ᠪᠣᠯᠤᠮᠠᠷ ᠪᠠᠢᠨ᠎ᠠ -ᠴᠡᠩᠬᠡᠯᠳᠠᠯᠠᠢ᠂ ᠰᠡᠴᠡᠨᠴᠢᠮᠡᠭБолмоор байна -Цэнгэлдлий Сэцэнчимэг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠣᠯᠤᠮᠠᠷ ᠪᠠᠢᠨ᠎ᠠ -ᠴᠡᠩᠬᠡᠯᠳᠠᠯᠠᠢ᠂ ᠰᠡᠴᠡᠨᠴᠢᠮᠡᠭБолмоор байна -Цэнгэлдлий Сэцэнчимэг

ᠪᠣᠯᠤᠮᠠᠷ ᠪᠠᠢᠨ᠎ᠠ -ᠴᠡᠩᠬᠡᠯᠳᠠᠯᠠᠢ᠂ ᠰᠡᠴᠡᠨᠴᠢᠮᠡᠭБолмоор байна -Цэнгэлдлий Сэцэнчимэг

ᠠᠩᠭᠢᠯᠠᠯ:ᠳᠠᠭᠤᠤ ᠬᠥᠭᠵᠢᠮ
2025-08-22

1840

ᠪᠣᠯᠤᠮᠠᠷ ᠪᠠᠢᠨ᠎ᠠ

      ᠦᠭᠡ᠄ ᠭᠦᠩᠭᠠᠷ 
      ᠠᠶ᠎ᠠ᠄ ᠣᠶᠤᠨᠮᠥ᠋ᠷᠢᠨ 
      ᠳᠠᠭᠤᠴᠢᠨ᠄ ᠴᠡᠩᠬᠡᠯᠳᠠᠯᠠᠢ᠂ ᠰᠡᠴᠡᠨᠴᠢᠮᠡᠭ 

ᠬᠠᠩᠭᠢᠨ ᠬᠤᠰᠢᠭᠤᠨ ᠤ᠋ ᠪᠠᠨ ᠬᠠᠷᠠᠭᠠᠨᠠᠲᠤ ᠶ᠋ᠢᠨ ᠰᠢᠯᠢ ᠪᠡᠷ 
ᠬᠠᠨᠠᠨ ᠭᠡᠷ ᠢ᠋ᠶ᠋ᠡᠨ ᠪᠠᠷᠢᠮᠠᠷ ᠪᠠᠢᠨ᠎ᠠ 
ᠬᠠᠢᠷᠠᠬᠠᠨ ᠲᠥᠷᠥᠭᠰᠡᠨ ᠴᠢᠮ᠎ᠠ ᠲᠠᠢ ᠪᠠᠨ 
ᠬᠠᠨᠢᠯᠠᠵᠤ ᠰᠠᠭᠤᠶ᠎ᠠ ᠪᠣᠯᠤᠮᠠᠷ ᠪᠠᠢᠨ᠎ᠠ 

ᠣᠲᠣᠭ ᠬᠤᠰᠢᠭᠤᠨ ᠤ᠋ ᠪᠠᠨ ᠣᠩᠭᠣᠨ ᠭᠣᠪᠢ ᠪᠠᠷ 
ᠣᠷᠳᠣᠨ ᠭᠡᠷ ᠢ᠋ᠶ᠋ᠡᠨ ᠪᠠᠷᠢᠮᠠᠷ ᠪᠠᠢᠨ᠎ᠠ 
ᠤᠶᠠᠬᠠᠨ ᠲᠥᠷᠥᠭᠰᠡᠨ ᠴᠢᠮ᠎ᠠ ᠲᠠᠢ ᠪᠠᠨ 
ᠤᠴᠠᠷᠠᠵᠤ ᠰᠠᠭᠤᠶ᠎ᠠ ᠪᠣᠯᠤᠮᠠᠷ ᠪᠠᠢᠨ᠎ᠠ 

ᠦᠦᠰᠢᠨ ᠬᠤᠰᠢᠭᠤᠨ ᠤ᠋ ᠪᠠᠨ ᠥᠩᠰᠢᠭ ᠨᠤᠲᠤᠭ ᠢ᠋ᠶ᠋ᠠᠷ 
ᠥᠷᠭᠥᠭᠡ ᠭᠡᠷ ᠢ᠋ᠶ᠋ᠡᠨ ᠪᠠᠷᠢᠮᠠᠷ ᠪᠠᠢᠨ᠎ᠠ 
ᠦᠶᠡᠬᠡᠨ ᠲᠥᠷᠥᠭᠰᠡᠨ ᠴᠢᠮ᠎ᠠ ᠲᠠᠢ ᠪᠠᠨ 
ᠦᠨᠡᠷᠬᠡᠵᠦ ᠰᠠᠭᠤᠶ᠎ᠠ ᠪᠣᠯᠤᠮᠠᠷ ᠪᠠᠢᠨ᠎ᠠ 

ᠡᠵᠡᠨ ᠬᠣᠷᠣᠭ᠎ᠠ ᠬᠤᠰᠢᠭᠤᠨ ᠤ᠋ ᠪᠠᠨ ᠡᠩᠭᠡᠷ ᠪᠦᠷᠢᠳᠦ ᠪᠡᠷ
ᠢᠰᠡᠭᠡᠢ ᠭᠡᠷ ᠢ᠋ᠶ᠋ᠡᠨ ᠪᠠᠷᠢᠮᠠᠷ ᠪᠠᠢᠨ᠎ᠠ
ᠢᠷᠦᠭᠡᠯ ᠲᠡᠢ ᠲᠥᠷᠥᠭᠰᠡᠨ ᠴᠢᠮ᠎ᠠ ᠲᠠᠢ ᠪᠠᠨ
ᠢᠯᠪᠢᠵᠦ ᠰᠠᠭᠤᠶ᠎ᠠ ᠪᠣᠯᠤᠮᠠᠷ ᠪᠠᠢᠨ᠎ᠠ

ᠵᠡᠭᠦᠨᠭᠠᠷ ᠬᠤᠰᠢᠭᠤᠨ ᠤ᠋ ᠪᠠᠨ ᠵᠦᠯᠭᠡ ᠴᠠᠢᠳᠠᠮ ᠢ᠋ᠶ᠋ᠠᠷ
ᠵᠦᠢᠷᠡᠢ ᠶ᠋ᠢᠨ ᠭᠡᠷ ᠢ᠋ᠶ᠋ᠡᠨ ᠪᠠᠷᠢᠮᠠᠷ ᠪᠠᠢᠨ᠎ᠠ
ᠵᠢᠰᠦᠷᠬᠡᠭ ᠲᠥᠷᠥᠭᠰᠡᠨ ᠴᠢᠮ᠎ᠠ ᠲᠠᠢ ᠪᠠᠨ
ᠵᠡᠷᠭᠡᠴᠡᠵᠦ ᠰᠠᠭᠤᠶ᠎ᠠ ᠪᠣᠯᠤᠮᠠᠷ ᠪᠠᠢᠨ᠎ᠠ

ᠳᠡᠯᠡᠳ ᠬᠤᠰᠢᠭᠤᠨ ᠤ᠋ ᠪᠠᠨ ᠳᠠᠯᠠᠩ ᠲᠣᠬᠣᠢ ᠪᠠᠷ
ᠳᠠᠪᠬᠤᠷ ᠭᠡᠷ ᠢ᠋ᠶ᠋ᠡᠨ ᠪᠠᠷᠢᠮᠠᠷ ᠪᠠᠢᠨ᠎ᠠ
ᠲᠠᠭᠠᠯᠠᠭᠤᠷᠬᠠᠨ ᠲᠥᠷᠥᠭᠰᠡᠨ ᠴᠢᠮ᠎ᠠ ᠲᠠᠢ ᠪᠠᠨ
ᠲᠣᠭᠯᠠᠵᠤ ᠰᠠᠭᠤᠶ᠎ᠠ ᠪᠣᠯᠤᠮᠠᠷ ᠪᠠᠢᠨ᠎ᠠ

ᠡᠮᠦᠨᠡᠲᠦ ᠣᠲᠣᠭ ᠤ᠋ᠨ ᠠᠭᠤᠳᠠᠮ ᠲᠠᠯ᠎ᠠ ᠪᠠᠷ
ᠡᠪᠯᠢᠭ ᠭᠡᠷ ᠢ᠋ᠶ᠋ᠡᠨ ᠪᠠᠷᠢᠮᠠᠷ ᠪᠠᠢᠨ᠎ᠠ
ᠡᠩᠬᠦᠷᠡᠢ ᠲᠥᠷᠥᠭᠰᠡᠨ ᠴᠢᠮ᠎ᠠ ᠲᠠᠢ ᠪᠠᠨ
ᠡᠷᠬᠡᠯᠡᠵᠦ ᠰᠠᠭᠤᠶ᠎ᠠ ᠪᠣᠯᠤᠮᠠᠷ ᠪᠠᠢᠨ᠎ᠠ

    ᠦᠰᠦᠭ ᠠᠮᠢᠯᠠᠭᠤᠯᠤᠭᠴᠢ᠄ ᠠᠯᠲᠠᠨᠴᠢᠮᠡᠭ
    ᠦᠰᠦᠭ ᠬᠠᠲᠠᠭᠴᠢ᠄ ᠠᠯᠲᠠᠨᠴᠢᠮᠡᠭ
    ᠬᠢᠨᠠᠭᠴᠢ᠄ ᠭᠦᠩᠭᠠᠷ