ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠠᠷᠪᠠ᠂ ᠪᠡᠯᠭᠡ ᠶᠢᠨ ᠰᠤᠯᠠᠷᠠᠯ Эр эмийн ёсон – Д᠂ Болдцэрэн <Нэгдүгээр бүлэг>– Арав ᠂ Бэлгийн сулрал
ᠠᠷᠪᠠ᠂ ᠪᠡᠯᠭᠡ ᠶᠢᠨ ᠰᠤᠯᠠᠷᠠᠯ — ᠪᠦᠦ ᠭᠤᠲᠤᠷᠠ
ᠡᠳᠦᠷ ᠦ᠋ᠨ ᠦᠵᠡᠯᠭᠡ ᠦᠨᠳᠦᠰᠦᠨ ᠳ᠋ᠡᠭᠡᠨ ᠳᠠᠭᠤᠰᠴᠤ ᠭᠠᠷᠬᠤ ᠶ᠋ᠢ ᠵᠠᠪᠳᠤᠵᠤ ᠪᠠᠢᠲᠠᠯ᠎ᠠ ᠭᠤᠴᠢ ᠣᠷᠴᠢᠮ ᠨᠠᠰᠤᠨ ᠤ᠋᠂ ᠠᠶᠠᠲᠠᠢᠬᠠᠨ ᠬᠤᠪᠴᠠᠰᠤᠯᠠᠭᠰᠠᠨ᠂ ᠨᠢᠳᠦᠨ ᠳ᠋ᠦ᠍ ᠳᠤᠯᠠᠭᠠᠬᠠᠨ ᠵᠠᠯᠠᠭᠤ ᠣᠷᠣᠵᠤ ᠢᠷᠡᠭᠡᠳ ᠭᠤᠨᠢᠭᠲᠠᠢ ᠨᠢᠳᠦ ᠪᠡᠷ ᠵᠣᠪᠠᠩᠭᠤᠢ ᠥᠭᠡᠳᠡ ᠡᠴᠡ ᠬᠠᠶᠠᠭᠰᠠᠨ ᠢ᠋ᠶ᠋ᠠᠨ᠄
— ᠡᠮᠴᠢ ᠠ᠋! ᠶ᠋ᠢᠨ ᠲᠠᠨ ᠠ᠋ᠴᠠ ᠵᠥᠪᠯᠡᠯᠭᠡ ᠠᠪᠬᠤ ᠭᠡᠰᠡᠨ ᠶᠦᠮ᠃ ᠶᠠᠭᠤ ᠴᠦ᠍ ᠭᠡᠮᠡᠷ ᠶᠦᠮ ᠪᠣᠢ ᠳᠠ᠁ ᠶᠠᠷᠢᠬᠤ ᠳ᠋ᠤ᠌ ᠬᠡᠴᠡᠭᠦᠦ ᠶᠦᠮ᠃ ᠪᠢ ᠤᠤᠯ ᠨᠢ ᠡᠬᠡᠨᠡᠷ ᠲᠡᠢ᠂ ᠬᠣᠶᠠᠷ ᠬᠡᠦᠬᠡᠳ ᠲᠠᠢ ᠯᠠ ᠳᠠ᠁ ᠡᠬᠡᠨᠡᠷ ᠮᠠᠨᠢ ᠨᠠᠳᠠ ᠳ᠋ᠤ᠌ ᠰᠠᠢᠨ ᠪᠢ ᠴᠦ᠍ ᠲᠡᠭᠦᠨ ᠳ᠋ᠦ᠍ ᠰᠠᠢᠨ ᠨᠢᠭᠡ ᠦᠭᠡ ᠪᠡᠷ ᠬᠡᠯᠡᠪᠡᠯ ᠪᠢᠳᠡ ᠬᠣᠶᠠᠭᠤᠯᠠ ᠬᠡᠨ ᠬᠡᠨ ᠳ᠋ᠡᠭᠡᠨ ᠪᠡᠶ᠎ᠡ ᠰᠡᠳᠬᠢᠯ ᠦ᠋ᠨ ᠵᠢᠷᠭᠠᠯ ᠪᠡᠯᠭᠡᠯᠡᠵᠦ ᠴᠢᠳᠠᠳᠠᠭ ᠪᠠᠢᠭᠰᠠᠨ ᠶᠤᠮ᠃ ᠭᠡᠲᠡᠯ᠎ᠡ ᠁ ᠶᠠᠭᠤ ᠴᠦ᠍ ᠭᠡᠮᠡᠷ ᠶᠦᠮ ᠪᠣᠢ ᠳᠠ᠃ ᠢᠳᠡ ᠵᠠᠯᠠᠭᠤ ᠪᠠᠷ ᠢ᠋ᠶ᠋ᠠᠨ ᠁ ᠡᠢᠮᠦ ᠪᠣᠯᠴᠢᠬᠠᠬᠤ ᠭᠡᠵᠦ ᠤᠭ ᠨᠢ ᠰᠠᠶᠢᠬᠠᠨ ᠪᠣᠯᠲᠠᠯ᠎ᠠ《ᠵᠦᠭᠡᠷ》 ᠪᠠᠢᠭᠰᠠᠨ ᠶᠤᠮ ᠯᠠ ᠳᠠ᠃ ᠲᠠ ᠣᠢᠯᠠᠭᠠᠵᠤ ᠪᠠᠢᠭ᠎ᠠ ᠪᠢᠵᠡ ᠳᠡ᠃ ᠡᠢᠮᠦ ᠨᠢᠭᠡ ᠵᠣᠪᠠᠯᠠᠩ ᠳ᠋ᠤ᠌ ᠤᠨᠠᠴᠢᠬᠠᠭᠠᠳ ᠶᠠᠪᠤᠵᠤ ᠪᠠᠢᠨ᠎ᠠ᠃ ᠶᠠᠭᠠᠬᠢᠳᠠᠭ ᠴᠦ᠍ ᠪᠠᠢᠭ᠎ᠠ ᠶᠤᠮ ᠪᠣᠢ᠃ ᠬᠠᠮᠤᠭ ᠤ᠋ᠨ ᠬᠡᠴᠡᠭᠦᠦ ᠵᠣᠪᠠᠯᠠᠩ ᠴᠢᠨᠢ ᠶᠣᠰᠣᠲᠠᠢ ᠡᠨᠡ ᠯᠡ ᠪᠠᠢᠭ᠎ᠠ ᠶᠤᠮ ᠪᠠᠢᠨ᠎ᠠ! ᠲᠠ ᠨᠠᠳᠠ ᠳ᠋ᠤ᠌ ᠲᠤᠰᠠ ᠪᠣᠯᠵᠤ ᠵᠥᠪᠯᠡᠯᠭᠡ ᠥᠭᠬᠦ ᠦᠭᠡᠢ ᠭᠡᠵᠦ ᠤᠤ? ᠭᠡᠷ ᠲᠦ᠍ ᠣᠷᠣᠬᠤ ᠠ᠋ᠴᠠ ᠪᠠᠨ ᠴᠦ᠍ ᠵᠣᠪᠠᠬᠤ ᠰᠢᠭ᠋ ᠪᠣᠯᠬᠤ ᠶᠤᠮ ᠭᠡᠵᠦ ᠭᠤᠨᠢᠭ ᠳᠦᠭᠦᠷᠡᠩ ᠶᠠᠷᠢᠵᠤ ᠰᠠᠨᠠᠭ᠎ᠠ ᠠᠯᠳᠠᠪᠠ᠃
