ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠠᠷᠪᠠᠨ ᠨᠢᠭᠡ᠂ ᠪᠡᠯᠭᠡ ᠶᠢᠨ ᠬᠥᠷᠥᠯᠲᠡ Эр эмийн ёсон – Д᠂ Болдцэрэн <Нэгдүгээр бүлэг>– Арван нэг ᠂ Бэлгийн хүрэлт ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠠᠷᠪᠠᠨ ᠨᠢᠭᠡ᠂ ᠪᠡᠯᠭᠡ ᠶᠢᠨ ᠬᠥᠷᠥᠯᠲᠡ Эр эмийн ёсон – Д᠂ Болдцэрэн <Нэгдүгээр бүлэг>– Арван нэг ᠂ Бэлгийн хүрэлт

ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠠᠷᠪᠠᠨ ᠨᠢᠭᠡ᠂ ᠪᠡᠯᠭᠡ ᠶᠢᠨ ᠬᠥᠷᠥᠯᠲᠡ Эр эмийн ёсон – Д᠂ Болдцэрэн <Нэгдүгээр бүлэг>– Арван нэг ᠂ Бэлгийн хүрэлт

ᠠᠩᠭᠢᠯᠠᠯ:ᠡᠷᠡᠭᠦᠯ ᠡᠩᠬᠡ
2025-08-16

134

ᠠᠷᠪᠠᠨ ᠨᠢᠭᠡ᠂ ᠪᠡᠯᠭᠡ ᠶ᠋ᠢᠨ ᠬᠦᠷᠦᠯᠲᠡ —— ᠡᠮᠴᠢᠯᠡᠵᠦ ᠪᠣᠯᠤᠨ᠎ᠠ


       ᠥᠷᠯᠥᠭᠡ ᠠᠵᠢᠯ ᠳ᠋ᠠᠭᠠᠨ ᠢᠷᠡᠬᠦ ᠳ᠋ᠦ᠍ ᠬᠠᠭᠠᠯᠭ᠎ᠠ ᠶ᠋ᠢᠨ ᠳᠡᠷᠭᠡᠳᠡ ᠡᠷᠡᠭᠲᠡᠢ᠂ ᠡᠮᠡᠭᠲᠡᠢ ᠬᠣᠶᠠᠷ ᠵᠠᠯᠠᠭᠤ ᠵᠣᠭᠰᠣᠵᠤ ᠪᠠᠢᠪᠠ᠃ ᠠᠵᠢᠭᠯᠠᠪᠠᠯ ᠨᠢᠭᠡ ᠭᠡᠷ ᠦ᠋ᠨ ᠤᠯᠤᠰ ᠪᠣᠯᠤᠯᠲᠠᠢ᠃ ᠢᠨᠢᠶᠡᠯᠳᠦᠨ ᠳᠣᠲᠣᠨᠣ ᠶᠠᠷᠢᠯᠴᠠᠨ᠎ᠠ᠃ ᠯᠠᠪ ᠡᠮᠴᠢ ᠳ᠋ᠦ᠍ ᠦᠵᠡᠭᠦᠯᠬᠦ ᠪᠡᠷ ᠶᠠᠪᠤᠭ᠎ᠠ ᠤᠯᠤᠰ ᠪᠢᠰᠢ ᠲᠠᠭ ᠠ᠋! ᠤᠴᠢᠷ ᠨᠢ ᠡᠮᠴᠢ ᠳ᠋ᠦ᠍ ᠦᠵᠡᠭᠦᠯᠬᠦ ᠪᠡᠷ ᠢᠷᠡᠭᠰᠡᠨ ᠬᠥᠮᠦᠨ ᠦ᠌ ᠴᠢᠷᠠᠢ ᠠ᠋ᠴᠠ ᠨᠢ ᠠᠨᠳᠠᠰᠢ ᠦᠭᠡᠢ ᠪᠠᠢᠳᠠᠭ ᠶᠠᠮᠠᠷ ᠨᠢᠭᠡᠨ ᠵᠣᠪᠠᠭᠤᠷᠢ ᠣᠭᠲᠣ ᠬᠠᠷᠠᠭᠳᠠᠬᠤ ᠦᠭᠡᠢ ᠪᠠᠢᠪᠠ᠃ ᠭᠡᠲᠡᠯ᠎ᠡ ᠡᠮᠡᠭᠲᠡᠢ ᠨᠢ ᠠᠷᠤ ᠠ᠋ᠴᠠ ᠳᠠᠭᠠᠨ ᠣᠷᠣᠵᠤ ᠢᠷᠡᠭᠡᠳ᠄ 
       ᠡᠮᠴᠢ ᠠ᠋! ᠪᠢᠳᠡ ᠬᠣᠶᠠᠷ ᠲᠠᠨ ᠠ᠋ᠴᠠ ᠨᠢᠭᠡ ᠶᠠᠭᠤᠮ᠎ᠠ ᠵᠦᠭᠡᠷ ᠯᠡ ᠯᠠᠪᠯᠠᠬᠤ ᠭᠡᠵᠦ ᠶᠠᠪᠤᠨ᠎ᠠ᠃ ᠵᠦᠭᠡᠷ ᠴᠦ᠍ ᠭᠡᠵᠦ ᠳᠡ᠂ ᠶᠡᠷᠦᠨᠢ ᠲᠠᠨ ᠲᠠᠢ ᠠᠭᠤᠯᠵᠠᠬᠤ ᠭᠡᠳ᠁ ᠨᠠᠳᠠ ᠳ᠋ᠤ᠌ ᠡᠪᠡᠳᠴᠦ ᠵᠣᠪᠠᠭᠠᠳ ᠪᠠᠢᠬᠤ ᠶᠠᠭᠤᠮ᠎ᠠ ᠠᠯᠠᠭ᠎ᠠ᠃ ᠭᠡᠬᠦ ᠳ᠋ᠡᠭᠡᠨ ᠯᠡ᠁ ᠬᠠᠴᠢᠨ ᠶᠤᠮ᠁ ᠪᠢ ᠶᠡᠷᠦ ᠣᠢᠯᠠᠭᠠᠬᠤ ᠦᠭᠡᠢ ᠶᠦᠮ᠃ ᠲᠣᠮᠣ ᠬᠦᠦ ᠮᠢᠨᠢ ᠡᠨᠡ ᠵᠢᠯ ᠰᠤᠷᠭᠠᠭᠤᠯᠢ ᠳ᠋ᠤ᠌ ᠣᠷᠣᠯ᠎ᠠ᠃ ᠭᠡᠪᠡᠴᠦ ᠡᠳᠦᠢ ᠪᠣᠯᠲᠠᠯ᠎ᠠ ᠬᠡᠦᠬᠡᠨ ᠨᠦ᠍ᠭᠦᠳ ᠦ᠋ᠨ ᠶᠠᠷᠢᠳᠠᠭ ᠲᠡᠷᠡ《ᠰᠠᠢᠬᠠᠨ》 ᠢ᠋ ᠠᠮᠰᠠᠭ᠎ᠠ ᠦᠭᠡᠢ᠃ ᠦᠨᠡᠨ ᠢ᠋ ᠬᠡᠯᠡᠬᠦ ᠳ᠋ᠦ᠍ ᠨᠥᠬᠥᠷ ᠲᠡᠢ ᠪᠡᠨ ᠣᠢᠷᠠᠲᠤᠬᠤ ᠬᠦᠰᠡᠯᠡᠩ ᠲᠥᠷᠥᠳᠡᠭ ᠦᠭᠡᠢ᠃ ᠶᠠᠭᠤ ᠨᠢ ᠰᠠᠢᠬᠠᠨ ᠪᠠᠢᠭ᠎ᠠ ᠶᠤᠮ ᠪᠣᠢ ᠭᠡᠵᠦ ᠪᠣᠳᠣᠳᠠᠭ᠃ ᠭᠡᠪᠡᠴᠦ ᠨᠥᠬᠥᠷ ᠢ᠋ᠶ᠋ᠡᠨ ᠭᠣᠮᠣᠳᠠᠭᠠᠴᠢᠬᠠᠨ᠎ᠠ ᠭᠡᠳ ᠡᠭᠦᠨ ᠢ᠋ᠶ᠋ᠡᠨ ᠣᠭᠲᠣ ᠬᠡᠯᠡᠳᠡᠭ ᠦᠭᠡᠢ᠃ ᠬᠡᠯᠡᠴᠢᠬᠡᠪᠡᠯ ᠵᠠᠩ ᠠᠭᠠᠰᠢ ᠨᠢ ᠬᠤᠪᠢᠷᠠᠴᠢᠬᠠᠬᠤ ᠪᠣᠯᠪᠠ ᠤᠤ ᠭᠡᠵᠦ ᠪᠣᠳᠣᠭᠠᠳ ᠲᠠᠰᠤ ᠨᠢᠭᠤᠭᠠᠳ ᠶᠠᠪᠤᠳᠠᠭ᠃ ᠠᠯᠢᠨ ᠪᠣᠯᠭᠠᠨ ᠢᠩᠭᠢᠵᠦ ᠶᠠᠪᠤᠬᠤ ᠶᠤᠮ ᠪᠣᠢ! ᠪᠢ ᠡᠪᠡᠳᠴᠢᠨ ᠲᠡᠢ ᠶᠦᠮ ᠪᠣᠯᠪᠠᠤ! ᠡᠨᠡ ᠲᠠᠯ᠎ᠠ ᠪᠠᠷ ᠵᠥᠪᠯᠡᠯᠭᠡ ᠠᠪᠬᠤ ᠭᠡᠰᠡᠨ ᠶᠦᠮ᠃ ᠡᠨᠡ ᠡᠪᠡᠳᠴᠢᠨ ᠶᠦᠮ ᠤᠤ? ᠡᠪᠡᠳᠴᠢᠨ ᠶᠦᠮ ᠪᠣᠯ ᠶᠠᠭᠤᠨ ᠠ᠋ᠴᠠ ᠪᠣᠯᠳᠠᠭ ᠶᠤᠮ ᠪᠣᠢ? ᠡᠷᠡᠭᠦᠯ ᠮᠡᠨᠳᠦ ᠳ᠋ᠦ᠍ ᠮᠠᠭᠤ ᠪᠠᠷ ᠨᠥᠯᠥᠭᠡᠯᠡᠬᠦ ᠤᠤ? 
       ᠬᠣᠶᠠᠷ ᠬᠡᠦᠬᠡᠳ ᠦ᠋ᠨ ᠡᠬᠡ ᠡᠨᠡ ᠪᠦᠰᠡᠭᠦᠢ ᠢᠩᠭᠢᠵᠦ ᠶᠠᠷᠢᠬᠤ ᠳ᠋ᠠᠭᠠᠨ ᠰᠠᠨᠠᠭ᠎ᠠ ᠠᠯᠲᠠᠨ ᠨᠢᠳᠦ ᠨᠢ ᠨᠢᠯᠪᠤᠰᠤ ᠪᠠᠷ ᠴᠢᠭᠢᠭᠯᠡᠵᠦ ᠪᠠᠢᠪᠠ᠃ ᠡᠢᠮᠦᠷᠬᠦ ᠠᠰᠠᠭᠤᠯᠲᠠ ᠶ᠋ᠢ ᠭᠠᠭᠴᠠ ᠡᠨᠡ ᠪᠦᠰᠡᠭᠦᠢ ᠪᠢᠰᠢ ᠣᠯᠠᠨ ᠬᠥᠮᠦᠨ ᠠᠰᠠᠭᠤᠳᠠᠭ᠃ ᠡᠮᠴᠢ ᠳ᠋ᠦ᠍ ᠬᠠᠷᠠᠬᠠᠨ ᠣᠴᠢᠵᠤ ᠠᠮᠵᠢᠭ᠎ᠠ ᠦᠭᠡᠢ ᠴᠦ᠍ ᠡᠢᠨᠬᠦ ᠭᠠᠢᠬᠠᠨ ᠲᠡᠭᠡᠨᠡᠭᠡᠯᠵᠡᠵᠦ ᠶᠠᠪᠤᠭ᠎ᠠ ᠡᠮᠡᠭᠲᠡᠢᠴᠦᠳ ᠪᠢᠰᠢᠭᠦᠢ ᠪᠠᠢᠳᠠᠭ ᠢ᠋ ᠡᠷ᠎ᠡ ᠡᠮ᠎ᠡ ᠶ᠋ᠢᠨ ᠶᠣᠰᠣᠨ ᠰᠤᠳᠤᠯᠤᠭᠴᠢ ᠡᠮᠴᠢ ᠶ᠋ᠢᠨ ᠬᠤᠪᠢ ᠳ᠋ᠤ᠌ ᠮᠡᠳᠡᠬᠦ ᠪᠢᠯᠡ᠃ ᠡᠨᠡ ᠪᠣᠯ ᠡᠮᠡᠭᠲᠡᠢᠴᠦᠳ ᠦ᠋ᠨ ᠳᠤᠮᠳᠠ ᠲᠦᠭᠡᠮᠡᠯ ᠪᠡᠯᠭᠡ ᠶ᠋ᠢᠨ ᠡᠮᠭᠡᠭ ᠪᠣᠯᠬᠤ ᠪᠡᠯᠭᠡ ᠶ᠋ᠢᠨ ᠬᠦᠷᠦᠯᠲᠡ ᠶᠦᠮ᠃ ᠪᠡᠯᠭᠡ ᠶ᠋ᠢᠨ ᠬᠦᠷᠦᠯᠲᠡ ᠭᠡᠬᠦ ᠪᠡᠷ ᠠᠢᠬᠤᠪᠲᠤᠷ ᠬᠦᠨᠳᠦ ᠬᠡᠴᠡᠭᠦᠦ ᠡᠪᠡᠳᠴᠢᠨ ᠭᠡᠵᠦ ᠪᠢᠲᠡᠭᠡᠢ ᠪᠣᠳᠣᠭᠠᠷᠠᠢ᠃ ᠪᠤᠰᠤᠳ ᠡᠪᠡᠳᠴᠢᠨ ᠡᠮᠭᠡᠭ ᠰᠢᠭ ᠬᠥᠮᠦᠨ ᠢ᠋ ᠲᠠᠮᠤᠯᠠᠭᠠᠳ ᠪᠠᠢᠬᠤ ᠦᠭᠡᠢ ᠪᠥᠭᠡᠳ ᠬᠤᠷᠢᠴᠠᠯ ᠦᠢᠯᠡᠳᠬᠦ᠂ ᠬᠡᠦᠬᠡᠳ ᠣᠯᠬᠤ᠂ ᠲᠥᠷᠥᠭᠦᠯᠬᠦ᠂ ᠭᠤᠸ᠎ᠠ ᠰᠠᠢᠬᠠᠨ ᠪᠠᠢᠬᠤ ᠳ᠋ᠤ᠌ ᠰᠠᠭᠠᠳ ᠪᠣᠯᠵᠤ ᠦᠭᠡᠢ᠃ ᠪᠡᠯᠭᠡ ᠶ᠋ᠢᠨ ᠬᠦᠷᠦᠯᠲᠡ ᠡᠴᠡ ᠪᠣᠯᠵᠤ《ᠴᠢᠷᠠᠢ ᠠᠯᠳᠠᠬᠤ》 ᠨᠢ ᠦᠭᠡᠢ᠃ ᠪᠡᠯᠭᠡ ᠶ᠋ᠢᠨ ᠭᠥᠷᠥᠯᠲᠡ ᠭᠡᠳᠡᠭ ᠪᠣᠯ ᠡᠮᠡᠭᠲᠡᠢ ᠬᠥᠮᠦᠨ ᠨᠥᠬᠥᠷ ᠲᠦ᠍ ᠭᠠᠷᠤᠭᠰᠠᠨ ᠠ᠋ᠴᠠ ᠬᠣᠢᠰᠢ ᠭᠤᠷᠪᠠᠨ ᠵᠢᠯ ᠦ᠋ᠨ ᠳᠣᠲᠣᠷ᠎ᠠ ᠳᠤᠷ᠎ᠠ ᠬᠠᠩᠬᠤ ᠶ᠋ᠢ ᠮᠡᠳᠡᠷᠡᠬᠦ ᠦᠭᠡᠢ᠂ ᠬᠤᠷᠢᠴᠠᠯ ᠤ᠋ᠨ ᠦᠢᠯᠡᠳᠦᠯ ᠳ᠋ᠦ᠍ ᠶᠠᠮᠠᠷ ᠴᠦ᠍ ᠳᠤᠷ᠎ᠠ ᠰᠣᠨᠢᠷᠬᠠᠯ ᠦᠭᠡᠢ ᠪᠠᠢᠬᠤ ᠶ᠋ᠢ ᠬᠡᠯᠡᠨ᠎ᠡ᠃ ᠭᠡᠬᠦ ᠳ᠋ᠡᠭᠡᠨ ᠬᠦᠰᠡᠬᠦ ᠦᠭᠡᠢ ᠪᠤᠶᠤ ᠬᠠᠩᠬᠤ ᠦᠭᠡᠢ ᠪᠠᠢᠬᠤ ᠲᠣᠬᠢᠶᠠᠯᠳᠤᠯ ᠪᠦᠬᠦᠨ ᠪᠡᠯᠭᠡ ᠶ᠋ᠢᠨ ᠬᠦᠷᠦᠯᠲᠡ ᠪᠢᠰᠢ ᠭᠡᠳᠡᠭ ᠢ᠋ ᠠᠩᠬᠠᠷᠪᠠᠯ ᠵᠣᠬᠢᠨ᠎ᠠ᠃ ᠰᠡᠳᠬᠢᠯ ᠰᠠᠨᠠᠭ᠎ᠠ ᠵᠣᠪᠠᠬᠤ᠂ ᠭᠤᠨᠢᠵᠤ ᠭᠤᠲᠤᠷᠠᠬᠤ᠂ ᠪᠡᠶ᠎ᠡ ᠶᠠᠳᠠᠷᠠᠬᠤ᠂ ᠰᠠᠷ᠎ᠠ ᠶ᠋ᠢᠨ ᠲᠡᠮᠳᠡᠭ ᠦ᠋ᠨ ᠮᠥᠴᠡᠯᠭᠡ ᠠᠯᠳᠠᠭᠳᠠᠬᠤ ᠵᠡᠷᠭᠡ ᠡᠴᠡ ᠬᠤᠷᠢᠴᠠᠬᠤ ᠳᠤᠷ᠎ᠠ ᠲᠠᠴᠢᠶᠠᠯ ᠲᠦᠷ ᠵᠠᠭᠤᠷ᠎ᠠ ᠪᠠᠭᠤᠷᠠᠵᠤ᠂ ᠣᠢᠷᠠᠳᠬᠤ ᠬᠦᠰᠡᠯ ᠦᠭᠡᠢ ᠪᠠᠢᠬᠤ ᠨᠢ ᠴᠥᠭᠡᠨ ᠦᠭᠡᠢ ᠲᠣᠬᠢᠶᠠᠯᠳᠤᠨ᠎ᠠ᠃ ᠡᠭᠦᠨ ᠢ᠋ ᠪᠡᠯᠭᠡ ᠶ᠋ᠢᠨ ᠬᠦᠷᠦᠯᠲᠡ ᠲᠡᠢ ᠬᠤᠳᠬᠤᠵᠤ ᠪᠣᠯᠬᠤ ᠦᠭᠡᠢ᠃ ᠪᠡᠯᠭᠡ ᠶ᠋ᠢᠨ ᠬᠦᠷᠦᠯᠲᠡ ᠪᠣᠯ ᠬᠠᠷᠢᠴᠠᠩᠭᠤᠢ ᠲᠣᠭᠲᠠᠪᠤᠷᠢ ᠲᠠᠢ ᠡᠮᠭᠡᠭ ᠪᠠᠢᠳᠠᠯ ᠶᠤᠮ᠃ ᠲᠡᠭᠦᠨᠴᠢᠯᠡᠨ ᠠᠢᠯ ᠭᠡᠷ ᠪᠣᠯᠤᠭᠰᠠᠨ ᠡᠬᠢᠨ ᠦ᠌ ᠰᠠᠷ᠎ᠠ᠂ ᠵᠢᠯ ᠳ᠋ᠦ᠍ ᠡᠮᠡᠭᠲᠡᠢ ᠬᠥᠮᠦᠨ ᠳ᠋ᠦ᠍ ᠡᠨᠡ ᠲᠠᠯ᠎ᠠ ᠶ᠋ᠢᠨ ᠬᠦᠰᠡᠯ ᠲᠡᠳᠦᠢ ᠯᠡ ᠲᠥᠷᠥᠬᠦ ᠦᠭᠡᠢ ᠪᠠᠢᠳᠠᠭ ᠨᠢ ᠪᠡᠯᠭᠡ ᠶ᠋ᠢᠨ ᠬᠦᠷᠦᠯᠲᠡ ᠪᠢᠰᠢ ᠶᠦᠮ᠃ ᠡᠨᠡ ᠨᠢ ᠲᠡᠭᠦᠨ ᠦ᠌ ᠬᠤᠷᠢᠴᠠᠬᠤ ᠳᠤᠷ᠎ᠠ ᠲᠠᠴᠢᠶᠠᠯ ᠰᠢᠯᠦᠭ ᠨᠣᠢᠷ ᠠ᠋ᠴᠠ ᠪᠠᠨ ᠬᠠᠷᠠᠬᠠᠨ ᠰᠡᠷᠢᠵᠦ ᠠᠮᠵᠢᠭ᠎ᠠ ᠦᠭᠡᠢ᠂ ᠳᠤᠷ᠎ᠠ ᠣᠷᠣᠬᠤ ᠦᠭᠡᠢ ᠲᠡᠢ ᠬᠣᠯᠪᠣᠭ᠎ᠠ ᠲᠠᠢ ᠪᠠᠢᠳᠠᠭ ᠢ᠋ ᠡᠮᠦᠨ᠎ᠡ ᠥᠭᠦᠯᠡᠭᠰᠡᠨ ᠢ᠋ ᠲᠠ ᠯᠠᠪᠲᠠᠢ ᠰᠠᠨᠠᠵᠤ ᠪᠠᠢᠭ᠎ᠠ ᠪᠠᠢᠬ᠎ᠠ! 
