ᠪᠢᠯᠡ
ᠵᠢᠷᠭᠠᠵᠤ ᠳᠠᠭᠤᠯᠠᠬᠤ ᠮᠢᠨᠢ ᠡᠨᠡ ᠪᠢᠯᠡ᠃

 ᠦᠰᠦᠭ ᠬᠠᠳᠠᠭᠴᠢ᠄ ᠵᠢᠷᠠᠨᠲᠠᠢ
 ᠦᠰᠦᠭ ᠠᠮᠢᠯᠠᠭᠤᠯᠤᠭᠴᠢ᠄ ᠤᠤᠭᠠᠨᠵᠢᠳ
 ᠬᠢᠨᠠᠭᠴᠢ᠄ ᠳᠠᠯᠠᠨᠲᠠᠢ᠂ ᠵᠢᠷᠠᠨᠲᠠᠢ