ᠲᠡᠷᠡ ᠵᠠᠯᠠᠭᠤ ᠲᠠᠢ ᠨᠢ ᠨᠣ ᠦᠭᠡᠢ ᠶᠠᠷᠢᠯᠴᠠᠭᠰᠠᠨ ᠤ᠋ ᠡᠴᠦᠰ ᠲᠦ᠍ ᠪᠡᠯᠭᠡ ᠶ᠋ᠢᠨ ᠰᠤᠯᠠᠷᠠᠯ ᠡᠢᠮᠦ ᠪᠠᠢᠳᠠᠯ ᠳ᠋ᠤ᠌ ᠬᠦᠷᠭᠡᠭᠰᠡᠨ ᠨᠢ ᠲᠣᠳᠣᠷᠬᠠᠢ ᠪᠣᠯᠪᠠ᠃ ᠪᠢ ᠲᠡᠭᠦᠨ ᠳ᠋ᠦ᠍ ᠡᠨᠡ ᠪᠣᠯ ᠪᠡᠯᠭᠡ ᠶ᠋ᠢᠨ ᠦᠢᠯᠡ ᠠᠵᠢᠯᠯᠠᠭᠠᠨ ᠤ᠋ ᠲᠦᠷ ᠵᠠᠭᠤᠷ᠎ᠠ ᠶ᠋ᠢᠨ ᠬᠢᠮᠤᠷᠠᠯ ᠭᠡᠳᠡᠭ ᠢ᠋ ᠣᠢᠯᠠᠭᠠᠭᠤᠯᠵᠤ ᠪᠦᠷᠢᠨ ᠡᠮᠴᠢᠯᠡᠭᠡ ᠠᠪᠳᠠᠭ ᠢ᠋ ᠲᠠᠢᠯᠪᠤᠷᠢᠯᠠᠨ ᠶᠠᠷᠢᠵᠤ᠂ ᠢᠲᠡᠭᠡᠭᠦᠯᠦᠭᠰᠡᠨ᠃ ᠡᠨᠡ ᠶᠠᠪᠤᠳᠠᠯ ᠠ᠋ᠴᠠ ᠬᠣᠢᠰᠢ ᠬᠣᠶᠠᠷ ᠵᠢᠯ ᠦ᠋ᠨ ᠳᠠᠷᠠᠭ᠎ᠠ ᠮᠠᠨᠢ ᠡᠷ᠎ᠡ ᠠᠯᠠᠭ ᠦᠷ᠎ᠡ ᠪᠡᠨ ᠲᠡᠪᠡᠷᠢᠨ ᠡᠬᠡᠨᠡᠷ ᠦ᠋ᠨ ᠢ᠋ᠶ᠋ᠡᠨ ᠬᠠᠮᠲᠤ ᠢᠷᠡᠵᠦ ᠪᠠᠶᠠᠷᠯᠠᠵᠤ ᠶᠠᠪᠤᠳᠠᠭ ᠢ᠋ᠶ᠋ᠠᠨ ᠥᠭᠦᠯᠡᠭᠰᠡᠨ ᠶᠦᠮ᠃ ᠶᠡᠷᠦᠨᠢ ᠡᠷ᠎ᠡ ᠡᠮ᠎ᠡ ᠶ᠋ᠢᠨ ᠰᠤᠳᠤᠯᠤᠯ ᠤ᠋ᠨ ᠫᠷᠠᠺᠲ᠋ᠢᠭ ᠲᠤ᠌ ᠪᠡᠯᠭᠡ ᠶ᠋ᠢᠨ ᠰᠤᠯᠠᠷᠠᠯ ᠲᠠᠢ ᠡᠷᠡᠴᠦᠳ ᠲᠣᠬᠢᠶᠠᠯᠳᠤᠬᠤ ᠨᠢ ᠴᠥᠭᠡᠨ ᠦᠭᠡᠢ᠃ ᠲᠡᠭᠦᠨᠴᠢᠯᠡᠨ ᠡᠨᠳᠡ ᠲᠡᠨᠳᠡ ᠶᠠᠷᠢᠶ᠎ᠠ ᠬᠢᠵᠦ ᠯᠸᠺᠽᠢ ᠤᠩᠰᠢᠬᠤ ᠳ᠋ᠤ᠌ ᠪᠡᠯᠭᠡ ᠶ᠋ᠢᠨ ᠰᠤᠯᠠᠷᠠᠯ ᠭᠡᠵᠦ ᠶᠠᠭᠤ ᠪᠣᠢ? ᠲᠡᠭᠦᠨ ᠦ᠌ ᠰᠢᠯᠲᠠᠭᠠᠨ? ᠪᠡᠯᠭᠡ ᠶ᠋ᠢᠨ ᠰᠤᠯᠠᠷᠠᠯ ᠠ᠋ᠴᠠ ᠬᠡᠷᠬᠢᠨ ᠰᠡᠷᠭᠡᠢᠯᠡᠬᠦ ᠪᠣᠢ? ᠪᠡᠯᠭᠡ ᠶ᠋ᠢᠨ ᠰᠤᠯᠠᠷᠠᠯ ᠲᠠᠢ ᠬᠥᠮᠦᠨ ᠢ᠋ ᠡᠮᠴᠢᠯᠡᠵᠦ ᠪᠣᠯᠬᠤ ᠤᠤ? ᠭᠡᠬᠦ ᠵᠡᠷᠭᠡ ᠡᠳᠦᠢ ᠲᠡᠳᠦᠢ ᠠᠰᠠᠭᠤᠯᠲᠠ ᠭᠠᠷᠳᠠᠭ᠃ ᠪᠡᠯᠭᠡ ᠶᠢᠨ ᠰᠤᠯᠠᠷᠠᠯ ᠭᠡᠳᠡᠭ ᠪᠣᠯ ᠡᠷᠡᠭᠲᠡᠢ ᠬᠥᠮᠦᠨ ᠬᠤᠷᠢᠴᠠᠯ ᠦᠢᠯᠡᠳᠴᠦ ᠴᠢᠳᠠᠬᠤ ᠦᠭᠡᠢ ᠪᠠᠢᠬᠤ ᠶ᠋ᠢ ᠬᠡᠯᠡᠨ᠎ᠡ᠃ ᠡᠭᠦᠨ ᠢ᠋ ᠠᠨᠠᠭᠠᠬᠤ ᠤᠬᠠᠭᠠᠨ ᠳ᠋ᠤ᠌《ᠢᠮᠫᠣᠲ᠋ᠸᠨ᠋ᠽᠢᠶᠠ》 ᠭᠡᠵᠦ ᠨᠡᠷᠡᠯᠡᠳᠡᠭ᠃ ᠪᠡᠯᠭᠡ ᠶ᠋ᠢᠨ ᠰᠤᠯᠠᠷᠠᠯ ᠭᠡᠳᠡᠭ ᠨᠡᠷ᠎ᠡ ᠲᠣᠮᠢᠶ᠎ᠠ ᠶ᠋ᠢ ᠵᠥᠪᠬᠡᠨ ᠡᠷᠡᠭᠲᠡᠢ ᠬᠥᠮᠦᠨ ᠳ᠋ᠦ᠍ ᠯᠡ ᠬᠡᠷᠡᠭᠯᠡᠬᠦ ᠡᠴᠡ ᠪᠢᠰᠢ᠂ ᠡᠮᠡᠭᠲᠡᠢ ᠬᠥᠮᠦᠨ ᠳ᠋ᠦ᠍ ᠬᠡᠷᠡᠭᠯᠡᠬᠦ ᠦᠭᠡᠢ᠃ ᠡᠮᠡᠭᠲᠡᠢ ᠬᠥᠮᠦᠨ ᠳ᠋ᠦ᠍ ᠪᠡᠯᠭᠡ ᠶ᠋ᠢᠨ ᠰᠤᠯᠠᠷᠠᠯ ᠭᠡᠵᠦ ᠪᠠᠢᠳᠠᠭ ᠦᠭᠡᠢ᠂ ᠬᠠᠷᠢᠨ ᠪᠡᠯᠭᠡ ᠶ᠋ᠢᠨ ᠬᠦᠷᠦᠯᠲᠡ ᠭᠡᠵᠦ ᠨᠡᠯᠢᠶᠡᠳ ᠲᠣᠬᠢᠶᠠᠯᠳᠤᠨ᠎ᠠ᠃ ᠪᠡᠯᠭᠡ ᠶ᠋ᠢᠨ ᠰᠤᠯᠠᠷᠠᠯ ᠨᠢ ᠪᠡᠯᠭᠡ ᠡᠷᠬᠡᠲᠡᠨ ᠦ᠌ ᠬᠥᠪᠴᠢᠷᠡᠯᠲᠡ ᠰᠤᠯᠠᠷᠠᠬᠤ ᠪᠤᠶᠤ ᠬᠥᠪᠴᠢᠷᠡᠬᠦ ᠪᠡᠨ ᠪᠣᠯᠢᠬᠤ᠂ ᠡᠰᠡᠪᠡᠯ ᠦᠷ᠎ᠡ ᠶ᠋ᠢᠨ ᠰᠢᠩᠭᠡᠨ ᠢ᠋ᠶ᠋ᠡᠨ ᠲᠦᠷᠭᠡᠨ ᠠᠯᠳᠠᠬᠤ ᠭᠡᠰᠡᠨ ᠦᠨᠳᠦᠰᠦᠨ ᠬᠣᠶᠠᠷ ᠰᠢᠨᠵᠢ ᠢᠯᠡᠷᠡᠨ᠎ᠡ᠃ ᠡᠳᠡᠭᠡᠷ ᠨᠢ ᠳ᠋ᠠᠩ ᠳ᠋ᠠᠩ ᠢ᠋ᠶ᠋ᠠᠷ ᠶᠤᠮ ᠤᠤ ᠡᠰᠡᠪᠡᠯ ᠨᠢᠭᠡ ᠨᠢ ᠨᠥᠭᠦᠭᠡ ᠲᠡᠢ ᠪᠡᠨ ᠬᠠᠪᠰᠤᠷᠴᠤ ᠲᠣᠬᠢᠶᠠᠯᠳᠤᠵᠤ ᠪᠣᠯᠤᠨ᠎ᠠ᠃ ᠶᠠᠮᠠᠷ ᠴᠦ᠍ ᠪᠠᠢᠲᠤᠭᠠᠢ ᠡᠮᠡᠭᠲᠡᠢ ᠬᠥᠮᠦᠨ ᠦ᠌ ᠴᠢᠷᠠᠢ ᠵᠢᠰᠦ ᠰᠠᠢᠲᠠᠢ ᠪᠠᠢᠬᠤ ᠶ᠋ᠢ ᠬᠠᠮᠤᠭ ᠠ᠋ᠴᠠ ᠡᠷᠬᠢᠮᠨᠡᠳᠡᠭ ᠪᠣᠯ ᠡᠷᠡᠭᠲᠡᠢ ᠬᠥᠮᠦᠨ ᠦ᠌ ᠲᠤᠬᠠᠢ ᠳ᠋ᠤ᠌ ᠬᠤᠷᠢᠴᠠᠬᠤ ᠴᠢᠳᠠᠪᠤᠷᠢ ᠲᠠᠢ ᠪᠠᠢᠬᠤ ᠯᠠ ᠬᠠᠮᠤᠭ ᠠ᠋ᠴᠠ ᠴᠢᠬᠤᠯᠠ᠃《ᠮᠠᠭᠤᠬᠠᠢ ᠡᠷ᠎ᠡ ᠭᠡᠵᠦ ᠪᠠᠢᠳᠠᠭ ᠦᠭᠡᠢ᠂ ᠮᠠᠭᠤ ᠡᠷ᠎ᠡ ᠭᠡᠵᠦ ᠪᠠᠢᠳᠠᠭ》 ᠭᠡᠵᠦ ᠬᠣᠱᠣᠩᠨᠠᠳᠠᠭ ᠨᠢ ᠣᠷᠣ ᠦᠭᠡᠢ ᠴᠦ᠍ ᠪᠢᠰᠢ ᠣᠷᠣ ᠲᠠᠢ᠃ ᠬᠡᠴᠢᠨᠡᠨ ᠰᠠᠢᠬᠠᠨ ᠵᠠᠯᠠᠭᠤ ᠪᠠᠢᠯ᠎ᠠ ᠭᠡᠳ 《ᠴᠢᠳᠠᠬᠤ ᠦᠭᠡᠢ》 ᠪᠣᠯ ᠶᠠᠭᠠᠬᠢᠬᠤ ᠶᠤᠮ ᠪᠣᠢ? ᠭᠡᠵᠦ ᠬᠡᠦᠬᠡᠨ ᠨᠦ᠍ᠭᠦᠳ ᠬᠣᠭᠣᠷᠣᠨᠳᠣ ᠪᠠᠨ ᠰᠢᠪᠡᠨᠡᠨ ᠶᠠᠷᠢᠬᠤ ᠨᠢ ᠨᠢᠭᠡ ᠪᠤᠰᠤ ᠤᠳᠠᠭ᠎ᠠ ᠴᠢᠬᠢ ᠳᠡᠯᠡᠰᠦᠭᠰᠡᠨ ᠪᠢᠯᠡ᠃ ᠪᠡᠯᠭᠡ ᠶ᠋ᠢᠨ ᠰᠤᠯᠠᠷᠠᠯ ᠲᠠᠢ ᠡᠷᠡᠴᠦᠳ ᠲᠡᠭᠦᠨ ᠳ᠋ᠡᠭᠡᠨ ᠶᠠᠮᠠᠷ ᠶᠡᠬᠡ ᠰᠢᠨᠠᠯᠳᠠᠭ ᠭᠡᠵᠦ ᠰᠠᠨᠠᠨ᠎ᠠ᠃ ᠡᠭᠦᠨ ᠢ᠋ ᠦᠭᠡ ᠪᠡᠷ ᠢᠯᠡᠷᠬᠡᠢᠯᠡᠬᠦ ᠶ᠋ᠢᠨ ᠠᠷᠭ᠎ᠠ ᠦᠭᠡᠢ᠃ ᠡᠷᠡᠭᠲᠡᠢ ᠶ᠋ᠢᠨ ᠪᠡᠯᠭᠡ ᠶ᠋ᠢᠨ ᠰᠤᠯᠠᠷᠠᠯ᠂ ᠡᠮᠡᠭᠲᠡᠢ ᠶ᠋ᠢᠨ ᠪᠡᠯᠭᠡ ᠶ᠋ᠢᠨ ᠭᠥᠷᠥᠯᠲᠡ ᠨᠢ ᠠᠮᠢ ᠨᠠᠰᠤᠨ ᠤ᠋ ᠠᠶᠤᠯ ᠦᠭᠡᠢ ᠴᠦ᠍ ᠭᠡᠰᠡᠨ ᠬᠥᠮᠦᠨ ᠦ᠌ ᠰᠡᠳᠬᠢᠯ ᠢ᠋ ᠶᠠᠭᠤᠲᠠᠢ ᠴᠦ᠍ ᠵᠦᠢᠷᠯᠡᠰᠢ ᠦᠭᠡᠢ ᠰᠢᠨᠠᠯᠭᠠᠨ᠎ᠠ᠃ 《ᠶᠠᠳᠠᠷᠠᠭᠰᠠᠨ ᠴᠠᠭ ᠲᠤ᠌ ᠨᠥᠬᠥᠷ ᠦ᠋ᠨ ᠴᠢᠨᠠᠷ ᠲᠠᠨᠢᠭᠳᠠᠳᠠᠭ》 ᠵᠢᠮ᠎ᠡ ᠲᠡᠢ ᠡᠴᠡ ᠬᠣᠢᠰᠢ ᠡᠢᠮᠦ ᠯᠡ ᠵᠣᠪᠠᠭᠰᠠᠨ ᠦᠶ᠎ᠡ ᠳ᠋ᠦ᠍ ᠬᠡᠨ ᠬᠡᠨ ᠳ᠋ᠡᠭᠡᠨ ᠬᠠᠨᠢ ᠶ᠋ᠢᠨ ᠲᠦᠰᠢᠭ᠂ ᠲᠤᠰᠠ ᠳᠡᠮᠵᠢᠯᠭᠡ ᠦᠵᠡᠭᠦᠯᠵᠦ᠂ ᠤᠷᠮ᠎ᠠ ᠬᠠᠢᠷᠠᠯᠠᠭᠰᠠᠨ ᠦᠭᠡ ᠪᠡᠷ ᠱᠠᠩᠨᠠᠪᠠᠯ ᠰᠡᠷᠭᠦᠭᠡᠳ ᠶᠠᠪᠤᠴᠢᠬᠠᠨ᠎ᠠ᠃
ᠪᠡᠯᠭᠡ ᠶ᠋ᠢᠨ ᠬᠢᠮᠤᠷᠠᠯ ᠨᠢ ᠡᠷᠡᠴᠦᠳ ᠦ᠋ᠨ ᠳᠣᠲᠣᠷ᠎ᠠ ᠴᠥᠭᠡᠨ ᠦᠭᠡᠢ ᠲᠣᠬᠢᠶᠠᠯᠳᠤᠳᠠᠭ ᠪᠣᠯᠬᠤ ᠶ᠋ᠢ ᠡᠷᠳᠡᠮᠲᠡᠳ ᠲᠣᠭᠲᠠᠭᠠᠵᠤ ᠪᠠᠢᠨ᠎ᠠ᠃ ᠲᠤᠬᠠᠢᠯᠠᠪᠠᠯ᠂ ᠪᠦᠭᠦᠳᠡ ᠨᠠᠢᠷᠠᠮᠳᠠᠬᠤ ᠠᠷᠠᠳᠴᠢᠯᠠᠭᠰᠠᠨ ᠺᠸᠷᠮᠠᠨ ᠤᠯᠤᠰ ᠲᠤ᠌ ᠬᠢᠭᠰᠡᠨ ᠰᠤᠳᠤᠯᠭ᠎ᠠ ᠪᠠᠷ(ᠵᠢᠭᠹᠷᠢᠳ᠋ ᠱᠨᠠᠪᠯᠢ᠂1974) ᠨᠡᠢᠲᠡ ᠡᠷᠡᠴᠦᠳ ᠦ᠋ᠨ ᠵᠥᠪᠬᠡᠨ26% ᠳ᠋ᠤ᠌ ᠪᠡᠯᠭᠡ ᠶ᠋ᠢᠨ ᠬᠢᠮᠤᠷᠠᠯ ᠣᠭᠲᠣ ᠢᠯᠡᠷᠡᠳᠡᠭ ᠦᠭᠡᠢ ᠪᠥᠭᠡᠳ13% ᠳ᠋ᠤᠨᠢ ᠦᠷᠭᠦᠯᠵᠢ᠂23% ᠳ᠋ᠤᠨᠢ ᠦᠶ᠎ᠡ ᠦᠶ᠎ᠡ31% ᠳ᠋ᠦ᠍ᠨᠢ ᠬᠣᠪᠣᠷᠬᠠᠨ ᠢᠯᠡᠷᠡᠳᠡᠭ ᠠᠵᠠᠢ᠃ ᠲᠡᠭᠡᠬᠦ ᠳ᠋ᠡᠭᠡᠨ ᠪᠡᠯᠭᠡ ᠶ᠋ᠢᠨ ᠬᠢᠮᠤᠷᠠᠯ ᠲᠠᠢ ᠡᠷᠡᠴᠦᠳ ᠦ᠋ᠨ ᠳᠠᠩ ᠬᠠᠭᠠᠰ ᠨᠢ ᠦᠷ᠎ᠡ ᠶ᠋ᠢᠨ ᠰᠢᠩᠭᠡᠨ ᠢ᠋ᠶ᠋ᠡᠨ ᠲᠦᠷᠭᠡᠨ ᠠᠯᠳᠠᠳᠠᠭ᠂1/3 ᠳ᠋ᠦ᠍ᠨᠢ ᠬᠥᠪᠴᠢᠷᠡᠯᠲᠡ ᠰᠤᠯᠠᠷᠠᠭᠰᠠᠨ ᠪᠠᠢᠨ᠎ᠠ᠃ ᠪᠢᠳᠡᠨ ᠦ᠌ ᠰᠡᠳᠬᠢᠯ ᠮᠡᠳᠡᠷᠡᠯ ᠦ᠋ᠨ ᠳ᠋ᠢᠰᠫᠡᠨᠰᠸᠷ ᠦ᠋ᠨ ᠳᠡᠷᠭᠡᠳᠡᠬᠢ ᠪᠡᠯᠭᠡ ᠶ᠋ᠢᠨ ᠡᠮᠭᠡᠭ ᠰᠤᠳᠤᠯᠤᠯ ᠤ᠋ᠨ ᠺᠠᠮᠪᠢᠨ᠋ᠸᠲ᠋ ᠲᠤ᠌ ᠢᠷᠡᠵᠦ᠂ ᠵᠥᠪᠯᠡᠯᠭᠡ ᠠᠪᠴᠤ᠂ ᠡᠮᠴᠢᠯᠡᠭᠦᠯᠦᠭᠰᠡᠨ ᠡᠪᠡᠳᠴᠢᠲᠡᠨ ᠨᠦ᠍ᠭᠦᠳ ᠲᠦ᠍ ᠰᠤᠳᠤᠯᠭᠠᠨ ᠬᠢᠵᠦ ᠦᠵᠡᠬᠦ ᠳ᠋ᠦ᠍ ᠲᠡᠳᠡᠨ ᠦ᠌ ᠶᠡᠬᠡᠩᠬᠢ ᠨᠢ21-40 ᠨᠠᠰᠤᠨ ᠤ᠋ ᠵᠠᠯᠠᠭᠤ ᠬᠥᠮᠦᠰ(64.2%) ᠨᠢ ᠪᠠᠢᠪᠠ᠃ ᠪᠣᠯᠪᠠᠰᠤᠷᠠᠯ ᠤ᠋ᠨ ᠵᠣᠩᠬᠢᠯᠠᠬᠤ ᠬᠤᠪᠢ ᠨᠢ(71.6%) ᠨᠢ ᠳᠤᠮᠳᠠ ᠪᠣᠯᠪᠠᠰᠤᠷᠠᠯ ᠲᠠᠢ ᠬᠥᠮᠦᠰ ᠪᠠᠢᠭ᠎ᠠ ᠪᠥᠭᠡᠳ ᠳᠡᠭᠡᠳᠦ ᠪᠣᠯᠪᠠᠰᠤᠷᠠᠯ ᠲᠠᠢ ᠤᠯᠤᠰ ᠰᠤᠳᠤᠯᠭᠠᠨ ᠳ᠋ᠤ᠌ ᠬᠠᠮᠤᠷᠤᠭᠰᠠᠳ ᠤ᠋ᠨ25.4% ᠶ᠋ᠢ ᠡᠵᠡᠯᠡᠵᠦ ᠪᠠᠢᠨ᠎ᠠ᠃ ᠠᠵᠢᠯ ᠮᠡᠷᠭᠡᠵᠢᠯ ᠢ᠋ᠶ᠋ᠡᠷ ᠨᠢ ᠠᠪᠴᠤ ᠦᠵᠡᠪᠡᠯ ᠮᠡᠷᠭᠡᠵᠢᠯ ᠦ᠋ᠨ ᠠᠵᠢᠯᠲᠠᠨ45% ᠶ᠋ᠢ᠂ ᠢᠨᠵᠧᠨᠧᠷ ᠲᠧᠭᠨᠢᠭ ᠦ᠋ᠨ ᠠᠵᠢᠯᠲᠠᠨ28.1% ᠶ᠋ᠢ᠂ ᠤᠳᠤᠷᠢᠳᠬᠤ ᠠᠵᠢᠯᠲᠠᠨ14.4% ᠶ᠋ᠢ᠂ ᠠᠯᠪᠠᠨ ᠬᠠᠭᠠᠭᠴᠢ4.5% ᠶ᠋ᠢ᠂ ᠡᠷᠳᠡᠮ ᠰᠢᠨᠵᠢᠯᠡᠭᠡᠨ ᠦ᠌ ᠠᠵᠢᠯᠲᠠᠨ3.8% ᠶ᠋ᠢ᠂ ᠣᠶᠤᠲᠠᠨ᠂ ᠰᠤᠷᠤᠭᠴᠢ8.3% ᠶ᠋ᠢ᠂ ᠲᠤᠰ ᠲᠤᠰ ᠡᠵᠡᠯᠡᠵᠦ ᠪᠠᠢᠨ᠎ᠠ᠃ ᠪᠡᠯᠭᠡ ᠶ᠋ᠢᠨ ᠰᠤᠯᠠᠷᠠᠯ ᠤ᠋ᠨ ᠬᠠᠮᠤᠭ ᠤ᠋ᠨ ᠭᠣᠣᠯ ᠰᠢᠯᠲᠠᠭᠠᠨ ᠨᠢ ᠰᠡᠳᠬᠢᠯ ᠦ᠋ᠨ ᠬᠢᠮᠤᠷᠠᠯ(80.6%) ᠶ᠋ᠢ ᠪᠢᠳᠡᠨ ᠦ᠌ ᠰᠤᠳᠤᠯᠭᠠᠨ ᠬᠠᠷᠠᠭᠤᠯᠵᠤ ᠪᠠᠢᠨ᠎ᠠ᠃ ᠬᠤᠷᠢᠴᠠᠯ ᠤ᠋ᠨ ᠦᠢᠯᠡᠳᠦᠯ ᠳ᠋ᠦ᠍ ᠳᠣᠲᠣᠭᠠᠳᠤ ᠱᠦᠭᠦᠷᠡᠯ ᠦ᠋ᠨ᠂ ᠰᠡᠳᠬᠢᠴᠡ ᠶ᠋ᠢᠨ᠂ ᠰᠢᠭᠡᠰᠦ ᠪᠡᠯᠭᠡ ᠶ᠋ᠢᠨ ᠭᠡᠰᠡᠨ4 ᠲᠣᠭᠲᠠᠯᠴᠠᠭ᠎ᠠ ᠣᠷᠣᠯᠴᠠᠳᠠᠭ ᠪᠥᠭᠡᠳ ᠡᠳᠡᠭᠡᠷ ᠨᠢ ᠬᠣᠭᠣᠷᠣᠨᠳᠣ ᠪᠠᠨ ᠠᠮᠢᠨ ᠰᠤᠳᠠᠰᠤᠨ ᠤ᠋ ᠬᠣᠯᠪᠣᠭ᠎ᠠ ᠲᠠᠢ ᠶ᠋ᠢ ᠡᠮᠦᠨ᠎ᠡ ᠥᠭᠦᠯᠡᠭᠰᠡᠨ᠃ ᠭᠡᠪᠡᠴᠦ ᠡᠳᠡᠭᠡᠷ ᠦ᠋ᠨ ᠬᠠᠮᠤᠭ ᠤ᠋ᠨ ᠡᠮᠵᠡᠭ ᠨᠢ ᠰᠡᠳᠬᠢᠴᠡ ᠶ᠋ᠢᠨ ᠲᠣᠭᠲᠠᠯᠴᠠᠭ᠎ᠠ ᠶᠤᠮ᠃ ᠲᠡᠭᠦᠨ ᠦ᠌《ᠪᠤᠷᠤᠭᠤ ᠭᠡᠮ》 ᠡᠴᠡ ᠪᠡᠯᠭᠡ ᠶ᠋ᠢᠨ ᠰᠤᠯᠠᠷᠠᠯ ᠡᠭᠦᠰᠬᠦ ᠨᠢ ᠬᠠᠮᠤᠭ ᠤ᠋ᠨ ᠣᠯᠠᠨᠲᠠ᠃