       ᠡᠮᠡᠭᠲᠡᠢ ᠬᠥᠮᠦᠨ ᠢ᠋ ᠬᠤᠷᠢᠴᠠᠬᠤ ᠳᠤᠷ᠎ᠠ ᠲᠠᠴᠢᠶᠠᠯ ᠪᠣᠢ ᠪᠣᠯᠭᠠᠵᠤ᠂ ᠭᠦᠨ ᠨᠣᠢᠷ ᠠ᠋ᠴᠠ 《ᠰᠡᠷᠢᠭᠡᠬᠦ ᠳ᠋ᠦ᠍》 ᠡᠷ᠎ᠡ ᠨᠥᠬᠥᠷ ᠦ᠋ᠨ ᠡᠪ ᠵᠦᠢ᠂ ᠬᠠᠢᠷ᠎ᠠ ᠬᠠᠯᠠᠮᠵᠢ᠂ ᠰᠡᠳᠬᠢᠯ ᠰᠠᠨᠠᠭᠠᠨ ᠤ᠋ ᠨᠥᠯᠥᠭᠡᠯᠡᠯ ᠦᠯᠡᠮᠵᠢ ᠴᠢᠬᠤᠯᠠ ᠶᠤᠮ᠃ ᠲᠡᠢᠮᠦ ᠡᠴᠡ ᠡᠷᠡᠭᠲᠡᠢ ᠬᠥᠮᠦᠨ ᠡᠬᠡᠨᠡᠷ ᠦ᠋ᠨ ᠢ᠋ᠶ᠋ᠡᠨ ᠳᠣᠲᠣᠭᠠᠳᠤ ᠶᠢᠷᠲᠢᠨᠴᠦ ᠳ᠋ᠦ᠍ ᠨᠡᠪᠲᠡᠷᠡᠨ ᠣᠷᠣᠬᠤ ᠵᠠᠮ ᠢ᠋ ᠢᠮᠠᠭᠲᠠ ᠡᠷᠢᠯᠬᠢᠯᠡᠬᠦ ᠶᠣᠰᠣᠲᠠᠢ᠃ ᠬᠤᠷᠢᠴᠠᠯ ᠳ᠋ᠤ᠌ ᠳᠤᠷ᠎ᠠ ᠰᠣᠨᠢᠷᠬᠠᠯ ᠦᠭᠡᠢ ᠪᠠᠢᠬᠤ ᠨᠢ ᠳᠤᠷ᠎ᠠ ᠬᠠᠩᠬᠤ ᠦᠭᠡᠢ ᠬᠣᠴᠣᠷᠬᠤ ᠳ᠋ᠤ᠌ ᠬᠦᠷᠭᠡᠬᠦ ᠨᠢ ᠮᠡᠳᠡᠭᠡᠵᠢ᠃ ᠪᠡᠯᠭᠡ ᠶ᠋ᠢᠨ ᠬᠦᠷᠦᠯᠲᠡ᠂ ᠳᠤᠷ᠎ᠠ ᠬᠠᠩᠬᠤ ᠦᠭᠡᠢ ᠪᠠᠢᠬᠤ ᠡᠮᠭᠡᠭ ᠨᠢ ᠬᠣᠭᠣᠷᠣᠨᠳᠣ ᠪᠠᠨ ᠣᠢᠷᠠᠯᠴᠠᠭ᠎ᠠ ᠣᠢᠯᠠᠭᠠᠯᠲᠠ ᠪᠣᠯᠪᠠᠴᠤ ᠪᠠᠰᠠ ᠢᠯᠭᠠᠭ᠎ᠠ ᠲᠠᠢ᠃ ᠢᠯᠭᠠᠭ᠎ᠠ ᠨᠢ ᠪᠡᠯᠭᠡ ᠶ᠋ᠢᠨ ᠬᠦᠷᠦᠯᠲᠡ ᠲᠡᠢ ᠡᠮᠡᠭᠲᠡᠢ ᠳᠤᠷ᠎ᠠ ᠬᠠᠩᠬᠤ ᠦᠭᠡᠢ ᠪᠠᠢᠬᠤ ᠳ᠋ᠠᠭᠠᠨ ᠣᠭᠲᠣ ᠡᠮᠵᠡᠭᠯᠡᠬᠦ ᠦᠭᠡᠢ᠃ ᠡᠢᠮᠦ ᠯᠡ ᠪᠠᠢᠬᠤ ᠶᠣᠰᠣᠲᠠᠢ ᠮᠡᠲᠦ ᠪᠣᠳᠣᠵᠤ ᠶᠠᠪᠤᠳᠠᠭ᠃ ᠲᠡᠭᠡᠪᠡᠯ ᠬᠤᠷᠢᠴᠠᠬᠤ ᠳᠤᠷ᠎ᠠ ᠲᠠᠴᠢᠶᠠᠯ ᠠᠲᠠᠯ᠎ᠠ ᠳᠤᠷ᠎ᠠ ᠬᠠᠩᠬᠤ ᠶ᠋ᠢ ᠮᠡᠳᠡᠬᠦ ᠦᠭᠡᠢ ᠡᠮᠡᠭᠲᠡᠢ ᠪᠠᠢᠳᠠᠭ᠃ ᠡᠭᠦᠨ ᠢ᠋ ᠪᠡᠯᠭᠡ ᠶ᠋ᠢᠨ ᠦᠢᠯᠡ ᠠᠵᠢᠯᠯᠠᠭᠠᠨ ᠤ᠋《ᠳᠤᠷ᠎ᠠ ᠬᠠᠩᠬᠤ ᠦᠭᠡᠢ ᠬᠣᠴᠣᠷᠬᠤ ᠡᠮᠭᠡᠭ》 ᠭᠡᠵᠦ ᠨᠡᠷᠡᠯᠡᠳᠡᠭ᠃ ᠡᠨᠡ ᠨᠢ ᠭᠠᠳᠠᠭᠠᠳᠤ ᠶ᠋ᠢᠨ ᠰᠤᠳᠤᠯᠤᠭᠴᠢᠳ ᠤ᠋ᠨ ᠮᠡᠳᠡᠭᠡᠯᠡᠭᠰᠡᠨ ᠢ᠋ᠶ᠋ᠡᠷ ᠡᠮᠡᠭᠲᠡᠢᠴᠦᠳ ᠦ᠋ᠨ ᠬᠠᠮᠤᠭ ᠲᠤ᠌ ᠡᠯᠪᠡᠭ ᠲᠠᠷᠬᠠᠮᠠᠯ ᠪᠡᠯᠭᠡ ᠶ᠋ᠢᠨ ᠡᠮᠭᠡᠭ ᠶᠦᠮ᠃ ᠫᠤᠯᠠᠨᠳ᠋ ᠲᠤ᠌ ᠬᠢᠭᠰᠡᠨ ᠰᠤᠳᠤᠯᠭᠠᠨ ᠢ᠋ᠶ᠋ᠠᠷ (ᠮᠡᠯᠸᠹᠰᠺᠡ᠂1980) ᠡᠮᠡᠭᠲᠡᠢᠴᠦᠳ ᠦ᠋ᠨ ᠭᠤᠷᠪᠠᠨ ᠤ᠋ ᠨᠢᠭᠡ ᠣᠷᠴᠢᠮ ᠨᠢ ᠳᠤᠷ᠎ᠠ ᠬᠠᠨᠵᠤ ᠦᠵᠡᠭᠡ ᠦᠭᠡᠢ ᠪᠠᠢᠨ᠎ᠠ᠃ ᠪᠦᠭᠦᠳᠡ ᠨᠠᠢᠷᠠᠮᠳᠠᠬᠤ ᠠᠷᠠᠳᠴᠢᠯᠠᠭᠰᠠᠨ ᠺᠸᠷᠮᠠᠨ ᠤᠯᠤᠰ ᠲᠤ᠌( ᠵ· ᠱᠨᠠᠪᠯᠢ1982) 2000 ᠡᠮᠡᠭᠲᠡᠢ ᠳ᠋ᠦ᠍ ᠠᠩᠺᠸᠲ᠋ ᠤ᠋ᠨ ᠠᠷᠭ᠎ᠠ ᠪᠠᠷ ᠰᠤᠳᠤᠯᠭᠠᠨ ᠬᠢᠵᠦ ᠦᠵᠡᠬᠦ ᠳ᠋ᠦ᠍ ᠲᠡᠳᠡᠭᠡᠷ ᠦ᠋ᠨ44% ᠨᠢ ᠳᠤᠷ᠎ᠠ ᠬᠠᠩᠬᠤ ᠶ᠋ᠢ ᠣᠭᠲᠣ ᠦᠵᠡᠭᠡ ᠦᠭᠡᠢ ᠠᠵᠠᠢ᠃ ᠹᠷᠠᠨᠼᠢ ᠤᠯᠤᠰ ᠲᠤ᠌ ᠬᠢᠭᠰᠡᠨ ᠰᠤᠳᠤᠯᠭᠠᠨ ᠢ᠋ᠶ᠋ᠠᠷ ᠲᠡᠳᠡᠨ ᠦ᠌ ᠡᠮᠡᠭᠲᠡᠢᠴᠦᠳ ᠦ᠋ᠨ40% ᠳ᠋ᠤ᠌ ᠡᠮᠭᠡᠭ ᠠᠵᠢᠭᠯᠠᠭᠳᠠᠵᠤ ᠪᠠᠢᠭ᠎ᠠ ᠶ᠋ᠢ ᠲᠣᠭᠲᠠᠭᠠᠭᠰᠠᠨ ᠪᠠᠢᠨ᠎ᠠ᠃ ᠠ· ᠮ᠂ ᠰᠹᠶᠡᠳᠥᠰ· ᠵ· ᠹ· ᠷᠤᠵᠠᠨᠨᠣᠹᠰᠺᠶᠠ(1972) ᠨᠠᠷ ᠤ᠋ᠨ ᠬᠢᠭᠰᠡᠨ ᠰᠤᠳᠤᠯᠭᠠᠨ ᠠ᠋ᠴᠠ ᠦᠵᠡᠪᠡᠯ᠂ ᠲᠣᠭᠲᠠᠮᠠᠯ ᠪᠡᠯᠭᠡ ᠶ᠋ᠢᠨ ᠠᠮᠢᠳᠤᠷᠠᠯ ᠳ᠋ᠤ᠌ ᠣᠷᠣᠭᠠᠳ3 ᠵᠢᠯ ᠪᠣᠯᠵᠤ ᠪᠠᠢᠭ᠎ᠠ412 ᠡᠮᠡᠭᠲᠡᠢᠴᠦᠳ ᠦ᠋ᠨ16% ᠣᠢᠷᠠᠳᠬᠤ ᠪᠦᠷᠢ ᠳ᠋ᠦ᠍(100% ᠭᠡᠰᠡᠨ ᠦᠭᠡ)᠂22% ᠨᠢ ᠶᠡᠬᠡᠩᠬᠢ ᠳ᠋ᠡᠭᠡᠨ(80% ᠳ᠋ᠤᠨᠢ ᠭᠡᠰᠡᠨ ᠦᠭᠡ)·44% ᠨᠢ ᠬᠠ ᠶᠠ᠂18% ᠨᠢ ᠣᠭᠲᠣ ᠳᠤᠷ᠎ᠠ ᠬᠠᠨᠵᠤ ᠦᠵᠡᠭᠡ ᠪᠠᠢᠨ᠎ᠠ᠃ ᠪᠢᠳᠡᠨ ᠦ᠌ ᠬᠢᠭᠰᠡᠨ ᠰᠤᠳᠤᠯᠭᠠᠨ ᠤ᠋ ᠳ᠋ᠦᠩ ᠮᠥᠨ ᠡᠢᠮᠦᠷᠬᠦ ᠯᠡ ᠪᠠᠢᠨ᠎ᠠ᠃ ᠭᠡᠬᠦ ᠳ᠋ᠡᠭᠡᠨ ᠡᠨᠡ ᠲᠠᠯ᠎ᠠ ᠶ᠋ᠢᠨ ᠰᠤᠳᠤᠯᠭᠠᠨ ᠢ᠋ ᠴᠢᠨᠠᠭᠰᠢᠳᠠ ᠤᠯᠠᠮ ᠭᠦᠨᠵᠡᠭᠡᠢᠷᠡᠭᠦᠯᠦᠨ ᠬᠢᠬᠦ ᠱᠠᠭᠠᠷᠳᠠᠯᠭ᠎ᠠ ᠲᠠᠢ ᠪᠠᠢᠭ᠎ᠠ ᠶ᠋ᠢ ᠬᠡᠯᠡᠬᠦ ᠬᠡᠷᠡᠭᠲᠡᠢ᠃ ᠶᠠᠩᠵᠤ ᠪᠦᠷᠢ ᠶ᠋ᠢᠨ ᠰᠤᠳᠤᠯᠤᠭᠴᠢᠳ ᠤ᠋ᠨ ᠬᠢᠭᠰᠡᠨ ᠰᠤᠳᠤᠯᠭᠠᠨ ᠤ᠋ ᠳ᠋ᠦᠩ ᠡᠢᠨᠬᠦ ᠬᠣᠭᠣᠷᠣᠨᠳᠣ ᠪᠠᠨ ᠶᠡᠬᠡᠬᠡᠨ ᠵᠥᠷᠢᠶ᠎ᠡ ᠲᠡᠢ ᠪᠠᠢᠭ᠎ᠠ ᠨᠢ ᠨᠢᠭᠡ ᠲᠠᠯ᠎ᠠ ᠠ᠋ᠴᠠ ᠥᠭᠡᠷ᠎ᠡ ᠥᠭᠡᠷ᠎ᠡ ᠠᠷᠭᠠᠴᠢᠯᠠᠯ ᠠᠰᠢᠭᠯᠠᠨ ᠰᠣᠳᠣᠯᠠᠭᠰᠠᠨ ᠲᠠᠢ᠂ ᠨᠥᠭᠦᠭᠡ ᠲᠠᠯ᠎ᠠ ᠠ᠋ᠴᠠ ᠰᠤᠳᠤᠯᠭᠠᠨ ᠳ᠋ᠤ᠌ ᠬᠠᠮᠤᠷᠤᠭᠳᠠᠵᠤ ᠪᠠᠢᠭ᠎ᠠ ᠬᠥᠮᠦᠰ ᠦ᠋ᠨ ᠨᠡᠢᠭᠡᠮ᠂ ᠰᠣᠶᠣᠯ᠂ ᠦᠨᠳᠦᠰᠦᠲᠡᠨ ᠦ᠌ ᠣᠨᠴᠠᠯᠢᠭ ᠵᠡᠷᠭᠡ ᠲᠡᠢ ᠬᠣᠯᠪᠣᠭ᠎ᠠ ᠲᠠᠢ ᠭᠡᠵᠦ ᠦᠵᠡᠬᠦ ᠡᠴᠡ ᠥᠭᠡᠷ᠎ᠡ ᠠᠷᠭ᠎ᠠ ᠦᠭᠡᠢ ᠶᠦᠮ᠃ ᠪᠡᠯᠭᠡ ᠶ᠋ᠢᠨ ᠡᠮᠭᠡᠭ ᠲᠡᠢ ᠡᠮᠡᠭᠲᠡᠢᠴᠦᠳ ᠲᠦ᠍ ᠡᠷᠡᠴᠦᠳ ᠡᠴᠡ ᠢᠯᠡᠭᠦᠦ ᠶᠡᠬᠡ ᠲᠣᠬᠢᠶᠠᠯᠳᠤᠵᠤ ᠪᠠᠢᠬ᠎ᠠ ᠶ᠋ᠢ ᠰᠤᠳᠤᠯᠤᠭᠴᠢᠳ ᠨᠤᠲᠠᠯᠠᠵᠤ ᠪᠠᠢᠨ᠎ᠠ᠃ ᠭᠡᠪᠡᠴᠦ ᠲᠡᠳᠡ ᠡᠮᠴᠢ ᠳ᠋ᠦ᠍ ᠣᠴᠢᠵᠤ ᠵᠥᠪᠯᠡᠯᠭᠡ ᠠᠪᠬᠤ ᠨᠢ ᠡᠷᠡᠴᠦᠳ ᠡᠴᠡ ᠪᠠᠷᠤᠭ ᠭᠤᠷᠪᠠ ᠳᠠᠬᠢᠨ ᠪᠠᠭ᠎ᠠ ᠪᠠᠢᠭ᠎ᠠ ᠶᠤᠮ᠃ ᠡᠭᠦᠨ ᠦ᠌ ᠤᠴᠢᠷ ᠶᠣᠰᠣᠨ ᠶᠠᠭᠤ ᠪᠢᠯᠡ? ᠭᠡᠵᠦ ᠤᠩᠰᠢᠭᠴᠢ ᠲᠠ ᠯᠠᠪᠲᠠᠢ ᠭᠠᠢᠬᠠᠬᠤ ᠪᠢᠵᠡ᠃ ᠪᠢᠳᠡᠨ ᠦ᠌ ᠦᠵᠡᠵᠦ ᠪᠠᠢᠭ᠎ᠠ ᠪᠠᠷ ᠡᠨᠡ ᠨᠢ ᠳᠠᠷᠠᠭᠠᠬᠢ ᠬᠡᠳᠦᠨ ᠰᠢᠯᠲᠠᠭᠠᠨ ᠲᠠᠢ ᠶᠤᠮ᠃ ᠨᠢᠭᠡ ᠳ᠋ᠦ᠍᠂ ᠡᠮᠡᠭᠲᠡᠢᠴᠦᠳ ᠲᠦ᠍ ᠲᠣᠬᠢᠶᠠᠯᠳᠤᠬᠤ ᠶᠡᠬᠡᠩᠬᠢ ᠪᠡᠯᠭᠡ ᠶ᠋ᠢᠨ ᠡᠮᠭᠡᠭ᠂ ᠲᠤᠬᠠᠢᠯᠠᠪᠠᠯ ᠪᠡᠯᠭᠡ ᠶ᠋ᠢᠨ ᠭᠥᠷᠥᠯᠲᠡ ᠨᠢ ᠬᠤᠷᠢᠴᠠᠯ ᠦᠢᠯᠡᠳᠬᠦ ᠳ᠋ᠦ᠍ ᠰᠠᠭᠠᠳ ᠪᠣᠯᠵᠤ ᠦᠭᠡᠢ᠃ ᠲᠡᠭᠡᠪᠡᠯ ᠡᠷᠡᠴᠦᠳ ᠦ᠋ᠨ ᠪᠡᠯᠭᠡ ᠶ᠋ᠢᠨ ᠰᠤᠯᠠᠷᠠᠯ ᠬᠤᠷᠢᠴᠠᠯ ᠦᠢᠯᠡᠳᠬᠦ ᠴᠢᠳᠠᠪᠤᠷᠢ ᠦᠭᠡᠢ ᠪᠣᠯᠭᠠᠨ᠎ᠠ᠃ ᠬᠣᠶᠠᠷ ᠲᠤ᠌᠂ ᠡᠨᠡ ᠨᠢ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ ᠳᠤᠲᠠᠮᠠᠭ ᠲᠠᠢ ᠬᠣᠯᠪᠣᠭ᠎ᠠ ᠲᠠᠢ᠃ ᠭᠤᠷᠪᠠ ᠳ᠋ᠤ᠌᠂ ᠮᠣᠩᠭᠣᠯ ᠡᠮᠡᠭᠲᠡᠢᠴᠦᠳ ᠦ᠋ᠨ ᠢᠴᠢᠮᠡᠬᠡᠢ᠂ ᠪᠦᠷᠦᠭ ᠵᠠᠩ ᠨᠥᠯᠥᠭᠡᠯᠡᠵᠦ ᠪᠠᠢᠨ᠎ᠠ᠃ ᠡᠭᠦᠨ ᠡᠴᠡ ᠪᠣᠯᠤᠭᠠᠳ ᠡᠮᠴᠢ ᠳ᠋ᠦ᠍ ᠪᠠᠷᠤᠭ ᠲᠠᠢ ᠳ᠋ᠤ᠌ ᠣᠴᠢᠬᠤ ᠦᠭᠡᠢ ᠪᠠᠢᠨ᠎ᠠ᠃ ᠪᠡᠯᠭᠡ ᠶ᠋ᠢᠨ ᠬᠦᠷᠦᠯᠲᠡ ᠶ᠋ᠢ ᠠᠩᠬᠠᠳᠤᠭᠴᠢ ᠪᠠ ᠬᠣᠶᠠᠳᠠᠭᠴᠢ ᠭᠡᠵᠦ ᠬᠤᠪᠢᠶᠠᠵᠤ ᠪᠣᠯᠤᠨ᠎ᠠ᠃ ᠠᠩᠬᠠᠳᠠᠭᠴᠢ ᠪᠡᠯᠭᠡ ᠶ᠋ᠢᠨ ᠭᠥᠷᠥᠯᠲᠡ ᠭᠡᠵᠦ ᠠᠢᠯ ᠭᠡᠷ ᠪᠣᠯᠤᠭᠰᠠᠨ ᠴᠠᠭ ᠠ᠋ᠴᠠ ᠬᠣᠢᠰᠢ ᠡᠮᠡᠭᠲᠡᠢ ᠬᠥᠮᠦᠨ ᠪᠦᠬᠦ ᠨᠠᠰᠤᠨ ᠲᠤᠷᠰᠢ ᠪᠠᠨ ᠬᠤᠷᠢᠴᠠᠬᠤ ᠳᠤᠷ᠎ᠠ ᠬᠦᠰᠡᠯ ᠦᠭᠡᠢ ᠨᠢᠭᠡ ᠴᠦ᠍ ᠤᠳᠠᠭ᠎ᠠ ᠳᠤᠷ᠎ᠠ ᠬᠠᠨᠵᠤ ᠪᠠᠢᠭ᠎ᠠ ᠦᠭᠡᠢ ᠪᠠᠢᠬᠤ ᠶ᠋ᠢ ᠬᠡᠯᠡᠨ᠎ᠡ᠃ ᠡᠨᠡ ᠨᠢ ᠬᠥᠮᠦᠨ ᠦ᠌ ᠤᠭ ᠤ᠋ᠨ ᠣᠨᠴᠠᠯᠢᠭ ᠲᠠᠢ ᠬᠣᠯᠪᠣᠭ᠎ᠠ ᠲᠠᠢ᠃ ᠲᠥᠷᠥᠯᠬᠢ ᠶ᠋ᠢᠨ ᠬᠥᠭᠵᠢᠮ ᠦ᠋ᠨ ᠰᠣᠨᠣᠰᠬᠠᠯ ᠦᠭᠡᠢ᠂ ᠰᠣᠯᠣᠭᠠᠢ ᠬᠣᠭᠣᠯᠠᠢ ᠲᠠᠢ ᠬᠥᠮᠦᠨ ᠪᠠᠢᠳᠠᠭ ᠤ᠋ᠨ ᠨᠢᠭᠡᠨ ᠠᠳᠠᠯᠢ ᠨᠢᠭᠡ ᠪᠡᠯᠭᠡ ᠶ᠋ᠢᠨ ᠭᠥᠷᠥᠯᠲᠡ ᠨᠢ ᠤᠭ ᠡᠮᠡᠭᠲᠡᠢ ᠶ᠋ᠢᠨ ᠲᠥᠷᠥᠯᠬᠢ ᠴᠢᠨᠠᠷ ᠪᠠᠢᠵᠤ ᠪᠣᠯᠤᠨ᠎ᠠ᠃ ᠭᠡᠯ᠎ᠡ ᠴᠦ᠍ ᠪᠤᠰᠤᠳ ᠢ᠋ᠶ᠋ᠠᠷ ᠢ᠋ᠶ᠋ᠠᠨ ᠬᠡᠯᠡᠬᠦ ᠦ᠋ ᠦᠭᠡᠢ᠂ ᠪᠡᠯᠭᠡ ᠶ᠋ᠢᠨ ᠪᠤᠯᠴᠢᠷᠬᠠᠢ ᠶ᠋ᠢᠨ ᠦᠢᠯᠡ ᠠᠵᠢᠯᠯᠠᠭ᠎ᠠ᠂ ᠬᠡᠪ ᠦ᠋ᠨ᠂ ᠪᠡᠯᠭᠡ ᠶ᠋ᠢᠨ ᠬᠣᠶᠠᠳᠠᠭᠴᠢ ᠰᠢᠨᠵᠢ ᠲᠡᠮᠳᠡᠭ ᠲᠣᠳᠣ ᠢᠯᠡᠷᠡᠭᠰᠡᠨ ᠪᠠᠢᠬᠤ ᠶ᠋ᠢ ᠦᠭᠡᠢᠰᠬᠡᠬᠦ ᠦᠭᠡᠢ ᠴᠣᠬᠣᠮ ᠡᠢᠮᠦ ᠡᠮᠡᠭᠲᠡᠢ ᠶ᠋ᠢᠨ ᠥᠭᠦᠯᠡᠭᠰᠡᠨ ᠢ᠋ ᠳᠡᠭᠡᠷ᠎ᠡ ᠡᠰᠢ ᠲᠠᠲᠠᠭᠰᠠᠨ ᠪᠢᠯᠡ᠃ ᠭᠡᠲᠡᠯ᠎ᠡ ᠳᠤᠷ᠎ᠠ ᠬᠠᠩᠬᠤ ᠶ᠋ᠢ ᠮᠡᠳᠡᠳᠡᠭ ᠪᠠᠢᠭᠰᠠᠨ ᠡᠮᠡᠭᠲᠡᠢ ᠪᠡᠯᠭᠡ ᠶ᠋ᠢᠨ ᠠᠮᠢᠳᠤᠷᠠᠯ ᠤ᠋ᠨ ᠶᠠᠪᠤᠴᠠ ᠳ᠋ᠤ᠌ ᠶᠠᠩᠵᠤ ᠪᠦᠷᠢ ᠶ᠋ᠢᠨ ᠰᠢᠯᠲᠠᠭᠠᠨ ᠠ᠋ᠴᠠ ᠳᠤᠷ᠎ᠠ ᠲᠠᠴᠢᠶᠠᠯ ᠨᠢ ᠪᠠᠭᠤᠷᠠᠵᠤ᠂ ᠬᠤᠷᠢᠴᠠᠯ ᠤ᠋ᠨ ᠦᠢᠯᠡᠳᠦᠯ ᠳ᠋ᠦ᠍ ᠰᠣᠨᠢᠷᠬᠠᠯ ᠦᠭᠡᠢ ᠪᠣᠯᠵᠤ ᠪᠣᠯᠤᠨ᠎ᠠ᠃ ᠡᠭᠦᠨ ᠢ᠋ ᠬᠣᠶᠠᠳᠠᠭᠴᠢ ᠪᠡᠯᠭᠡ ᠶ᠋ᠢᠨ ᠭᠥᠷᠥᠯᠲᠡ ᠭᠡᠬᠦ ᠪᠠ ᠠᠩᠬᠠᠳᠠᠭᠴᠢ ᠠ᠋ᠴᠠ ᠢᠯᠭᠠᠭ᠎ᠠ ᠲᠠᠢ ᠨᠢ ᠬᠥᠮᠦᠨ ᠦ᠌ ᠰᠡᠳᠬᠢᠯ ᠰᠠᠨᠠᠭ᠎ᠠ ᠶ᠋ᠢ ᠰᠢᠨᠠᠯᠭᠠᠵᠤ ᠵᠣᠪᠠᠭᠠᠨ᠎ᠠ᠂ ᠬᠣᠶᠠᠳᠠᠭᠴᠢ ᠪᠡᠯᠭᠡ ᠶ᠋ᠢᠨ ᠬᠦᠷᠦᠯᠲᠡ ᠨᠢ ᠳᠤᠷ᠎ᠠ ᠬᠠᠩᠬᠤ ᠦᠭᠡᠢ ᠲᠣᠭᠲᠠᠮᠠᠯ ᠬᠣᠴᠣᠷᠤᠭᠰᠠᠨ ᠠ᠋ᠴᠠ᠂ ᠮᠥᠨ ᠲᠡᠭᠦᠨᠴᠢᠯᠡᠨ ᠡᠯᠳᠡᠪ ᠦ᠋ᠨ ᠡᠪᠡᠳᠴᠢᠨ ᠡᠮᠭᠡᠭ᠂ ᠡᠷᠡᠭᠲᠡᠢ ᠬᠥᠮᠦᠨ ᠦ᠌ ᠬᠡᠳᠦ ᠱᠠᠭᠠᠷᠳᠠᠩᠭᠤᠢ ᠪᠠᠢᠳᠠᠯ ᠵᠡᠷᠭᠡ ᠡᠴᠡ ᠡᠭᠦᠰᠬᠦ ᠨᠢ ᠪᠣᠢ᠃ ᠡᠢᠮᠦ ᠡᠮᠡᠭᠲᠡᠢᠴᠦᠳ ᠳᠤᠷ᠎ᠠ ᠬᠠᠩᠬᠤ ᠦᠭᠡᠢ ᠡᠴᠡ ᠠᠭᠤᠷ ᠤᠴᠠᠭᠠᠷ ᠲᠠᠢ ᠪᠣᠯᠬᠤ᠂ ᠵᠠᠭᠤᠷᠠᠮᠠᠲᠠᠭᠠᠢ᠂ ᠨᠣᠢᠷ ᠬᠤᠯᠵᠢᠬᠤ᠂ ᠲᠣᠯᠣᠭᠠᠢ ᠡᠪᠡᠳᠬᠦ᠂ ᠠᠵᠢᠯ ᠠᠮᠢᠳᠤᠷᠠᠯ ᠳ᠋ᠤ᠌ ᠰᠣᠨᠢᠷᠬᠠᠯ ᠪᠠᠭᠤᠷᠠᠬᠤ᠂ ᠠᠯᠢᠪᠠ ᠵᠢᠮᠡᠯᠡᠯ ᠳ᠋ᠦ᠍᠂ ᠢᠯᠠᠩᠭᠤᠶ᠎ᠠ ᠨᠥᠬᠥᠷ ᠦ᠋ᠨ ᠢ᠋ᠶ᠋ᠡᠨ ᠬᠡᠯᠡᠭᠰᠡᠨ ᠢ᠋ ᠥᠩᠭᠡᠷᠡᠬᠦ ᠦᠭᠡᠢ ᠪᠤᠬᠢᠨᠢᠳᠤᠬᠤ ᠵᠡᠷᠭᠡ ᠮᠡᠳᠡᠷᠡᠯ ᠰᠡᠳᠬᠢᠯ ᠦ᠋ᠨ ᠥᠭᠡᠷᠡᠴᠢᠯᠡᠯᠲᠡ ᠭᠠᠷᠤᠨ᠎ᠠ᠃ ᠡᠨᠡᠳᠬᠡᠭ᠂ ᠢᠷᠡᠨ᠂ ᠬᠢᠲᠠᠳ ᠵᠡᠷᠭᠡ ᠳᠣᠷᠣᠨ᠎ᠠ ᠵᠦᠭ ᠦ᠋ᠨ ᠵᠠᠷᠢᠮ ᠣᠷᠣᠨ ᠤ᠋ ᠡᠮᠡᠭᠲᠡᠢᠴᠦᠳ ᠲᠦ᠍ ᠪᠡᠯᠭᠡ ᠶ᠋ᠢᠨ ᠬᠦᠷᠦᠯᠲᠡ ᠪᠠᠷᠤᠭ ᠲᠣᠬᠢᠶᠠᠯᠳᠤᠳᠠᠭ ᠦᠭᠡᠢ ᠨᠢ ᠰᠣᠨᠢᠨ ᠶᠤᠮ᠃ ᠶᠡᠷᠦᠨᠢ ᠪᠡᠯᠭᠡ ᠶ᠋ᠢᠨ ᠬᠦᠷᠦᠯᠲᠡ ᠪᠡᠶ᠎ᠡ ᠶ᠋ᠢᠨ ᠣᠨᠴᠠᠯᠢᠭ᠂ ᠰᠡᠳᠬᠢᠯ ᠦ᠋ᠨ ᠭᠡᠮᠲᠦᠯ ᠴᠣᠬᠢᠯᠲᠠ᠂ ᠶᠠᠩᠵᠤ ᠪᠦᠷᠢ ᠶ᠋ᠢᠨ ᠡᠪᠡᠳᠴᠢᠨ ᠡᠮᠭᠡᠭ᠂ ᠠᠭᠤᠷ ᠠᠮᠢᠰᠬᠤᠯ᠂ ᠠᠷᠠᠰᠤ ᠥᠩᠭᠡ ᠤᠳᠤᠮᠰᠢᠯ᠂ ᠠᠮᠢᠳᠤᠷᠠᠯ ᠤ᠋ᠨ ᠨᠥᠬᠥᠴᠡᠯ᠂ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ᠂ ᠰᠣᠶᠣᠯ ᠤ᠋ᠨ ᠲᠦᠪᠰᠢᠨ ᠵᠡᠷᠭᠡ ᠣᠯᠠᠨ ᠵᠦᠢᠯ ᠡᠴᠡ ᠰᠢᠯᠲᠠᠭᠠᠯᠠᠨ᠎ᠠ᠃ ᠡᠨᠡ ᠤᠳᠬ᠎ᠠ ᠠ᠋ᠴᠠ ᠠᠪᠴᠤ ᠦᠵᠡᠪᠡᠯ ᠡᠷ᠎ᠡ ᠡᠮ᠎ᠡ ᠶ᠋ᠢᠨ ᠶᠣᠰᠣᠨ ᠤ᠋ ᠬᠥᠮᠦᠵᠢᠯ ᠴᠢᠬᠤᠯᠠ ᠶᠤᠮ᠃ ᠬᠡᠷᠪᠡ ᠥᠬᠢᠳ᠂ ᠬᠥᠪᠡᠭᠦᠳ ᠡᠴᠡ ᠡᠷ᠎ᠡ ᠡᠮ᠎ᠡ ᠶ᠋ᠢᠨ ᠶᠣᠰᠣᠨ ᠤ᠋ ᠬᠣᠯᠪᠣᠭᠠᠲᠠᠢ ᠪᠦᠬᠦᠨ ᠢ᠋ ᠨᠢᠭᠤᠵᠤ᠂ ᠶᠠᠮᠠᠷ ᠨᠢᠭᠡᠨ ᠵᠢᠭᠰᠢᠭᠦᠷᠢᠲᠡᠢ᠂ ᠢᠴᠢᠭᠦᠷᠢᠲᠡᠢ᠂ ᠭᠤᠲᠤᠮᠰᠢᠭᠲᠠᠢ ᠬᠡᠷᠡᠭ ᠶᠦᠮ ᠰᠢᠭ ᠣᠢᠯᠠᠭᠠᠭᠤᠯᠬᠤ ᠨᠢ ᠬᠣᠷᠮᠣᠢ ᠶ᠋ᠢᠨ ᠶᠠᠪᠤᠳᠠᠯ ᠤ᠋ᠨ ᠲᠤᠬᠠᠢ ᠪᠤᠷᠤᠭᠤ ᠲᠥᠰᠦᠭᠡᠯᠡᠯ ᠪᠣᠢ ᠪᠣᠯᠭᠠᠵᠤ᠂ ᠪᠡᠯᠭᠡ ᠶ᠋ᠢᠨ ᠭᠥᠷᠥᠯᠲᠡ ᠶ᠋ᠢᠨ ᠨᠢᠭᠡ ᠰᠢᠯᠲᠠᠭᠠᠨ ᠪᠣᠯᠵᠤ ᠪᠣᠯᠤᠨ᠎ᠠ᠃ ᠲᠡᠭᠦᠨᠴᠢᠯᠡᠨ ᠬᠤᠷᠢᠴᠠᠯ ᠳ᠋ᠤ᠌ ᠡᠮᠡᠭᠲᠡᠢ ᠬᠥᠮᠦᠨ ᠳᠤᠷ᠎ᠠ ᠬᠦᠰᠡᠯ ᠦᠭᠡᠢ᠂ ᠢᠳᠡᠪᠬᠢ ᠦᠭᠡᠢ ᠪᠠᠢᠬᠤ ᠨᠢ ᠡᠷᠡᠭᠲᠡᠢ ᠬᠥᠮᠦᠨ ᠳ᠋ᠦ᠍ ᠢᠲᠡᠭᠡᠯ ᠲᠥᠷᠥᠭᠦᠯᠵᠦ᠂ ᠡᠮᠡᠭᠲᠡᠢ ᠬᠥᠮᠦᠨ ᠦ᠌ ᠢᠴᠢᠮᠡᠬᠡᠢ ᠳᠠᠷᠤᠤ ᠵᠠᠩ ᠴᠢᠨᠠᠷ ᠢ᠋ ᠬᠠᠷᠠᠭᠤᠯᠳᠠᠭ ᠮᠡᠲᠦ ᠪᠡᠷ ᠵᠠᠷᠢᠮ ᠡᠮᠡᠭᠲᠡᠢ ᠪᠣᠳᠣᠳᠠᠭ ᠨᠢ ᠪᠤᠷᠤᠭᠤ ᠶᠤᠮ᠃ ᠬᠤᠷᠢᠴᠠᠯ ᠳ᠋ᠤ᠌ ᠡᠮᠡᠭᠲᠡᠢ ᠬᠥᠮᠦᠨ ᠦ᠌ ᠢᠳᠡᠪᠬᠢᠲᠡᠢ ᠣᠷᠣᠯᠴᠠᠬᠤ ᠨᠢ ᠡᠷ᠎ᠡ ᠨᠥᠬᠥᠷ ᠦ᠋ᠨ ᠢ᠋ᠶ᠋ᠡᠨ ᠳᠤᠷ᠎ᠠ ᠶ᠋ᠢ ᠤᠯᠠᠮ ᠬᠥᠳᠡᠯᠭᠡᠵᠦ᠂ ᠬᠠᠢᠷ᠎ᠠ ᠶ᠋ᠢ ᠨᠢ ᠪᠤᠯᠢᠶᠠᠨ᠎ᠠ᠃ ᠮᠥᠨ ᠡᠮᠡᠭᠲᠡᠢ ᠬᠥᠮᠦᠨ ᠢ᠋ ᠬᠦᠰᠡᠬᠦ ᠦᠭᠡᠢ ᠪᠠᠢᠬᠤ ᠳ᠋ᠤᠨᠢ ᠬᠡᠲᠦᠷᠬᠡᠢ ᠠᠯᠪᠠᠳᠠᠬᠤ ᠨᠢ ᠵᠣᠬᠢᠰ ᠦᠭᠡᠢ ᠬᠡᠷᠡᠭ ᠢ᠋ ᠠᠩᠬᠠᠷᠬᠤ ᠬᠡᠷᠡᠭᠲᠡᠢ᠃ ᠡᠬᠡᠨᠡᠷ ᠢ᠋ᠶ᠋ᠡᠨ ᠣᠢᠯᠠᠭᠠᠵᠤ᠂ ᠲᠡᠪᠴᠢᠶᠡᠷᠢᠲᠡᠢ ᠬᠠᠨᠳᠤᠬᠤ ᠨᠢ ᠡᠷᠡᠭᠲᠡᠢ ᠬᠥᠮᠦᠨ ᠦ᠌ ᠬᠦᠰᠡᠯ ᠢ᠋ ᠣᠭᠲᠣᠬᠠᠨ ᠴᠦ᠍ ᠪᠠᠭᠤᠷᠠᠭᠤᠯᠬᠤ ᠦᠭᠡᠢ᠃ ᠬᠠᠷᠢᠨ ᠴᠦ᠍ ᠤᠯᠠᠮ ᠨᠡᠮᠡᠭᠳᠡᠭᠦᠯᠬᠦ ᠲᠠᠯ᠎ᠠ ᠲᠠᠢ᠃ ᠲᠡᠷᠡ ᠲᠠᠯ᠎ᠠ ᠶ᠋ᠢᠨ ᠶᠠᠭᠤᠮᠠᠨ ᠳ᠋ᠤ᠌ ᠪᠦᠷ ᠳᠤᠷ᠎ᠠ ᠦᠭᠡᠢ᠂ ᠨᠥᠬᠥᠷ ᠢ᠋ᠶ᠋ᠡᠨ ᠬᠠᠪᠢᠳᠠᠭᠤᠯᠬᠤ ᠪᠠᠨ ᠪᠣᠯᠢᠭᠰᠠᠨ᠂ ᠰᠡᠭᠦᠯ ᠦ᠋ᠨ ᠦᠶ᠎ᠡ ᠳ᠋ᠦ᠍ ᠲᠣᠯᠣᠭᠠᠢ ᠲᠠᠷᠢᠬᠢ ᠶᠡᠬᠡ ᠡᠪᠡᠳᠳᠡᠭ᠃ ᠥᠷᠯᠥᠭᠡ᠂ ᠠᠭᠤᠷ ᠤᠴᠠᠭᠠᠷ ᠲᠠᠢ᠂ ᠨᠣᠢᠷ ᠮᠠᠭᠤᠲᠠᠢ᠂ ᠶᠡᠬᠡ ᠡᠴᠡᠵᠦ ᠶᠠᠳᠠᠷᠠᠳᠠᠭ ᠪᠣᠯᠤᠭᠰᠠᠨ᠃ ᠠᠬ᠎ᠠ᠂ ᠳᠡᠭᠦᠦ ᠨᠠᠷ《ᠡᠪᠡᠰᠦ ᠲᠡᠢ ᠭᠠᠵᠠᠷ ᠮᠠᠯ ᠲᠣᠭᠲᠠᠳᠠᠭ ᠦᠭᠡᠢ᠂ ᠵᠢᠷᠭᠠᠯ ᠲᠠᠢ ᠭᠠᠵᠠᠷ ᠬᠥᠮᠦᠨ ᠲᠣᠭᠲᠠᠳᠠᠭ ᠦᠭᠡᠢ ᠭᠡᠭᠴᠢ ᠪᠡᠷ ᠲᠠ ᠬᠣᠶᠠᠷ ᠤ᠋ᠨ ᠵᠢᠷᠭᠠᠯ ᠴᠢᠨᠢ ᠳᠡᠩᠳᠡᠵᠦ᠂ ᠳᠠᠪᠠᠭᠤᠷᠠᠵᠤ ᠪᠠᠢᠭ᠎ᠠ ᠬᠡᠷᠡᠭ᠃ ᠶᠠᠭᠤ ᠭᠡᠵᠦ ᠢᠩᠭᠢᠵᠦ ᠦᠷᠭᠦᠯᠵᠢ ᠮᠠᠷᠭᠤᠯᠳᠤᠵᠤ ᠪᠠᠢᠳᠠᠭ ᠶᠤᠮ》 ᠭᠡᠵᠦ ᠨᠢᠭᠡ ᠪᠤᠰᠤ ᠤᠳᠠᠭ᠎ᠠ ᠵᠢᠮᠡᠯᠡᠭᠰᠡᠨ᠃ ᠲᠡᠳᠡ ᠶᠠᠮᠠᠷ ᠪᠢᠳᠡᠨ ᠦ᠌ ᠳᠣᠲᠣᠭᠠᠳᠤ ᠨᠠᠷᠢᠨ ᠰᠢᠷᠢᠨ ᠶᠠᠭᠤᠮ᠎ᠠ ᠶ᠋ᠢ ᠮᠡᠳᠡᠬᠦ ᠶᠦᠮ ᠪᠢᠰᠢ᠂ ᠢᠩᠭᠢᠵᠦ ᠬᠡᠯᠡᠬᠦ ᠡᠴᠡ ᠴᠦ᠍ ᠶᠠᠭᠠᠬᠢᠬᠤᠪ᠃ ᠶᠠᠭᠠᠬᠢᠵᠤ ᠴᠦ᠍ ᠰᠠᠢᠬᠠᠨ ᠪᠠᠢᠶ᠎ᠠ ᠭᠡᠬᠦ ᠪᠡᠷ ᠶᠡᠷᠦ ᠡᠴᠡ ᠪᠡᠨ ᠪᠣᠯᠬᠤ ᠦᠭᠡᠢ ᠶᠦᠮ᠃ ᠶᠠᠭᠠᠬᠢᠬᠤ ᠪᠠᠷ ᠢ᠋ᠶ᠋ᠠᠨ ᠢᠩᠭᠢᠭᠡᠳ ᠶᠦᠮ ᠪᠤᠤ ᠮᠡᠳᠡ᠃ ᠶᠠᠭᠠᠬᠢᠵᠤ ᠲᠡᠷᠡ ᠠᠵᠢᠯ ᠳ᠋ᠤ᠌ ᠰᠣᠨᠢᠷᠬᠠᠯ ᠲᠠᠢ ᠪᠣᠯᠬᠤ ᠪᠣᠢ? ᠶᠠᠭᠠᠬᠢᠭᠠᠳ ᠬᠣᠶᠠᠷ ᠬᠡᠦᠬᠡᠳ ᠲᠡᠢ ᠡᠬᠡ ᠪᠣᠯᠴᠢᠬᠠᠭᠰᠠᠨ ᠬᠥᠮᠦᠨ ᠴᠢᠨᠢ ᠳᠤᠷ᠎ᠠ ᠬᠠᠨᠳᠠᠭ ᠦᠭᠡᠢ ᠶᠦᠮ ᠪᠣᠯ ᠭᠡᠳᠡᠭ ᠢ᠋ ᠯᠡ ᠠᠰᠠᠭᠤᠵᠤ ᠯᠠᠪᠯᠠᠬᠤ ᠭᠡᠵᠦ ᠢᠷᠡᠭᠰᠡᠨ ᠶᠦᠮ ᠠ᠋᠁ ᠡᠢᠮᠦᠷᠬᠦ ᠵᠢᠰᠢᠶ᠎ᠠ ᠣᠯᠠᠨ ᠢ᠋ ᠳᠤᠷᠠᠳᠴᠤ ᠪᠣᠯᠤᠨ᠎ᠠ᠃ 
       ᠪᠢᠳᠡᠨ ᠡᠴᠡ ᠵᠥᠪᠯᠡᠯᠭᠡ ᠠᠪᠬᠤ ᠪᠠᠷ ᠢᠷᠡᠵᠦ ᠪᠠᠢᠭ᠎ᠠ ᠤᠯᠤᠰ《ᠵᠣᠪᠠᠯᠠᠩ》 ᠢ᠋ᠶ᠋ᠠᠨ ᠬᠥᠨᠳᠡᠯᠡᠨ ᠦ᠌ ᠬᠥᠮᠦᠨ ᠳ᠋ᠦ᠍ ᠶᠠᠷᠢᠬᠤ ᠶ᠋ᠢ ᠨᠢ ᠪᠤᠤ ᠬᠡᠯᠡ ᠪᠠᠷᠤᠭ ᠥᠪᠡᠷ ᠡᠴᠡ ᠪᠡᠨ ᠴᠦ᠍ ᠨᠢᠭᠤᠵᠤ ᠶᠠᠪᠤᠳᠠᠭ᠃ ᠲᠡᠷᠡ ᠨᠢᠭᠤᠴᠠ ᠶ᠋ᠢ ᠪᠢᠳᠡ ᠬᠡᠵᠢᠶ᠎ᠡ ᠴᠦ᠍ ᠵᠠᠳᠠᠷᠠᠭᠤᠯᠬᠤ ᠦᠭᠡᠢ᠃ ᠡᠨᠡ ᠪᠣᠯ ᠡᠮᠴᠢ ᠶ᠋ᠢᠨ ᠡᠭᠦᠷᠦᠭᠦᠯᠦᠭᠰᠡᠨ ᠲᠠᠩᠭᠠᠷᠢᠭ᠂ ᠡᠮᠴᠢ ᠶ᠋ᠢᠨ ᠨᠢᠭᠤᠴᠠ ᠶᠤᠮ᠃ ᠭᠠᠭᠴᠠᠬᠦ ᠡᠭᠦᠨ ᠡᠴᠡ ᠬᠥᠮᠦᠨ ᠰᠠᠨᠠᠭ᠎ᠠ ᠠᠪᠤᠭᠠᠰᠠᠢ ᠭᠡᠰᠡᠨ ᠳ᠋ᠡᠭᠡᠨ ᠪᠢᠳᠡ ᠬᠥᠮᠦᠨ ᠦ᠌ ᠠᠮᠢᠳᠤᠷᠠᠯ ᠤ᠋ᠨ ᠨᠠᠷᠢᠨ ᠨᠠᠨᠳᠢᠨ ᠶᠠᠭᠤᠮ᠎ᠠ ᠶ᠋ᠢ ᠭᠠᠷᠭᠠᠵᠤ ᠪᠢᠴᠢᠳᠡᠭ ᠶᠦᠮ᠃ ᠢᠩᠭᠢᠵᠦ ᠣᠷᠴᠢᠨ ᠦᠶ᠎ᠡ ᠳ᠋ᠦ᠍ ᠪᠣᠭᠲᠣᠯᠠᠬᠤ ᠪᠠᠨ ᠪᠠᠢᠭᠰᠠᠨ ᠴᠦ᠍ ᠪᠦᠰᠡᠭᠦᠢ ᠶ᠋ᠢᠨ ᠰᠡᠳᠬᠢᠯ ᠢ᠋ ᠣᠢᠰᠢᠶᠠᠬᠤ ᠦᠭᠡᠢ᠂ ᠭᠠᠭᠴᠠ《ᠰᠠᠢᠨ ᠬᠥᠮᠦᠨ》 ᠭᠡᠳᠡᠭ ᠢ᠋ᠶ᠋ᠡᠷ ᠰᠡᠳᠬᠢᠯ ᠦᠭᠡᠢ ᠬᠥᠮᠦᠨ ᠲᠡᠢ ᠲᠤᠯᠭᠠᠵᠤ ᠰᠠᠭᠤᠯᠭᠠᠬᠤ ᠨᠢ ᠪᠤᠷᠤᠭᠤ᠃ ᠡᠨᠡ ᠨᠢ ᠡᠴᠦᠰ ᠲᠡᠭᠡᠨ ᠶᠠᠭᠤ ᠪᠣᠯᠳᠠᠭ ᠢ᠋ ᠶᠠᠮᠠᠷ ᠪᠠᠯᠠᠭ ᠲᠠᠢ ᠪᠠᠢᠳᠠᠭ ᠢ᠋ ᠳᠡᠭᠡᠷᠡᠬᠢ ᠵᠢᠰᠢᠶ᠎ᠠ ᠲᠣᠳᠣᠷᠬᠠᠢ ᠬᠠᠷᠠᠭᠤᠯᠵᠤ ᠪᠠᠢᠨ᠎ᠠ᠃ ᠢᠩᠭᠢᠬᠦᠯᠡᠷ ᠰᠡᠳᠬᠢᠯ ᠡᠴᠡ ᠡᠷᠬᠢᠮ ᠶᠠᠭᠤᠮ᠎ᠠ ᠭᠡᠵᠦ ᠦᠭᠡᠢ᠃ ᠳᠤᠷ᠎ᠠ ᠦᠭᠡᠢ ᠳ᠋ᠦ᠍ ᠬᠦᠴᠦ ᠦᠭᠡᠢ ᠭᠡᠳᠡᠭ ᠢ᠋ᠶ᠋ᠡᠷ ᠰᠡᠳᠬᠢᠯ ᠦᠭᠡᠢ ᠬᠥᠮᠦᠨ ᠲᠡᠢ ᠣᠢᠷᠠᠳᠬᠤ ᠳ᠋ᠤ᠌ ᠶᠠᠭᠠᠬᠢᠵᠤ ᠴᠦ᠍ ᠬᠢᠴᠢᠶᠡᠭᠰᠡᠨ ᠳᠤᠷ᠎ᠠ ᠨᠢ ᠬᠦᠷᠬᠦ ᠦᠭᠡᠢ᠃ ᠬᠡᠨ ᠬᠥᠮᠦᠨ ᠳ᠋ᠦ᠍ ᠰᠡᠳᠬᠢᠯ ᠲᠡᠢ ᠪᠠᠢᠨ᠎ᠠ ᠭᠡᠳᠡᠭ ᠪᠣᠯ ᠲᠡᠭᠦᠨ ᠳ᠋ᠦ᠍ ᠳᠤᠷᠠᠲᠠᠢ ᠪᠠᠢᠨ᠎ᠠ ᠭᠡᠰᠡᠨ ᠦᠭᠡ᠃ ᠡᠢᠮᠦ ᠳ᠋ᠦ᠍ ᠳᠤᠷ᠎ᠠ ᠪᠣᠯ ᠬᠠᠢᠷ᠎ᠠ ᠰᠡᠳᠬᠢᠯ ᠦ᠋ᠨ ᠰᠠᠯᠤᠰᠢ ᠦᠭᠡᠢ ᠪᠦᠷᠢᠯᠳᠦᠬᠦᠨ ᠬᠡᠰᠡᠭ ᠪᠢᠯᠡ᠃ ᠡᠭᠦᠨ ᠢ᠋ ᠪᠢᠳᠡ ᠮᠠᠷᠲᠠᠵᠤ ᠬᠡᠷᠬᠢᠪᠡᠴᠦ ᠪᠣᠯᠬᠤ ᠦᠭᠡᠢ᠃ ᠡᠮᠡᠭᠲᠡᠢ ᠬᠥᠮᠦᠨ ᠬᠠᠩᠬᠤ ᠶ᠋ᠢᠨ ᠵᠢᠷᠭᠠᠯ ᠢ᠋ ᠠᠮᠰᠠᠨ ᠡᠳ᠋ᠯᠡᠬᠦ ᠳ᠋ᠦ᠍ ᠡᠷ᠎ᠡ ᠨᠥᠬᠥᠷ ᠢ᠋ᠶ᠋ᠡᠨ ᠬᠠᠢᠷᠠᠯᠠᠬᠤ ᠬᠠᠢᠷ᠎ᠠ ᠶ᠋ᠢᠨ ᠰᠡᠳᠬᠢᠯ ᠯᠡ ᠬᠠᠮᠤᠭ ᠠ᠋ᠴᠠ ᠴᠢᠬᠤᠯᠠ᠃ ᠨᠥᠬᠥᠷ ᠲᠡᠭᠡᠨ ᠦᠨᠡᠨ ᠭᠣᠣᠯ ᠠ᠋ᠴᠠ ᠪᠠᠨ ᠬᠠᠢᠷᠠᠲᠠᠢ ᠯᠠ ᠪᠣᠯ ᠬᠠᠩᠬᠤ ᠦᠭᠡᠢ ᠵᠣᠪᠠᠯᠠᠩ ᠭᠠᠷᠬᠤ ᠦᠭᠡᠢ ᠶ᠋ᠢ ᠪᠠᠰᠠ ᠳᠠᠬᠢᠨ ᠲᠡᠮᠳᠡᠭᠯᠡᠶ᠎ᠡ᠃ ᠠᠮᠢᠳᠤᠷᠠᠯ ᠤ᠋ᠨ ᠬᠠᠨᠢ ᠪᠠᠨ ᠵᠥᠪ ᠰᠣᠩᠭᠣᠵᠤ᠂ ᠥᠨᠢᠷ ᠥᠳᠬᠡᠨ᠂ ᠰᠠᠢᠨ ᠰᠠᠢᠬᠠᠨ ᠠᠮᠢᠳᠤᠷᠠᠵᠤ ᠶᠠᠪᠤᠭ᠎ᠠ ᠬᠣᠣᠰ ᠤ᠋ᠳ ᠪᠡᠯᠭᠡ ᠶ᠋ᠢᠨ ᠬᠠᠷᠢᠴᠠᠭᠠᠨ ᠤ᠋ ᠲᠠᠯ᠎ᠠ ᠪᠠᠷ ᠴᠦ᠍ ᠬᠣᠭᠣᠷᠣᠨᠳᠣ ᠪᠠᠨ ᠬᠡᠯᠡᠬᠦ ᠥ ᠦᠭᠡᠢ ᠪᠠᠢᠳᠠᠭ᠃ ᠥᠭᠡᠷ᠎ᠡ ᠪᠡᠷ ᠬᠡᠯᠡᠪᠡᠯ᠂ ᠬᠠᠨᠢᠯᠠᠭᠰᠠᠨ ᠡᠷ᠎ᠡ᠂ ᠡᠮ᠎ᠡ ᠬᠣᠭᠣᠷᠣᠨᠳᠣ ᠪᠠᠨ ᠪᠡᠯᠭᠡ ᠶ᠋ᠢᠨ ᠬᠠᠷᠢᠴᠠᠭᠠᠨ ᠤ᠋ ᠲᠠᠯ᠎ᠠ ᠪᠠᠷ ᠠᠯᠢ ᠬᠢᠷᠢ ᠲᠠᠭᠠᠷᠠᠵᠤ ᠲᠣᠬᠢᠷᠠᠵᠤ ᠪᠠᠢᠨ᠎ᠠ᠂ ᠲᠡᠳᠦᠢ ᠴᠢᠨᠡᠭᠡ ᠠᠮᠢᠳᠤᠷᠠᠯ ᠨᠢ ᠠᠵᠠ ᠵᠢᠷᠭᠠᠯ ᠪᠢᠯᠬᠠᠭᠰᠠᠨ᠂ ᠰᠡᠳᠬᠢᠯ ᠰᠠᠨᠠᠭ᠎ᠠ ᠬᠠᠩᠭᠠᠯᠤᠭᠤᠨ ᠶᠠᠪᠤᠳᠠᠭ ᠪᠠᠢᠨ᠎ᠠ᠃ ᠲᠡᠢᠮᠦ ᠬᠣᠣᠰ ᠤ᠋ᠳ ᠬᠡᠷᠡᠯᠳᠦᠵᠦ ᠮᠠᠷᠭᠤᠬᠤ ᠨᠢ ᠬᠣᠪᠣᠷᠬᠠᠨ᠂ ᠬᠡᠨ ᠬᠡᠨ ᠢ᠋ᠶ᠋ᠡᠨ ᠶᠡᠬᠡ ᠬᠦᠨᠳᠦᠳᠬᠡᠳᠡᠭ᠂ ᠭᠡᠮ ᠢ᠋ ᠨᠢ ᠠᠭᠤᠴᠢᠯᠠᠵᠤ ᠥᠩᠭᠡᠷᠡᠭᠡᠳᠡᠭ ᠤᠯᠤᠰ ᠪᠠᠢᠬᠤ ᠶᠤᠮ᠃ ᠲᠡᠭᠡᠪᠡᠯ ᠰᠠᠯᠬᠤ ᠶ᠋ᠢᠨ ᠪᠣᠱᠣᠭᠠᠨ ᠳᠡᠭᠡᠷ᠎ᠡ ᠲᠤᠯᠵᠤ ᠢᠷᠡᠴᠢᠬᠡᠭᠡᠳ ᠪᠠᠢᠭ᠎ᠠ ᠪᠤᠶᠤ ᠦᠷᠭᠦᠯᠵᠢ ᠬᠡᠷᠡᠯᠳᠦᠵᠦ ᠮᠠᠷᠭᠤᠳᠠᠭ ᠬᠣᠣᠰ ᠤ᠋ᠳ ᠪᠡᠯᠭᠡ ᠶ᠋ᠢᠨ ᠬᠠᠷᠢᠴᠠᠭᠠᠨ ᠤ᠋ ᠲᠠᠯ᠎ᠠ ᠪᠠᠷ ᠬᠣᠭᠣᠷᠣᠨᠳᠣ ᠪᠠᠨ ᠭᠣᠣᠯᠳᠠᠭᠤ ᠲᠠᠭᠠᠷᠠᠵᠤ ᠲᠤᠬᠢᠷᠠᠳᠠᠭ ᠦᠭᠡᠢ᠃ ᠡᠭᠦᠨ ᠦ᠌ ᠨᠢᠭᠡ ᠭᠡᠷᠡᠴᠢ ᠪᠣᠯ ᠳᠡᠭᠡᠷ᠎ᠡ ᠥᠭᠦᠯᠡᠭᠰᠡᠨ ᠵᠢᠰᠢᠶ᠎ᠠ ᠶᠤᠮ᠃ ᠬᠡᠷᠪᠡ ᠲᠡᠳᠡ ᠪᠡᠯᠭᠡ ᠶ᠋ᠢᠨ ᠬᠠᠷᠢᠴᠠᠭᠠᠨ ᠤ᠋ ᠲᠠᠯ᠎ᠠ ᠪᠠᠷ ᠬᠣᠭᠣᠷᠣᠨᠳᠣ ᠪᠠᠨ ᠲᠠᠭᠠᠷᠠᠵᠤ ᠲᠤᠬᠢᠷᠠᠳᠠᠭ ᠪᠠᠢᠭᠰᠠᠨ ᠰᠠᠨ ᠪᠣᠯ ᠠᠭᠠᠵᠢᠮ ᠳ᠋ᠠᠭᠠᠨ ᠬᠡᠨ ᠬᠡᠨ ᠳ᠋ᠡᠭᠡᠨ ᠢᠵᠢᠯᠢᠳᠦᠨ ᠲᠡᠰᠴᠦ ᠡᠢᠮᠦ《ᠵᠣᠪᠠᠯᠠᠩ ᠲᠠᠢ》 ᠪᠠᠢᠳᠠᠯ ᠳ᠋ᠤ᠌ ᠬᠦᠷᠬᠦ ᠦᠭᠡᠢ ᠪᠠᠢᠭᠰᠠᠨ᠃
