ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠠᠷᠪᠠᠨ ᠬᠣᠶᠠᠷ᠂ ᠥᠪᠡᠷ ᠡᠴᠡ ᠰᠢᠯᠲᠠᠭᠠᠯᠠᠬᠤ ᠡᠷᠡᠭᠦᠯ ᠠᠬᠤᠢ Эр эмийн ёсон – Д᠂ Болдцэрэн <Нэгдүгээр бүлэг>– Арван хоёр ᠂ Өөрөөс шалтгаалах эрүүл ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠠᠷᠪᠠᠨ ᠬᠣᠶᠠᠷ᠂ ᠥᠪᠡᠷ ᠡᠴᠡ ᠰᠢᠯᠲᠠᠭᠠᠯᠠᠬᠤ ᠡᠷᠡᠭᠦᠯ ᠠᠬᠤᠢ Эр эмийн ёсон – Д᠂ Болдцэрэн <Нэгдүгээр бүлэг>– Арван хоёр ᠂ Өөрөөс шалтгаалах эрүүл

ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠠᠷᠪᠠᠨ ᠬᠣᠶᠠᠷ᠂ ᠥᠪᠡᠷ ᠡᠴᠡ ᠰᠢᠯᠲᠠᠭᠠᠯᠠᠬᠤ ᠡᠷᠡᠭᠦᠯ ᠠᠬᠤᠢ Эр эмийн ёсон – Д᠂ Болдцэрэн <Нэгдүгээр бүлэг>– Арван хоёр ᠂ Өөрөөс шалтгаалах эрүүл

ᠠᠩᠭᠢᠯᠠᠯ:ᠡᠷᠡᠭᠦᠯ ᠡᠩᠬᠡ
2025-08-20

122

ᠠᠷᠪᠠᠨ ᠬᠣᠶᠠᠷ᠂ ᠥᠪᠡᠷ ᠡᠴᠡ ᠰᠢᠯᠲᠠᠭᠠᠯᠠᠬᠤ ᠡᠷᠡᠭᠦᠯ ᠠᠬᠤᠢ


       ᠡᠷᠡᠭᠦᠯ ᠡᠩᠬᠡ ᠶᠠᠪᠤᠬᠤ ᠨᠢᠭᠡ ᠦᠨᠳᠦᠰᠦ ᠨᠢ ᠪᠡᠯᠭᠡ ᠡᠷᠬᠡᠲᠡᠨ ᠦ᠌ ᠠᠷᠢᠭᠤᠨ ᠴᠡᠪᠡᠷ ᠢ᠋ ᠰᠠᠢᠲᠤᠷ ᠰᠠᠬᠢᠬᠤ ᠶᠠᠪᠤᠳᠠᠯ ᠪᠥᠭᠡᠳ ᠡᠨᠡ ᠨᠢ ᠬᠥᠮᠦᠨ ᠦ᠌ ᠬᠤᠪᠢ ᠶ᠋ᠢᠨ ᠠᠷᠢᠭᠤᠨ ᠴᠡᠪᠡᠷ ᠦ᠋ᠨ ᠨᠢᠭᠡ ᠰᠠᠯᠤᠰᠢ ᠦᠭᠡᠢ ᠬᠡᠰᠡᠭ ᠪᠢᠯᠡ᠃ ᠰᠣᠶᠣᠯ ᠲᠠᠢ ᠬᠥᠮᠦᠨ ᠪᠣᠯ ᠭᠠᠳᠠᠨ᠎ᠠ ᠪᠡᠯᠭᠡ ᠡᠷᠬᠡᠲᠡᠨ ᠢ᠋ᠶ᠋ᠡᠨ ᠡᠳᠦᠷ ᠪᠣᠯᠭᠠᠨ ᠤᠬᠢᠶᠠᠵᠤ ᠴᠡᠪᠡᠷᠯᠡᠵᠦ ᠪᠠᠢᠬᠤ ᠶᠣᠰᠣᠲᠠᠢ᠃ ᠬᠠᠷᠢᠨ ᠳᠣᠲᠣᠷ᠎ᠠ ᠪᠡᠯᠭᠡ ᠡᠷᠬᠡᠲᠡᠨ ᠦ᠌ ᠲᠤᠬᠠᠢ ᠳ᠋ᠤ᠌ ᠪᠣᠯ ᠲᠡᠭᠦᠨ ᠢ᠋ ᠪᠠᠢᠭᠠᠯᠢ ᠡᠬᠡ ᠥᠪᠡᠷ ᠢ᠋ᠶ᠋ᠡᠨ ᠴᠡᠪᠡᠷᠯᠡᠵᠦ ᠪᠠᠢᠳᠠᠭ ᠨᠢ ᠭᠠᠢᠬᠠᠯᠲᠠᠢ᠃ ᠡᠷᠡᠭᠦᠯ ᠰᠠᠷᠠᠭᠤᠯ ᠬᠥᠮᠦᠨ ᠰᠢᠭᠡᠰᠦᠨ ᠦ᠌ ᠰᠦᠪᠡ ᠪᠡᠨ ᠴᠦ᠍ ᠶᠤᠮ ᠤᠤ᠂ ᠡᠰᠡᠪᠡᠯ ᠠᠯᠢ ᠨᠢᠭᠡ ᠳᠣᠲᠣᠷ᠎ᠠ ᠪᠡᠯᠭᠡ ᠡᠷᠬᠡᠲᠡᠨ ᠢ᠋ᠶ᠋ᠡᠨ ᠬᠡᠵᠢᠶ᠎ᠡ ᠴᠦ᠍ ᠤᠬᠢᠶᠠᠬᠤ ᠦᠭᠡᠢ ᠪᠥᠭᠡᠳ ᠡᠢᠮᠦ ᠬᠠᠴᠢᠨ ᠪᠣᠳᠣᠯ ᠮᠡᠳᠡᠭᠡᠵᠢ ᠪᠡᠷ ᠬᠡᠨ ᠦ᠌ ᠴᠦ᠍ ᠲᠣᠯᠣᠭᠠᠢ ᠳ᠋ᠤ᠌ ᠣᠷᠣᠬᠤ ᠦᠭᠡᠢ ᠨᠢ ᠣᠢᠯᠭᠠᠮᠵᠢᠲᠠᠢ᠃ ᠬᠡᠷᠪᠡ ᠡᠮᠡᠭᠲᠡᠢᠴᠦᠳ ᠦ᠋ᠨ ᠡᠮᠴᠢ ᠯᠡ ᠶᠠᠮᠠᠷ ᠨᠢᠭᠡᠨ ᠰᠢᠯᠲᠠᠭᠠᠨ ᠤ᠋ ᠤᠯᠠᠮ ᠠ᠋ᠴᠠ ᠤᠭ ᠡᠮᠡᠭᠲᠡᠢ ᠳ᠋ᠦ᠍ ᠬᠡᠳᠦᠨ ᠤᠳᠠᠭ᠎ᠠ ᠤᠬᠢᠶᠠᠯᠭ᠎ᠠ ᠬᠢᠯᠭᠡᠬᠦ ᠶ᠋ᠢ ᠵᠥᠪᠯᠡᠬᠦ ᠦᠭᠡᠢ ᠯᠡ ᠪᠣᠯ ᠦᠳᠦᠷᠢᠶᠡᠨ ᠳ᠋ᠡᠭᠡᠨ ᠶᠡᠷᠦ ᠡᠴᠡ ᠬᠦᠷᠬᠦ ᠬᠡᠷᠡᠭ ᠦᠭᠡᠢ᠃ ᠦᠲᠦᠷᠢᠶᠡᠨ ᠳ᠋ᠦ᠍ ᠰᠦᠨ ᠦ᠌ ᠬᠦᠴᠢᠯ ᠪᠦᠬᠦᠢ ᠰᠦᠯᠡᠩ ᠴᠠᠢᠪᠤᠷ ᠥᠩᠭᠡ ᠲᠡᠢ᠂ ᠥᠪᠡᠷᠮᠢᠴᠡ ᠦᠨᠦᠷᠲᠡᠢ᠂ ᠢᠯᠭᠠᠳᠠᠰᠤ ᠢᠮᠠᠭᠲᠠ ᠪᠠᠢᠳᠠᠭ ᠤᠴᠢᠷ ᠬᠦᠴᠦᠯᠢᠭ ᠣᠷᠴᠢᠨ ᠲᠠᠢ ᠪᠠᠢᠳᠠᠭ᠃ ᠡᠮᠡᠭᠲᠡᠢ ᠶ᠋ᠢᠨ ᠪᠡᠯᠭᠡ ᠡᠷᠬᠡᠲᠡᠨ ᠡᠴᠡ ᠭᠠᠷᠬᠤ ᠡᠨᠡᠬᠦ ᠴᠠᠢᠪᠤᠷ ᠢᠯᠭᠠᠳᠠᠰᠤ ᠨᠢ ᠲᠡᠭᠦᠨ ᠦ᠌ ᠭᠠᠳᠠᠨ᠎ᠠ ᠠ᠋ᠴᠠ ᠨᠡᠪᠲᠡᠷᠡᠨ ᠣᠷᠣᠭᠰᠠᠨ ᠡᠪᠡᠳᠴᠢᠨ ᠡᠭᠦᠰᠬᠡᠭᠴᠢ ᠨᠢᠶᠠᠨ ᠪᠠᠷᠢᠵᠤ ᠠᠪᠤᠭᠠᠳ ᠤᠰᠠᠳᠬᠠᠬᠤ ᠴᠢᠳᠠᠪᠤᠷᠢᠲᠠᠢ᠂《ᠠᠰᠢᠭᠲᠠᠢ》 ᠨᠢᠶᠠᠨ ᠢ᠋ ᠠᠭᠤᠯᠳᠠᠭ ᠤᠴᠢᠷ ᠠ᠋ᠴᠠ ᠡᠮᠡᠭᠲᠡᠢᠴᠦᠳ ᠦ᠋ᠨ ᠡᠪᠡᠳᠴᠢᠨ ᠡᠴᠡ ᠰᠡᠷᠭᠡᠢᠯᠡᠭᠴᠢ《ᠴᠠᠭᠳᠠᠭ᠎ᠠ》 ᠨᠢ ᠪᠡᠯᠭᠡ ᠡᠷᠬᠡᠲᠡᠨ ᠢ᠋ ᠠᠷᠢᠭᠤᠳᠬᠠᠭᠴᠢ《ᠴᠡᠪᠡᠷᠯᠡᠭᠴᠢ》 ᠨᠢ ᠪᠣᠯᠠᠢ᠃ ᠬᠥᠮᠦᠨ ᠦ᠌ ᠳᠣᠲᠣᠷ᠎ᠠ ᠪᠡᠯᠭᠡ ᠡᠷᠬᠡᠲᠡᠨ ᠨᠢ ᠡᠢᠮᠦᠷᠬᠦ ᠵᠠᠮ ᠢ᠋ᠶ᠋ᠠᠷ ᠥᠪᠡᠷ ᠢ᠋ᠶ᠋ᠡᠨ ᠠᠶᠠᠨᠳᠠᠭᠠᠨ《ᠠᠷᠢᠭᠤᠰᠴᠤ》᠂ ᠴᠡᠪᠡᠷᠯᠡᠭᠳᠡᠵᠦ ᠪᠠᠢᠳᠠᠭ ᠪᠣᠯᠬᠣᠷ ᠣᠨᠴᠠ ᠶ᠋ᠢᠨ ᠱᠠᠭᠠᠷᠳᠠᠯᠭ᠎ᠠ ᠥᠬᠡᠢ ᠪᠡᠷ ᠤᠬᠢᠶᠠᠯᠭ᠎ᠠ ᠬᠢᠭᠡᠳ ᠪᠠᠢᠬᠤ ᠬᠡᠷᠡᠭ ᠦᠭᠡᠢ᠃ ᠬᠠᠷᠢᠨ ᠭᠠᠳᠠᠨ᠎ᠠ ᠪᠡᠯᠭᠡ ᠡᠷᠬᠡᠲᠡᠨ ᠨᠢ ᠠᠮᠠᠷᠬᠠᠨ ᠪᠣᠬᠢᠷᠳᠠᠬᠤ ᠣᠷᠴᠢᠨ ᠳ᠋ᠤ᠌ ᠪᠠᠢᠷᠢᠯᠠᠳᠠᠭ ᠤᠴᠢᠷ ᠠ᠋ᠴᠠ ᠡᠳᠦᠷ ᠳᠣᠳᠣᠮ ᠤᠬᠢᠶᠠᠵᠤ ᠴᠡᠪᠡᠷᠯᠡᠵᠦ ᠪᠠᠢᠬᠤ ᠶ᠋ᠢ ᠱᠠᠭᠠᠷᠳᠠᠨ᠎ᠠ᠃ ᠳᠡᠮᠡᠢ ᠡᠮᠡᠭᠲᠡᠢ ᠬᠥᠮᠦᠨ ᠳ᠋ᠦ᠍ ᠡᠨᠡ ᠱᠠᠭᠠᠷᠳᠠᠯᠭ᠎ᠠ ᠪᠦᠷ ᠴᠦ᠍ ᠥᠨᠳᠥᠷ ᠲᠠᠯᠪᠢᠭᠳᠠᠨ᠎ᠠ᠃ ᠡᠨᠡ ᠨᠢ ᠬᠡᠳᠦ ᠬᠡᠳᠦᠨ ᠤᠴᠢᠷ ᠰᠢᠯᠲᠠᠭᠠᠨ ᠲᠠᠢ᠃ ᠲᠤᠬᠠᠢᠯᠠᠪᠠᠯ᠂ ᠡᠮᠡᠭᠲᠡᠢ ᠶ᠋ᠢᠨ ᠭᠠᠳᠠᠨ᠎ᠠ ᠪᠡᠯᠭᠡ ᠡᠷᠬᠡᠲᠡᠨ ᠨᠢ ᠥᠪᠡᠷ ᠦ᠋ᠨ ᠪᠦᠲᠦᠴᠡ ᠶ᠋ᠢᠨ ᠬᠤᠪᠢ ᠳ᠋ᠤ᠌ ᠡᠷᠡᠭᠲᠡᠢ ᠬᠥᠮᠦᠨ ᠢ᠋ ᠪᠣᠳᠣᠪᠠᠯ ᠪᠣᠬᠢᠷ ᠤ᠋ᠨ ᠰᠦᠪᠡ ᠨᠦ᠍ᠭᠦᠳ ᠲᠡᠢ( ᠰᠢᠭᠡᠰᠦᠨ ᠦ᠌᠂ ᠥᠳᠥᠭᠡᠨ ᠦ᠌) ᠶᠡᠬᠡ ᠣᠢᠷᠠᠬᠠᠨ ᠪᠠᠢᠷᠢᠯᠠᠳᠠᠭ᠃ ᠲᠤᠬᠠᠢᠯᠠᠪᠠᠯ᠂ ᠡᠮᠡᠭᠲᠡᠢ ᠶ᠋ᠢᠨ ᠬᠤᠷᠢᠴᠠᠯ ᠤ᠋ᠨ ᠡᠷᠬᠡᠲᠡᠨ— ᠦᠲᠦᠷᠢᠶᠡᠨ ᠦ᠌ ᠠᠮᠠᠰᠠᠷ᠂ ᠥᠳᠥᠭᠡᠨ ᠦ᠌ ᠰᠦᠪᠡ ᠬᠣᠭᠣᠷᠣᠨᠳᠣ ᠪᠠᠨ ᠨᠢᠭᠡᠬᠡᠨ ᠬᠤᠷᠤᠭᠤ ᠵᠠᠢᠲᠠᠢ ᠪᠠᠢᠳᠠᠭ᠃ ᠡᠢᠮᠦ ᠳ᠋ᠦ᠍ ᠪᠡᠶ᠎ᠡ ᠵᠠᠰᠠᠭᠰᠠᠨ ᠤ᠋ ᠳᠠᠷᠠᠭ᠎ᠠ ᠪᠡᠯᠭᠡ ᠡᠷᠬᠡᠲᠡᠨ ᠢ᠋ᠶ᠋ᠡᠨ ᠵᠠᠪᠠᠯ ᠤᠬᠢᠶᠠᠵᠤ ᠪᠠᠢᠬᠤ ᠶᠣᠰᠣᠲᠠᠢ᠃ ᠪᠡᠯᠭᠡ ᠡᠷᠬᠡᠲᠡᠨ ᠢ᠋ᠶ᠋ᠡᠨ ᠤᠬᠢᠶᠠᠬᠤ ᠶ᠋ᠢᠨ ᠡᠮᠦᠨ᠎ᠡ ᠪᠠ ᠳᠠᠷᠠᠭ᠎ᠠ ᠨᠢ ᠭᠠᠷ ᠢ᠋ᠶ᠋ᠠᠨ ᠰᠠᠪᠤᠩᠳᠠᠵᠤ ᠰᠠᠢᠲᠤᠷ ᠤᠬᠢᠶᠠᠬᠤ ᠬᠡᠷᠡᠭᠲᠡᠢ᠃ ᠲᠣᠬᠢᠯᠢᠭ ᠣᠷᠣᠨ ᠰᠠᠭᠤᠴᠠ ᠳ᠋ᠤ᠌ ᠠᠮᠢᠳᠤᠷᠠᠳᠠᠭ ᠪᠣᠯ ᠤᠬᠢᠶᠠᠯᠭ᠎ᠠ ᠬᠢᠬᠦ ᠳ᠋ᠦ᠍ ᠶᠠᠳᠠᠬᠤ ᠴᠥᠬᠥᠬᠦ ᠶᠠᠭᠤᠮ᠎ᠠ ᠠᠯᠠᠭ᠎ᠠ᠃ ᠭᠡᠪᠡᠴᠦ ᠵᠠᠷᠢᠮ ᠬᠥᠮᠦᠨ ᠵᠥᠭᠡᠭᠡᠪᠦᠷᠢ ᠶ᠋ᠢᠨ ᠤᠰᠤ ᠬᠡᠷᠡᠭᠯᠡᠳᠡᠭ ᠭᠡᠷ ᠦ᠋ᠨ ᠨᠥᠬᠥᠴᠡᠯ ᠳ᠋ᠦ᠍ ᠤᠬᠢᠶᠠᠯᠭ᠎ᠠ ᠬᠢᠬᠦ ᠪᠣᠯᠤᠮᠵᠢ ᠠᠯᠠᠭ᠎ᠠ᠃ ᠬᠠᠵᠠᠭᠤ ᠳ᠋ᠤ᠌ ᠬᠡᠦᠬᠡᠳ ᠰᠢᠤᠬᠠᠳ ᠶᠠᠭᠠᠬᠢᠵᠤ ᠤᠬᠢᠶᠠᠭᠠᠳ ᠰᠠᠭᠤᠵᠤ ᠪᠠᠢᠬᠤ ᠪᠣᠢ? ᠭᠡᠵᠦ ᠠᠰᠠᠭᠤᠬᠤ ᠨᠢ ᠴᠥᠭᠡᠨ ᠦᠭᠡᠢ ᠭᠠᠷᠳᠠᠭ᠃ ᠡᠨᠡ ᠪᠣᠯ ᠪᠡᠷᠬᠡᠰᠢᠶᠡᠯ ᠣᠭᠲᠣ ᠪᠢᠰᠢ ᠠ᠋᠃ ᠮᠠᠨ ᠤ᠋ ᠺᠠᠽᠠᠭ ᠶᠠᠰᠤᠲᠠᠨ ᠨᠤᠭᠤᠳ ᠴᠦ᠍ ᠪᠠᠰᠠ ᠭᠡᠷ ᠲᠦ᠍ ᠠᠮᠢᠳᠤᠷᠠᠵᠠᠭᠠᠳᠠᠭ᠃ ᠭᠡᠯ᠎ᠡ ᠴᠦ᠍ ᠭᠡᠰᠡᠨ ᠲᠡᠳᠡᠨᠡᠷ ᠪᠣᠯᠤᠭᠠᠳ ᠪᠠᠢᠬᠤ ᠳ᠋ᠤ᠌ ᠪᠢᠳᠡ ᠶᠠᠭᠠᠬᠢᠭᠠᠳ ᠲᠡᠭᠦᠨ ᠡᠴᠡ ᠰᠤᠷᠤᠯᠴᠠᠵᠤ ᠪᠣᠯᠳᠠᠭ ᠦᠭᠡᠢ ᠪᠢᠯᠡ! ᠺᠠᠽᠠᠭ ᠡᠮᠡᠭᠲᠡᠢ ᠬᠥᠮᠦᠨ ᠥᠷᠯᠥᠭᠡ ᠪᠦᠷᠢ ᠳᠠᠩᠬᠤ ᠲᠠᠢ ᠤᠰᠤ᠂ ᠲᠦᠮᠫᠡᠨ ᠰᠠᠪᠠ᠂ ᠠᠯᠴᠢᠭᠤᠷ ᠰᠠᠪᠤᠩ ᠪᠠᠷᠢᠭᠠᠳ ᠭᠠᠷᠳᠠᠭ᠃ ᠣᠷᠣᠢ ᠴᠢᠳᠧᠩ ᠤᠨᠲᠠᠷᠠᠭᠰᠠᠨ ᠤ᠋ ᠳᠠᠷᠠᠭ᠎ᠠ ᠪᠠᠰᠠ ᠲᠦᠮᠫᠡᠨ ᠰᠠᠪᠠ ᠬᠠᠷᠴᠢᠭᠢᠨᠠᠵᠤ ᠡᠬᠢᠯᠡᠳᠡᠭ᠃ ᠢᠩᠭᠢᠭᠡᠳ ᠯᠡ ᠲᠡᠳᠡ ᠪᠡᠯᠭᠡ ᠡᠷᠬᠡᠲᠡᠨ ᠦ᠌ ᠠᠷᠢᠭᠤᠨ ᠴᠡᠪᠡᠷ ᠢ᠋ᠶ᠋ᠡᠨ ᠴᠢᠩᠳᠠ ᠰᠠᠬᠢᠳᠠᠭ ᠰᠠᠢᠬᠠᠨ ᠤᠯᠠᠮᠵᠢᠯᠠᠯ ᠲᠠᠢ᠃ ᠡᠭᠦᠨ ᠦ᠌ ᠠᠴᠢ ᠲᠤᠰᠠ ᠪᠠᠷ ᠺᠠᠽᠠᠭ ᠡᠮᠡᠭᠲᠡᠢᠴᠦᠳ ᠦ᠋ᠨ ᠳᠣᠲᠣᠷ᠎ᠠ ᠪᠡᠯᠭᠡ ᠡᠷᠬᠡᠲᠡᠨ ᠦ᠌ ᠦᠷᠪᠢᠰᠦᠯᠲᠦ ᠡᠪᠡᠳᠴᠢᠨ᠂ ᠬᠣᠣᠷᠲᠤ ᠬᠠᠪᠤᠳᠠᠷ ᠵᠡᠷᠭᠡ ᠡᠪᠡᠳᠴᠢᠨ ᠬᠠᠷᠢᠴᠠᠩᠭᠤᠢ ᠪᠠᠭ᠎ᠠ ᠪᠠᠢᠳᠠᠭ ᠰᠢᠦ ᠳᠡ᠃  
       ᠵᠠᠷᠢᠮ ᠡᠷᠡᠴᠦᠳ ᠪᠡᠯᠭᠡ ᠡᠷᠬᠡᠲᠡᠨ ᠦ᠌ ᠠᠷᠢᠭᠤᠨ ᠴᠡᠪᠡᠷ ᠢ᠋ ᠵᠥᠪᠬᠡᠨ ᠡᠮᠡᠭᠲᠡᠢ ᠬᠥᠮᠦᠨ ᠯᠡ ᠰᠠᠬᠢᠬᠤ ᠶᠣᠰᠣᠲᠠᠢ ᠶᠤᠮ ᠰᠢᠭ᠋ ᠪᠣᠳᠣᠳᠠᠭ᠃ ᠡᠨᠡ ᠪᠣᠯ ᠲᠤᠢᠯ ᠤ᠋ᠨ ᠪᠤᠷᠤᠭᠤ᠃ ᠪᠡᠯᠭᠡ ᠶ᠋ᠢᠨ ᠠᠷᠢᠭᠤᠨ ᠴᠡᠪᠡᠷ ᠪᠣᠯ ᠡᠷᠡᠭᠲᠡᠢ ᠬᠥᠮᠦᠨ ᠳ᠋ᠦ᠍ ᠴᠦ᠍ ᠮᠥᠨ ᠠᠳᠠᠯᠢᠬᠠᠨ ᠬᠠᠮᠢᠶ᠎ᠠ ᠲᠠᠢ᠃ ᠡᠷ᠎ᠡ ᠪᠡᠯᠭᠡ ᠡᠷᠬᠡᠲᠡᠨ᠂ ᠢᠯᠠᠩᠭᠤᠶ᠎ᠠ ᠲᠡᠭᠡᠷᠬᠡᠢ ᠶ᠋ᠢᠨ ᠠᠷᠤ ᠬᠣᠩᠭᠢᠯ ᠳ᠋ᠤ᠌ ᠶᠡᠬᠡ ᠬᠡᠮᠵᠢᠶᠡᠨ ᠦ᠌ ᠲᠣᠰᠣᠨ ᠤ᠋ ᠪᠤᠯᠴᠢᠷᠬᠠᠢ ᠪᠠᠢᠳᠠᠭ ᠠ᠋ᠴᠠ ᠪᠠᠢᠩᠭᠤ ᠲᠣᠰᠣᠯᠢᠭ ᠥᠩᠭᠥᠷ ᠲᠡᠢ ᠪᠠᠢᠳᠠᠭ᠃ ᠡᠨᠡᠬᠦ ᠲᠣᠰᠣᠯᠢᠭ ᠥᠩᠭᠥᠷ ᠨᠢ ᠬᠣᠣᠷᠲᠤ ᠬᠠᠪᠤᠳᠠᠷ ᠡᠭᠦᠰᠬᠡᠳᠡᠭ ᠪᠣᠳᠠᠰ ᠠᠭᠤᠯᠳᠠᠭ ᠪᠣᠯᠬᠤ ᠶ᠋ᠢ ᠡᠷᠳᠡᠮᠲᠡᠳ ᠡᠮᠨᠡᠯ ᠵᠦᠢ ᠶ᠋ᠢᠨ ᠬᠤᠪᠢ ᠳ᠋ᠤ᠌ ᠲᠡᠳᠦᠢ ᠦᠭᠡᠢ ᠠᠮᠢᠲᠠᠨ ᠳᠡᠭᠡᠷ᠎ᠡ ᠬᠢᠭᠰᠡᠨ ᠲᠤᠷᠰᠢᠯᠭ᠎ᠠ ᠪᠠᠷ ᠨᠤᠲᠠᠯᠠᠭᠰᠠᠨ ᠶᠤᠮ᠃ ᠡᠢᠮᠦ ᠳ᠋ᠦ᠍ ᠡᠷᠡᠭᠲᠡᠢ ᠬᠥᠮᠦᠨ ᠬᠤᠷᠢᠴᠠᠯ ᠠ᠋ᠴᠠ ᠡᠮᠦᠨ᠎ᠡ ᠪᠡᠯᠭᠡ ᠡᠷᠬᠡᠲᠡᠨ ᠢ᠋ᠶ᠋ᠡᠨ ᠰᠠᠢᠲᠤᠷ ᠰᠠᠪᠤᠩᠳᠠᠵᠤ ᠤᠬᠢᠶᠠᠬᠤ ᠦᠭᠡᠢ ᠪᠣᠯ ᠬᠣᠣᠷᠲᠤ ᠬᠠᠪᠤᠳᠠᠷ ᠡᠭᠦᠰᠬᠡᠳᠡᠭ ᠪᠣᠳᠠᠰ ᠠᠭᠤᠯᠤᠭᠰᠠᠨ ᠡᠯ᠎ᠡ ᠲᠣᠰᠣᠯᠢᠭ ᠥᠩᠭᠥᠷ ᠨᠢ ᠡᠮᠡᠭᠲᠡᠢ ᠬᠥᠮᠦᠨ ᠦ᠌ ᠪᠡᠯᠭᠡ ᠡᠷᠬᠡᠲᠡᠨ ᠳ᠋ᠦ᠍ ᠨᠠᠭᠠᠯᠳᠤᠵᠤ ᠬᠣᠴᠣᠷᠤᠨ᠎ᠠ ᠭᠡᠰᠡᠨ ᠦᠭᠡ᠃ ᠡᠭᠦᠨ ᠡᠴᠡ ᠡᠭᠦᠳᠦᠭᠡᠳ ᠤᠮᠠᠢ ᠶ᠋ᠢᠨ ᠬᠦᠵᠦᠭᠦᠨ ᠦ᠌ ᠬᠣᠣᠷᠲᠤ ᠬᠠᠪᠤᠳᠠᠷ ᠢ᠋ᠶ᠋ᠠᠷ ᠡᠪᠡᠳᠴᠢᠯᠡᠬᠦ ᠨᠢ ᠶᠡᠬᠡ ᠪᠠᠢᠬᠤ ᠲᠠᠯ᠎ᠠ ᠶ᠋ᠢ ᠡᠷᠳᠡᠮᠲᠡᠨ ᠮᠡᠷᠭᠡᠳ ᠲᠡᠮᠳᠡᠭᠯᠡᠵᠦ ᠪᠠᠢᠨ᠎ᠠ᠃ ᠯᠠᠯᠤ ᠶ᠋ᠢᠨ ᠪᠣᠯᠤᠨ ᠾᠷᠢᠰᠲ᠋ᠣᠰ ᠤ᠋ᠨ ᠱᠠᠰᠢᠨᠲᠠᠨ ᠨᠠᠷ ᠲᠤᠬᠠᠢᠯᠠᠪᠠᠯ᠂ ᠮᠠᠨ ᠤ᠋ ᠺᠠᠽᠠᠭ ᠶᠠᠰᠤᠲᠠᠨ ᠳ᠋ᠤ᠌ ᠡᠷᠡᠭᠲᠡᠢ ᠬᠡᠦᠬᠡᠳ ᠲᠦ᠍ ᠲᠡᠭᠡᠷᠬᠡᠢ ᠶ᠋ᠢᠨ ᠳᠣᠣᠷᠠᠲᠤ ᠲᠠᠯ᠎ᠠ ᠶ᠋ᠢᠨ ᠬᠣᠯᠪᠣᠭᠠᠰᠤ ᠬᠥᠪᠴᠢ ᠶ᠋ᠢ ᠪᠠᠭ᠎ᠠ ᠳ᠋ᠤᠨᠢ ᠣᠭᠲᠣᠯᠵᠤ ᠲᠠᠰᠤᠯᠬᠤ ᠶᠣᠰᠣ ᠦᠢᠯᠡᠳᠳᠡᠭ᠃ ᠡᠨᠡ ᠨᠢ ᠲᠡᠭᠡᠷᠬᠡᠢ ᠶ᠋ᠢᠨ ᠠᠷᠤ ᠳ᠋ᠤ᠌ ᠰᠢᠮᠠᠷᠬᠠᠢ ᠶ᠋ᠢᠨ ᠳᠣᠣᠷ᠎ᠠ ᠲᠣᠰᠣᠯᠢᠭ ᠥᠩᠭᠥᠷ ᠬᠤᠷᠠᠮᠳᠤᠬᠤ ᠠ᠋ᠴᠠ ᠰᠡᠷᠭᠡᠢᠯᠡᠬᠦ ᠵᠣᠷᠢᠯᠭ᠎ᠠ ᠲᠠᠢ ᠠᠵᠠᠢ᠃ ᠭᠡᠪᠡᠴᠦ ᠡᠨᠡ ᠪᠣᠯ ᠤᠮᠠᠢ ᠶ᠋ᠢᠨ ᠬᠥᠨᠳᠡᠢ ᠶ᠋ᠢᠨ ᠬᠣᠣᠷᠲᠤ ᠬᠠᠪᠤᠳᠠᠷ ᠠ᠋ᠴᠠ ᠤᠷᠢᠳᠴᠢᠯᠠᠨ ᠰᠡᠷᠭᠡᠢᠯᠡᠬᠦ ᠵᠣᠷᠢᠯᠭ᠎ᠠ ᠪᠠᠷ ᠬᠥᠪᠴᠢ ᠶ᠋ᠢ ᠣᠭᠲᠣᠯᠬᠤ ᠶᠣᠰᠣ ᠶ᠋ᠢ ᠬᠠᠮᠢᠭ᠎ᠠ ᠰᠠᠢ ᠦᠭᠡᠢ ᠳᠡᠯᠭᠡᠷᠡᠭᠦᠯ ᠭᠡᠰᠡᠨ ᠦᠭᠡ ᠣᠭᠲᠣᠬᠠᠨ ᠴᠦ᠍ ᠪᠢᠰᠢ ᠠ᠋᠃ ᠬᠠᠷᠢᠨ《ᠢᠩᠭᠢᠭᠡ ᠦᠭᠡᠢ》 ᠴᠦ᠍ ᠭᠡᠰᠡᠨ ᠪᠡᠯᠭᠡ ᠡᠷᠬᠡᠲᠡᠨ ᠢ᠋ᠶ᠋ᠡᠨ ᠡᠳᠦᠷ ᠪᠣᠯᠭᠠᠨ ᠰᠠᠪᠤᠩᠳᠠᠵᠤ ᠤᠬᠢᠶᠠᠭᠠᠳ ᠪᠠᠢᠪᠠᠯ ᠡᠭᠦᠨ ᠡᠴᠡ ᠳᠤᠲᠠᠬᠤ ᠦᠭᠡᠢ ᠠᠴᠢ ᠬᠣᠯᠪᠣᠭᠳᠠᠯ ᠲᠠᠢ ᠭᠡᠰᠡᠨ ᠦᠭᠡ᠃ ᠡᠮᠡᠭᠲᠡᠢ ᠬᠥᠮᠦᠨ ᠴᠦ᠍ ᠡᠷ᠎ᠡ ᠨᠥᠬᠥᠷ ᠢ᠋ᠶ᠋ᠡᠨ ᠢᠩᠭᠢᠵᠦ ᠤᠬᠢᠶᠠᠵᠤ ᠰᠤᠷᠭᠠᠬᠤ ᠱᠠᠭᠠᠷᠳᠠᠯᠭ᠎ᠠ ᠲᠠᠢ᠃ ᠤᠬᠢᠶᠠᠬᠤ ᠠ᠋ᠴᠠ ᠨᠡᠰᠢ ᠣᠢᠷᠠᠳᠬᠤ ᠶ᠋ᠢ ᠵᠥᠪᠰᠢᠶᠡᠷᠡᠬᠦ ᠦᠭᠡᠢ ᠪᠠᠢᠬᠤ ᠬᠡᠷᠡᠭᠲᠡᠢ᠃ ᠬᠡᠨ ᠴᠦ᠍ ᠡᠷᠡᠭᠦᠯ ᠮᠡᠨᠳᠦ ᠪᠡᠨ ᠰᠦᠢᠳᠬᠡᠬᠦ ᠶ᠋ᠢ ᠬᠦᠰᠡᠳᠡᠭ ᠦᠭᠡᠢ ᠰᠢᠦ! ᠮᠠᠨ ᠤ᠋ ᠰᠤᠳᠤᠯᠤᠭᠴᠢᠳ ᠤ᠋ᠨ ᠲᠣᠭᠲᠠᠭᠠᠭᠰᠠᠨ ᠢ᠋ᠶ᠋ᠠᠷ᠂ ᠤᠮᠠᠢ ᠶ᠋ᠢᠨ ᠬᠦᠵᠦᠭᠦᠨ ᠦ᠌ ᠡᠮᠦᠨ᠎ᠡ ᠨᠢ ᠡᠮᠡᠭᠲᠡᠢᠴᠦᠳ ᠦ᠋ᠨ ᠪᠡᠯᠭᠡ ᠡᠷᠬᠡᠲᠡᠨ ᠦ᠌ ᠪᠦᠬᠦ ᠬᠣᠣᠷᠲᠤ ᠬᠠᠪᠤᠳᠠᠷ ᠤ᠋ᠨ ᠳᠣᠲᠣᠷ᠎ᠠ ᠲᠡᠷᠢᠭᠦᠨ ᠪᠠᠢᠷᠢ ᠶ᠋ᠢ(78.3%) ᠡᠵᠡᠯᠡᠵᠦ ᠪᠠᠢᠨ᠎ᠠ᠃ ᠡᠪᠡᠳᠴᠢᠯᠡᠯ ᠦ᠋ᠨ ᠬᠠᠮᠤᠭ ᠥᠨᠳᠥᠷ ᠦᠵᠡᠭᠦᠯᠦᠯᠲᠡ ᠭᠣᠪᠢ ᠶ᠋ᠢᠨ ᠪᠦᠰᠡ ᠳ᠋ᠦ᠍᠂ ᠬᠠᠮᠤᠭ ᠤ᠋ᠨ ᠨᠠᠮ ᠨᠢ ᠪᠠᠷᠠᠭᠤᠨ ᠵᠦᠭ ᠦ᠋ᠨ ᠠᠢᠮᠠᠭ ᠤ᠋ᠳ ᠲᠤ᠌ ᠪᠠᠢᠭ᠎ᠠ ᠠᠵᠠᠢ᠃ ᠡᠨᠡ ᠨᠢ ᠡᠮᠡᠭᠲᠡᠢᠴᠦᠳ ᠦ᠋ᠨ ᠪᠡᠯᠭᠡ ᠡᠷᠬᠡᠲᠡᠨ ᠦ᠌ ᠶᠠᠩᠵᠤ ᠪᠦᠷᠢ ᠶ᠋ᠢᠨ ᠡᠪᠡᠳᠴᠢᠨ ᠡᠮᠭᠡᠭ᠂ ᠠᠷᠢᠭᠤᠨ ᠴᠡᠪᠡᠷ ᠲᠡᠢ ᠬᠣᠯᠪᠣᠭ᠎ᠠ ᠲᠠᠢ᠃ ᠲᠤᠬᠠᠢᠯᠠᠪᠠᠯ᠂ ᠤᠮᠠᠢ ᠶ᠋ᠢᠨ ᠬᠦᠵᠦᠭᠦᠨ ᠦ᠌ ᠰᠢᠷᠬᠠᠯᠠᠭ᠎ᠠ ᠯᠠ ᠭᠡᠬᠦ ᠳ᠋ᠦ᠍ ᠭᠣᠪᠢ ᠶ᠋ᠢᠨ ᠪᠦᠰᠡ ᠳ᠋ᠦ᠍᠂ ᠪᠠᠷᠠᠭᠤᠨ ᠵᠦᠭ ᠦ᠋ᠨ ᠠᠢᠮᠠᠭ ᠤ᠋ᠳ ᠠ᠋ᠴᠠ6.5% ᠪᠠᠷ ᠢᠯᠡᠭᠦᠦ ᠲᠣᠬᠢᠶᠠᠯᠳᠤᠵᠤ ᠪᠠᠢᠨ᠎ᠠ᠃ ᠤᠮᠠᠢ ᠶ᠋ᠢᠨ ᠬᠦᠵᠦᠭᠦᠨ ᠦ᠌ ᠬᠣᠣᠷᠲᠤ ᠬᠠᠪᠤᠳᠠᠷ ᠲᠠᠢ ᠡᠪᠡᠳᠴᠢᠲᠡᠨ ᠦ᠌ ᠨᠠᠰᠤ ᠬᠥᠳᠡᠭᠡ ᠶ᠋ᠢᠨ ᠡᠮᠡᠭᠲᠡᠢᠴᠦᠳ ᠲᠦ᠍ ᠬᠣᠲᠠ ᠶ᠋ᠢᠨ ᠬᠢ ᠡᠴᠡ ᠨᠡᠯᠢᠶᠡᠳ ᠵᠠᠯᠠᠭᠤ ᠪᠠᠢᠨ᠎ᠠ᠃ ᠬᠡᠪᠯᠡᠯ ᠦ᠋ᠨ ᠮᠡᠳᠡᠭᠡᠨ ᠡᠴᠡ ᠦᠵᠡᠬᠦ ᠳ᠋ᠦ᠍᠂ ᠤᠮᠠᠢ ᠶ᠋ᠢᠨ ᠬᠦᠵᠦᠭᠦᠨ ᠦ᠌ ᠬᠣᠣᠷᠲᠤ ᠬᠠᠪᠤᠳᠠᠷ ᠡᠭᠦᠰᠬᠡᠬᠦ ᠳ᠋ᠦ᠍ ᠪᠡᠯᠭᠡ ᠶ᠋ᠢᠨ ᠠᠷᠢᠭᠤᠨ ᠴᠡᠪᠡᠷ ᠡᠴᠡ ᠭᠠᠳᠠᠨ᠎ᠠ ᠣᠯᠠᠨ ᠳᠠᠬᠢᠨ ᠭᠡᠷᠯᠡᠬᠦ᠂ ᠣᠯᠠᠨ ᠤᠳᠠᠭ᠎ᠠ ᠦᠷ᠎ᠡ ᠬᠥᠨᠳᠡᠭᠦᠯᠬᠦ᠂18 ᠨᠠᠰᠤ ᠬᠦᠷᠦᠭᠡᠳᠦᠢ ᠪᠠᠢᠬᠤ ᠳ᠋ᠤ᠌ ᠲᠥᠷᠥᠬᠦ᠂ ᠡᠷᠲᠡ ᠴᠡᠪᠡᠷᠰᠢᠬᠦ ᠵᠡᠷᠭᠡ ᠣᠯᠠᠨ ᠬᠦᠴᠦᠨ ᠵᠦᠢᠯ ᠨᠥᠯᠥᠭᠡᠯᠡᠵᠦ ᠪᠠᠢᠨ᠎ᠠ᠃ ᠬᠣᠶᠠᠷ ᠪᠤᠶᠤ ᠲᠡᠭᠦᠨ ᠡᠴᠡ ᠣᠯᠠᠨ ᠤᠳᠠᠭ᠎ᠠ ᠭᠡᠷᠯᠡᠭᠰᠡᠨ ᠤᠮᠠᠢ ᠶ᠋ᠢᠨ ᠬᠦᠵᠦᠭᠦᠨ ᠦ᠌ ᠬᠣᠣᠷᠲᠤ ᠬᠠᠪᠤᠳᠠᠷ ᠢ᠋ᠶ᠋ᠠᠷ ᠵᠢᠱ᠌ᠢᠬᠦ ᠪᠦᠯᠦᠭ ᠦ᠋ᠨ ᠡᠮᠡᠭᠲᠡᠢᠴᠦᠳ ᠡᠴᠡ12% ᠶᠡᠬᠡ ᠪᠠᠢᠭ᠎ᠠ ᠶ᠋ᠢ ᠠᠩᠬᠠᠷᠤᠭᠤᠰᠢᠲᠠᠢ᠃ ᠡᠨᠡ ᠪᠦᠭᠦᠳᠡ ᠡᠴᠡ ᠦᠵᠡᠬᠦ ᠳ᠋ᠦ᠍ ᠵᠢᠷᠭᠠᠯ ᠤ᠋ᠨ ᠳᠡᠭᠡᠳᠦ ᠵᠢᠷᠭᠠᠯ ᠪᠣᠯᠤᠭᠰᠠᠨ ᠡᠷᠡᠭᠦᠯ ᠡᠩᠬᠡ ᠶ᠋ᠢ ᠬᠦᠰᠡᠪᠡᠯ ᠵᠥᠪᠬᠡᠨ ᠪᠡᠯᠭᠡ ᠶ᠋ᠢᠨ ᠠᠷᠢᠭᠤᠨ ᠴᠡᠪᠡᠷ ᠢ᠋ ᠴᠢᠩᠳᠠ ᠰᠠᠬᠢᠭᠠᠳ ᠵᠣᠭᠰᠣᠬᠤ ᠦᠭᠡᠢ ᠠᠩᠬᠠᠨ ᠤ᠋ ᠬᠠᠨᠢ ᠠ᠋ᠴᠠ ᠪᠠᠨ ᠠᠯᠢ ᠪᠣᠯᠬᠤ ᠪᠠᠷ ᠰᠠᠯᠵᠤ ᠬᠣᠯᠠᠳᠠᠬᠤ ᠦᠭᠡᠢ ᠶ᠋ᠢ ᠬᠢᠴᠢᠶᠡᠭᠲᠦᠨ᠃ ᠠᠩᠬᠠᠨ ᠤ᠋ ᠬᠠᠨᠢ ᠠ᠋ᠴᠠ ᠪᠠᠨ ᠰᠠᠯᠤᠭᠠᠳ ᠰᠠᠢᠨ ᠢ᠋ ᠦᠵᠡᠭᠰᠡᠨ ᠲᠡᠦᠬᠡ ᠲᠤᠩ ᠴᠥᠭᠡᠨ ᠰᠢᠦ᠃