       ᠨᠥᠭᠦᠭᠡ ᠨᠢᠭᠡ ᠰᠣᠨᠢᠨ ᠵᠦᠢᠯ ᠪᠣᠯ ᠬᠠᠨᠢᠯᠠᠭᠰᠠᠨ ᠬᠣᠶᠠᠷ ᠤ᠋ᠨ ᠡᠪ ᠳᠦᠨᠵᠢᠨ᠂ ᠬᠤᠶᠠᠯᠢ ᠦᠢᠯᠡᠳᠬᠦ᠂ ᠲᠣᠭ᠎ᠠ ᠬᠡᠮᠵᠢᠶ᠎ᠡ ᠨᠢ ᠬᠣᠭᠣᠷᠣᠨᠳᠣ ᠪᠠᠨ ᠰᠢᠭᠤᠳ ᠬᠠᠮᠢᠶᠠᠷᠤᠯᠲᠠᠢ ᠪᠠᠢᠳᠠᠭ ᠢ᠋ ᠪᠢᠳᠡᠨ ᠦ᠌ ᠰᠤᠳᠤᠯᠭᠠᠨ ᠬᠠᠷᠠᠭᠤᠯᠪᠠ᠃ ᠥᠭᠡᠷ᠎ᠡ ᠪᠡᠷ ᠬᠡᠯᠡᠪᠡᠯ᠂ ᠡᠪ ᠳᠦᠨᠵᠢᠨ ᠰᠠᠢᠲᠠᠢ ᠬᠣᠣᠰ ᠤ᠋ᠳ ᠤ᠋ᠨ ᠬᠤᠶᠠᠯᠢ ᠦᠢᠯᠡᠳᠬᠦ ᠲᠣᠭ᠎ᠠ ᠬᠡᠮᠵᠢᠶ᠎ᠡ ᠣᠯᠠᠨ(ᠳᠣᠯᠣᠭ᠎ᠠ ᠬᠣᠨᠣᠭ ᠲᠤ᠌3-4 ᠤᠳᠠᠭ᠎ᠠ) ᠪᠠᠢᠬᠤ ᠳ᠋ᠤ᠌ ᠦᠷᠭᠦᠯᠵᠢ ᠬᠡᠷᠡᠯᠳᠦᠵᠦ ᠮᠠᠷᠭᠤᠳᠠᠭ ᠬᠣᠣᠰ ᠤ᠋ᠳ ᠤ᠋ᠨ ᠬᠠᠪᠢᠳᠠᠵᠤ ᠨᠢ ᠬᠦᠷᠲᠡᠯ᠎ᠡ ᠬᠣᠪᠣᠷᠬᠠᠨ᠂ ᠴᠥᠭᠡᠨ( ᠵᠢᠯ ᠳ᠋ᠦ᠍ ᠲᠣᠭᠠᠲᠠᠢ ᠬᠡᠳᠦᠨ ᠤᠳᠠᠭ᠎ᠠ) ᠲᠡᠳᠦᠢ ᠦᠭᠡᠢ ᠡᠢᠮᠦ ᠠᠢᠯ ᠭᠡᠷ ᠦ᠋ᠨ ᠡᠵᠡᠭᠲᠡᠢ ᠶᠡᠬᠡᠪᠴᠢᠯᠡᠨ ᠳᠤᠷ᠎ᠠ ᠬᠠᠨᠵᠤ ᠦᠵᠡᠭᠡ ᠦᠭᠡᠢ ᠪᠠᠢᠬᠤ ᠶᠤᠮ᠃ ᠪᠢᠳᠡᠨ ᠦ᠌ ᠰᠤᠳᠤᠯᠭᠠᠨ ᠠ᠋ᠴᠠ ᠦᠵᠡᠬᠦ ᠳ᠋ᠦ᠍ ᠪᠡᠯᠭᠡ ᠶ᠋ᠢᠨ ᠬᠠᠷᠢᠴᠠᠭᠠᠨ ᠤ᠋ ᠲᠠᠯ᠎ᠠ ᠪᠠᠷ ᠡᠷ᠎ᠡ᠂ ᠡᠮ᠎ᠡ ᠬᠣᠶᠠᠷ ᠬᠠᠨᠤᠮᠵᠢ ᠦᠭᠡᠢ ᠪᠠᠢᠬᠤ ᠨᠢ ᠴᠥᠭᠡᠨ ᠦᠭᠡᠢ ᠲᠣᠬᠢᠶᠠᠯᠳᠤᠵᠤ ᠪᠠᠢᠨ᠎ᠠ᠃ ᠨᠡᠷ᠎ᠡ ᠦᠭᠡᠢ ᠬᠠᠭᠤᠳᠠᠰᠤ ᠪᠠᠷ ᠰᠤᠳᠤᠯᠭ᠎ᠠ ᠪᠠᠨ ᠠᠪᠴᠤ ᠦᠵᠡᠬᠦ ᠳ᠋ᠦ᠍ ᠲᠡᠭᠦᠨ ᠳ᠋ᠦ᠍ ᠬᠠᠮᠤᠷᠤᠭᠰᠠᠳ ᠤ᠋ᠨ ᠪᠠᠷᠤᠭ ᠳᠠᠩ ᠬᠠᠭᠠᠰ ᠬᠤᠪᠢ ᠨᠢ ᠪᠡᠯᠭᠡ ᠶ᠋ᠢᠨ ᠬᠠᠷᠢᠴᠠᠭᠠᠨ ᠤ᠋ ᠲᠠᠯ᠎ᠠ ᠪᠠᠷ ᠬᠠᠨᠤᠮᠵᠢ ᠦᠭᠡᠢ ᠶᠠᠪᠤᠳᠠᠭ ᠪᠠᠢᠨ᠎ᠠ᠃ ᠪᠡᠯᠭᠡ ᠶ᠋ᠢᠨ ᠬᠦᠷᠦᠯᠲᠡ ᠶ᠋ᠢ ᠡᠮᠴᠢᠯᠡᠬᠦ ᠳ᠋ᠦ᠍ ᠤᠳᠠᠭᠠᠨ ᠬᠤᠭᠤᠴᠠᠭ᠎ᠠ ᠱᠠᠭᠠᠷᠳᠠᠳᠠᠭ ᠪᠥᠭᠡᠳ ᠲᠡᠭᠦᠨ ᠳ᠋ᠦ᠍ ᠬᠥᠮᠦᠨ ᠦ᠌ ᠥᠪᠡᠷ ᠦ᠋ᠨ ᠢᠳᠡᠪᠬᠢ ᠴᠢᠷᠮᠠᠢᠯᠲᠠ ᠨᠡᠩ ᠴᠢᠬᠤᠯᠠ᠃ ᠭᠡᠬᠦ ᠳ᠋ᠡᠭᠡᠨ ᠡᠮᠴᠢᠯᠡᠭᠡ ᠰᠠᠢᠨ ᠦᠷ᠎ᠡ ᠳ᠋ᠦᠩ ᠥᠭᠴᠦ ᠪᠠᠢᠭ᠎ᠠ ᠶᠤᠮ᠃ ᠡᠭᠦᠨ ᠦ᠌ ᠵᠡᠷᠭᠡᠴᠡᠭᠡ ᠡᠮᠴᠢᠯᠡᠭᠡ ᠬᠢᠯᠭᠡᠭᠡᠳ ᠲᠤᠰᠠ ᠪᠣᠯᠤᠭ᠎ᠠ ᠦᠭᠡᠢ ᠴᠥᠭᠡᠨ ᠲᠣᠬᠢᠶᠠᠯᠳᠤᠯ ᠪᠣᠢ ᠶ᠋ᠢ ᠪᠠᠰᠠ ᠨᠢᠭᠤᠬᠤ ᠶᠠᠭᠤᠨ ᠪᠢᠯᠡ᠃ 
       ᠶᠠᠮᠠᠷ ᠴᠦ᠍ ᠠᠲᠤᠭᠠᠢ《ᠵᠢᠷᠭᠠᠯ ᠢ᠋ ᠬᠦᠰᠡᠪᠡᠯ ᠡᠷᠡᠭᠦᠯ ᠢ᠋ ᠬᠦᠰᠡ᠂ ᠡᠷᠡᠭᠦᠯ ᠢ᠋ ᠬᠦᠰᠡᠪᠡᠯ ᠡᠮᠨᠡᠯᠭᠡ ᠶ᠋ᠢ ᠬᠦᠰᠡ》 ᠭᠡᠵᠦ ᠶᠡᠬᠡ ᠳ· ᠨᠠᠴᠤᠭᠳᠣᠷᠵᠢ ᠶ᠋ᠢᠨ ᠬᠡᠯᠡᠭᠰᠡᠨᠴᠢᠯᠡᠨ ᠡᠮᠨᠡᠯᠭᠡ ᠪᠠᠷᠠᠭᠠᠳᠠᠪᠠᠯ ᠡᠷᠬᠡᠪᠰᠢ ᠠᠷᠭ᠎ᠠ ᠨᠢ ᠣᠯᠳᠠᠨ᠎ᠠ᠃ ᠦᠵᠡᠰᠬᠦᠯᠡᠩᠲᠦ ᠰᠠᠢᠬᠠᠨ ᠮᠣᠩᠭᠣᠯ ᠪᠦᠰᠡᠭᠦᠢᠴᠦᠦᠯ ᠮᠢᠨᠢ ᠠ᠋! ᠲᠠᠨᠠᠷ ᠮᠢᠨᠢ ᠦᠭᠡᠢ ᠰᠠᠨ ᠪᠣᠯ ᠪᠠᠢᠭᠠᠯᠢ ᠳᠡᠯᠡᠬᠡᠢ ᠳ᠋ᠦ᠍ ᠡᠨᠡ ᠪᠠᠶᠠᠰᠬᠤᠯᠠᠩᠲᠤ ᠠᠮᠢᠳᠤ《 ᠡᠳ᠋ ᠡᠰ ᠦ᠋ᠳ》 ᠪᠠᠢᠨ᠎ᠠ ᠭᠡᠵᠦ ᠤᠤ? ᠦᠭᠡᠢ᠂ ᠡᠢᠮᠦ ᠤᠴᠢᠷ ᠠ᠋ᠴᠠ ᠪᠦᠰᠡᠭᠦᠢᠴᠦᠦᠯ ᠮᠢᠨᠢ ᠲᠠᠩᠳᠠ ᠢᠨᠢᠶᠡᠮᠰᠦᠭᠯᠡᠵᠦ ᠶᠠᠪᠤᠭᠠᠷᠠᠢ᠃