ᠬᠤᠷᠢᠴᠠᠯ ᠤ᠋ᠨ ᠦᠢᠯᠡᠳᠦᠯ ᠭᠠᠭᠴᠠ ᠤᠳᠠᠭ᠎ᠠ ᠯᠠ ᠪᠦᠲᠦᠬᠦ ᠦᠭᠡᠢ ᠪᠣᠯᠬᠤ ᠳ᠋ᠤ᠌ ᠡᠷᠡᠭᠲᠡᠢ ᠬᠥᠮᠦᠨ ᠦ᠌ ᠰᠡᠳᠬᠢᠯ ᠰᠠᠨᠠᠭᠠᠨ ᠳ᠋ᠤ᠌ ᠨᠥᠯᠥᠭᠡᠯᠡᠵᠦ ᠴᠢᠨᠠᠭᠰᠢᠳᠠ ᠶᠠᠭᠠᠬᠢᠬᠤ ᠪᠣᠯ ᠭᠡᠰᠡᠨ ᠡᠷᠡᠭᠡᠯᠵᠡᠭᠡ ᠲᠥᠷᠥᠭᠦᠯᠬᠦ ᠨᠢ ᠮᠠᠭᠠᠳ᠃ ᠭᠡᠪᠡᠴᠦ ᠲᠡᠭᠦᠨ ᠢ᠋ ᠬᠥᠮᠦᠨ ᠪᠣᠯᠭᠠᠨ ᠰᠡᠳᠬᠢᠯ ᠵᠦᠢ ᠶ᠋ᠢᠨ ᠣᠨᠴᠠᠯᠢᠭ ᠠ᠋ᠴᠠ ᠪᠠᠨ ᠬᠠᠮᠢᠶᠠᠷᠤᠨ ᠶᠠᠩᠵᠤ ᠪᠦᠷᠢ ᠪᠡᠷ ᠬᠦᠯᠢᠶᠡᠵᠦ ᠠᠪᠳᠠᠭ᠃ ᠨᠢᠭᠡ ᠬᠡᠰᠡᠭ ᠨᠢ ᠡᠭᠦᠨ ᠢ᠋ ᠳᠣᠣᠷᠠᠬᠠᠨ ᠢ᠋ᠶ᠋ᠠᠨ ᠣᠷᠣ ᠲᠠᠰᠤ ᠮᠠᠷᠲᠠᠨ᠎ᠠ᠃ ᠲᠡᠭᠡᠬᠦ ᠳ᠋ᠦ᠍ ᠨᠥᠭᠦᠭᠡ ᠬᠡᠰᠡᠭ ᠨᠢ ᠡᠭᠦᠨ ᠢ᠋ ᠤᠯᠠᠮ ᠪᠣᠳᠣᠵᠤ᠂ 《ᠴᠢᠳᠠᠬᠤ ᠦᠭᠡᠢ》 ᠪᠠᠢᠬᠤ ᠭᠡᠰᠡᠨ ᠡᠷᠡᠭᠡᠯᠵᠡᠭᠡ᠂ ᠠᠢᠳᠠᠰ ᠨᠢ ᠡᠳᠦᠷ ᠢᠷᠡᠬᠦ ᠳᠣᠳᠣᠮ ᠨᠡᠮᠡᠭᠳᠡᠨ᠎ᠡ᠃ ᠡᠨᠡ ᠦᠶ᠎ᠡ ᠳ᠋ᠦ᠍ ᠡᠮᠡᠭᠲᠡᠢ ᠬᠥᠮᠦᠨ ᠪᠣᠯᠭᠣᠮᠵᠢ ᠦᠭᠡᠢ ᠦᠭᠡ ᠠᠯᠳᠠᠪᠠᠯ ᠲᠡᠭᠦᠨ ᠳ᠋ᠦ᠍ ᠪᠦᠷ ᠴᠦ᠍ ᠨᠡᠮᠡᠭᠡᠰᠦ ᠪᠣᠯᠤᠨ᠎ᠠ᠃ ᠡᠢᠮᠦ ᠤᠴᠢᠷ ᠠ᠋ᠴᠠ ᠪᠡᠯᠭᠡ ᠶ᠋ᠢᠨ ᠰᠤᠯᠠᠷᠠᠯ ᠢ᠋ ᠰᠠᠢᠲᠤᠷ ᠲᠠᠢᠯᠪᠤᠷᠢᠯᠠᠨ ᠲᠠᠨᠢᠭᠤᠯᠵᠤ᠂ ᠰᠡᠳᠬᠢᠯ ᠦ᠋ᠨ ᠵᠠᠰᠠᠯ ᠬᠢᠬᠦ ᠨᠢ ᠬᠠᠮᠤᠭ ᠤ᠋ᠨ ᠴᠢᠬᠤᠯᠠ ᠪᠠᠢᠳᠠᠭ᠃ ᠪᠡᠯᠭᠡ ᠶ᠋ᠢᠨ ᠰᠤᠯᠠᠷᠠᠯ ᠨᠢ ᠪᠡᠶ᠎ᠡ ᠪᠡᠨ ᠳᠠᠭᠠᠭᠠᠭᠰᠠᠨ ᠡᠪᠡᠳᠴᠢᠨ ᠪᠢᠰᠢ ᠪᠥᠭᠡᠳ ᠶᠠᠮᠠᠷ ᠨᠢᠭᠡ ᠦᠨᠳᠦᠰᠦᠨ ᠡᠪᠡᠳᠴᠢᠨ ᠦ᠌《ᠰᠡᠭᠦᠳᠡᠷ》 ᠪᠣᠯᠤᠨ ᠳᠠᠭᠠᠯᠳᠤᠵᠤ ᠭᠠᠷᠴᠤ ᠢᠷᠡᠬᠦ ᠨᠢ ᠣᠯᠠᠨᠲᠠ᠃ ᠪᠡᠯᠭᠡ ᠶ᠋ᠢᠨ ᠰᠤᠯᠠᠷᠠᠯ ᠨᠢ ᠰᠡᠳᠬᠢᠯ ᠦ᠋ᠨ ᠰᠢᠯᠲᠠᠭᠠᠨᠲᠤ ᠡᠪᠡᠳᠴᠢᠨ ᠨᠦ᠍ᠭᠦᠳ᠂ ᠲᠤᠬᠠᠢᠯᠠᠪᠠᠯ ᠮᠡᠳᠡᠷᠡᠯ ᠦ᠋ᠨ ᠶᠠᠳᠠᠷᠠᠭ᠎ᠠ᠂ ᠰᠡᠳᠬᠢᠯ ᠭᠤᠲᠤᠷᠠᠯ᠂ ᠵᠢᠷᠦᠬᠡ᠂ ᠪᠥᠭᠡᠷ᠎ᠡ ᠶ᠋ᠢᠨ ᠡᠪᠡᠳᠴᠢᠨ᠂ᠰᠦᠷᠢᠶ᠎ᠡ᠂ ᠰᠢᠬᠢᠷ ᠰᠢᠵᠢᠩ᠂ ᠰᠢᠭᠡᠰᠦ ᠪᠡᠯᠭᠡ ᠶ᠋ᠢᠨ ᠵᠠᠮ ᠤ᠋ᠨ ᠠᠷᠬᠠᠭ ᠡᠪᠡᠳᠴᠢᠨ ᠨᠦ᠍ᠭᠦᠳ᠂ ᠬᠣᠳᠣᠭᠣᠳᠣ ᠭᠡᠳᠡᠰᠦᠨ ᠦ᠌ ᠪᠣᠯᠤᠨ ᠠᠷᠠᠰᠤ ᠥᠩᠭᠡᠨ ᠦ᠌ ᠵᠡᠷᠭᠡ ᠣᠯᠠᠨ ᠡᠪᠡᠳᠴᠢᠨ ᠦ᠌ ᠦᠶ᠎ᠡ ᠳ᠋ᠦ᠍ ᠲᠣᠬᠢᠶᠠᠯᠳᠤᠨ᠎ᠠ᠃ ᠲᠡᠭᠦᠨᠴᠢᠯᠡᠨ ᠲᠠᠷᠢᠬᠢ᠂ ᠲᠣᠯᠣᠭᠠᠢ᠂ ᠨᠢᠷᠤᠭᠤ ᠨᠤᠭᠤᠰᠤᠨ ᠭᠡᠮᠲᠦᠯ᠂ ᠪᠡᠷᠲᠡᠯ᠂ ᠨᠣᠢᠷ ᠠᠯᠳᠠᠬᠤ᠂ ᠸᠢᠲ᠋ᠠᠮᠢᠨ ᠳᠤᠲᠠᠭᠳᠠᠬᠤ᠂ ᠳᠣᠲᠣᠭᠠᠳᠤ ᠱᠦᠭᠦᠷᠡᠯ ᠦ᠋ᠨ ᠪᠤᠯᠴᠢᠷᠬᠠᠢ ᠶ᠋ᠢᠨ ᠡᠪᠡᠳᠴᠢᠨ ᠨᠦ᠍ᠭᠦᠳ ᠵᠡᠷᠭᠡ ᠨᠢ ᠪᠡᠯᠭᠡ ᠶ᠋ᠢᠨ ᠰᠤᠯᠠᠷᠠᠯ ᠢ᠋ ᠡᠭᠦᠰᠬᠡᠵᠦ ᠪᠣᠯᠤᠨ᠎ᠠ᠃ ᠪᠡᠯᠭᠡ ᠶ᠋ᠢᠨ ᠰᠤᠯᠠᠷᠠᠯ ᠲᠠᠢ ᠡᠷᠡᠴᠦᠳ ᠡᠳᠡᠭᠡᠷᠡᠰᠢ ᠦᠭᠡᠢ ᠬᠦᠨᠳᠦ ᠡᠪᠡᠳᠴᠢᠨ ᠡᠮᠭᠡᠭ ᠲᠤᠰᠤᠭᠰᠠᠨ ᠮᠡᠲᠦ ᠪᠡᠷ ᠣᠢᠯᠠᠭᠠᠵᠤ ᠰᠢᠨᠠᠯᠵᠤ᠂ ᠰᠡᠳᠬᠢᠯ ᠢ᠋ᠶ᠋ᠡᠨ ᠣᠩᠭᠣᠢᠯᠭᠠᠬᠤ ᠭᠡᠵᠦ ᠠᠷᠢᠬᠢ ᠳᠠᠷᠠᠰᠤ ᠤᠤᠭᠤᠨ᠂ ᠲᠠᠮᠠᠬᠢ ᠲᠠᠲᠠᠬᠤ ᠨᠢ ᠡᠷᠡᠭᠦᠯ ᠮᠡᠨᠳᠦ ᠳ᠋ᠦ᠍ᠨᠢ ᠤᠯᠠᠮ ᠬᠣᠣᠷ ᠬᠦᠷᠭᠡᠨ᠎ᠡ᠃ ᠠᠷᠢᠬᠢ᠂ ᠲᠠᠮᠠᠬᠢ ᠪᠣᠯ ᠪᠡᠯᠭᠡ ᠶ᠋ᠢᠨ ᠦᠢᠯᠡ ᠠᠵᠢᠯᠯᠠᠭᠠᠨ ᠳ᠋ᠤ᠌ ᠦᠯᠡᠮᠦᠢ ᠮᠠᠭᠤ ᠪᠠᠷ ᠨᠥᠯᠥᠭᠡᠯᠡᠭᠡᠳ ᠵᠣᠭᠰᠣᠬᠤ ᠦᠭᠡᠢ ᠡᠮᠴᠢᠯᠡᠬᠦ ᠳ᠋ᠦ᠍ ᠴᠦ᠍ ᠲᠦᠪᠡᠭ ᠤᠴᠠᠷᠠᠭᠤᠯᠳᠠᠭ ᠢ᠋ ᠠᠩᠬᠠᠷ᠃
ᠪᠡᠯᠭᠡ ᠶ᠋ᠢᠨ ᠰᠤᠯᠠᠷᠠᠯ ᠲᠠᠢ ᠡᠪᠡᠳᠴᠢᠲᠡᠨ ᠦ᠌42% ᠲᠤ᠌ ᠮᠡᠳᠡᠷᠡᠯ ᠰᠤᠯᠠᠳᠠᠯ ᠤ᠋ᠨ ᠰᠢᠨᠵᠢ ᠲᠡᠮᠳᠡᠭ ᠦ᠋ᠳ ᠢᠯᠡᠷᠡᠵᠦ ᠪᠠᠢᠭ᠎ᠠ ᠶ᠋ᠢ ᠰᠤᠳᠤᠯᠭᠠᠨ ᠬᠠᠷᠢᠭᠤᠯᠪᠠ᠃ ᠪᠡᠯᠭᠡ ᠶ᠋ᠢᠨ ᠰᠤᠯᠠᠷᠠᠯ ᠥᠬᠡᠢ ᠠᠲᠠᠯ᠎ᠠ ᠥᠪᠡᠷ ᠢ᠋ ᠪᠡᠨ ᠰᠤᠯᠠᠷᠠᠯ ᠲᠠᠢ ᠳ᠋ᠤ᠌ ᠲᠣᠭᠠᠴᠠᠳᠠᠭ ᠭᠡᠨᠡᠨ ᠬᠥᠮᠦᠨ ᠪᠢᠳᠡᠨ ᠦ᠌ ᠫᠠᠷᠠᠺᠲ᠋ᠢᠭ ᠲᠤ᠌ ᠴᠥᠭᠡᠨ ᠦᠭᠡᠢ ᠲᠣᠬᠢᠶᠠᠯᠳᠤᠬᠤ ᠶᠤᠮ᠃ ᠲᠡᠳᠡ ᠥᠪᠡᠷᠰᠡᠳ ᠢ᠋ ᠪᠡᠨ ᠢᠮᠠᠭᠲᠠ ᠭᠣᠯᠣᠵᠤ ᠴᠢᠮᠠᠯᠠᠬᠤ ᠠ᠋ᠴᠠ ᠭᠠᠳᠠᠨ᠎ᠠ ᠪᠡᠯᠭᠡ ᠶ᠋ᠢᠨ ᠦᠢᠯᠡ ᠠᠵᠢᠯᠯᠠᠭᠠᠨ ᠳ᠋ᠠᠭᠠᠨ ᠬᠡᠳᠦ ᠥᠨᠳᠥᠷ ᠱᠠᠭᠠᠷᠳᠠᠯᠭ᠎ᠠ ᠲᠠᠯᠪᠢᠵᠤ᠂ ᠪᠡᠯᠭᠡ ᠶ᠋ᠢᠨ ᠴᠢᠯᠬ᠎ᠠ ᠪᠠᠨ ᠥᠷᠥᠭᠡᠯ ᠪᠤᠰᠤᠳ ᠲᠠᠢ ᠬᠠᠷᠢᠴᠠᠭᠤᠯᠤᠨ ᠤᠯᠠᠮ ᠢ᠋ᠶ᠋ᠠᠷ ᠲᠡᠳᠡᠨ ᠡᠴᠡ ᠳᠣᠣᠷ᠎ᠠ ᠳ᠋ᠤ᠌ ᠦᠵᠡᠵᠦ ᠪᠡᠯᠭᠡ ᠶ᠋ᠢᠨ ᠰᠤᠯᠠᠷᠠᠯ ᠭᠡᠰᠡᠨ《ᠤᠨᠤᠰᠢ》 ᠥᠪᠡᠷᠰᠡᠳ ᠢ᠋ᠶ᠋ᠡᠨ ᠲᠠᠯᠪᠢᠬᠤ ᠨᠢ ᠪᠣᠢ᠃ ᠡᠭᠦᠨ ᠢ᠋ ᠬᠠᠭᠤᠷᠮᠠᠴᠢ ᠪᠡᠯᠭᠡ ᠶ᠋ᠢᠨ ᠰᠤᠯᠠᠷᠠᠯ ᠭᠡᠨ᠎ᠡ᠃ ᠡᠨᠡ ᠨᠢ ᠭᠣᠣᠯᠳᠠᠭᠤ ᠥᠪᠡᠷ ᠲᠡᠭᠡᠨ ᠢᠲᠡᠭᠡᠯ ᠮᠠᠭᠤᠲᠠᠢ᠂ ᠦᠷᠭᠦᠯᠵᠢ ᠡᠷᠡᠭᠡᠯᠵᠡᠨ ᠲᠡᠭᠡᠨᠡᠭᠡᠯᠵᠡᠳᠡᠭ᠂ ᠢᠴᠢᠮᠡᠬᠡᠢ᠂ ᠪᠦᠷᠦᠭ᠂ ᠬᠡᠯᠡᠭᠰᠡᠨ᠂ ᠬᠢᠭᠰᠡᠨ ᠪᠣᠯᠭᠠᠨ ᠢ᠋ᠶ᠋ᠠᠨ ᠲᠠᠩᠳᠠ ᠵᠠᠳᠠᠯᠤᠨ ᠰᠢᠨᠵᠢᠯᠡᠵᠦ ᠴᠢᠩᠨᠠᠵᠤ ᠪᠠᠢᠳᠠᠭ ᠰᠡᠳᠬᠢᠯ ᠵᠦᠢ ᠶ᠋ᠢᠨ ᠣᠨᠴᠠᠯᠢᠭ ᠲᠠᠢ ᠬᠥᠮᠦᠰ ᠲᠦ᠍ ᠲᠣᠬᠢᠶᠠᠯᠳᠤᠳᠠᠭ᠃ ᠡᠢᠮᠦ ᠬᠥᠮᠦᠨ ᠳ᠋ᠦ᠍ ᠡᠮᠡᠭᠲᠡᠢ ᠬᠥᠮᠦᠨ ᠦ᠌ ᠠᠩᠵᠠᠭᠠᠷᠠᠭ᠎ᠠ ᠦᠭᠡᠢ ᠬᠡᠯᠡᠭᠰᠡᠨ ᠨᠢᠭᠡ ᠴᠦ᠍ ᠡᠪ ᠦᠭᠡᠢ ᠦᠭᠡ ᠰᠡᠳᠬᠢᠯ ᠦ᠋ᠨ ᠬᠦᠨᠳᠦ ᠰᠢᠷᠬ᠎ᠠ ᠡᠭᠦᠰᠬᠡᠳᠡᠭ ᠢ᠋ ᠠᠩᠬᠠᠷᠤᠭᠤᠰᠢᠲᠠᠢ᠃ ᠶᠡᠬᠡᠩᠬᠢ ᠲᠣᠬᠢᠶᠠᠯᠳᠤᠯ ᠳ᠋ᠤ᠌ ᠪᠡᠯᠭᠡ ᠶ᠋ᠢᠨ ᠰᠤᠯᠠᠷᠠᠯ ᠨᠢ ᠡᠮᠴᠢᠯᠡᠭᠡ ᠠᠪᠤᠨ᠎ᠠ᠃ ᠬᠠᠷᠢᠨ ᠲᠠᠷᠢᠬᠢ᠂ ᠨᠢᠷᠤᠭᠤ ᠨᠤᠭᠤᠰᠤᠨ ᠤ᠋ ᠭᠡᠮᠲᠦᠯ ᠪᠡᠷᠲᠡᠯ᠂ ᠰᠢᠭᠡᠰᠦ ᠪᠡᠯᠭᠡ ᠶ᠋ᠢᠨ ᠵᠠᠮ ᠤ᠋ᠨ ᠠᠷᠬᠠᠭ ᠡᠪᠡᠳᠴᠢᠨ ᠡᠴᠡ ᠡᠭᠦᠰᠦᠭᠰᠡᠨ ᠪᠡᠯᠭᠡ ᠶ᠋ᠢᠨ ᠰᠤᠯᠠᠷᠠᠯ ᠢ᠋ ᠡᠮᠴᠢᠯᠡᠬᠦ ᠳ᠋ᠦ᠍ ᠲᠦᠪᠡᠭᠲᠡᠢ ᠪᠠᠢᠳᠠᠭ᠃ ᠪᠡᠯᠭᠡ ᠶ᠋ᠢᠨ ᠰᠤᠯᠠᠷᠠᠯ ᠢ᠋ ᠡᠮᠴᠢᠯᠡᠬᠦ ᠳ᠋ᠦ᠍ ᠰᠡᠳᠬᠢᠯ ᠵᠠᠰᠠᠯ ᠤ᠋ᠨ ᠡᠮᠴᠢᠯᠡᠭᠡ ᠴᠢᠬᠤᠯᠠ ᠠᠴᠢ ᠬᠣᠯᠪᠣᠭᠳᠠᠯ ᠲᠠᠢ᠃ ᠰᠡᠳᠬᠢᠯ ᠵᠠᠰᠠᠯ ᠡᠮᠴᠢᠯᠡᠭᠡᠨ ᠦ᠌ ᠨᠢᠭᠡ ᠬᠡᠯᠪᠡᠷᠢ ᠪᠣᠯᠤᠭᠰᠠᠨ ᠥᠪᠡᠷ ᠢ᠋ ᠪᠡᠨ ᠥᠪᠡᠷ ᠢ᠋ᠶ᠋ᠡᠨ ᠡᠵᠡᠮᠳᠡᠨ ᠵᠠᠬᠢᠷᠬᠤ ᠠᠷᠭ᠎ᠠ ᠪᠣᠯ ᠪᠡᠯᠭᠡ ᠶ᠋ᠢᠨ ᠰᠤᠯᠠᠷᠠᠯ ᠢ᠋ ᠡᠮᠴᠢᠯᠡᠬᠦ᠂ ᠲᠡᠭᠦᠨ ᠡᠴᠡ ᠰᠡᠷᠭᠡᠢᠯᠡᠬᠦ ᠰᠠᠢᠨ ᠨᠥᠯᠥᠭᠡ ᠲᠡᠢ ᠡᠮᠴᠢ ᠬᠥᠮᠦᠨ ᠪᠣᠯ ᠡᠷᠭᠦᠭᠰᠡᠨ ᠲᠠᠩᠭᠠᠷᠢᠭ ᠲᠠᠭᠠᠨ ᠦᠨᠡᠨᠴᠢ᠂ ᠡᠪᠡᠳᠴᠢᠲᠡᠨ ᠦ᠌ ᠨᠢᠭᠤᠴᠠ ᠶ᠋ᠢ ᠨᠠᠨᠳᠢᠩᠨᠠᠨ ᠬᠠᠳᠠᠭᠠᠯᠠᠵᠤ ᠪᠠᠢᠳᠠᠭ ᠤᠴᠢᠷ ᠠ᠋ᠴᠠ ᠡᠮᠴᠢ ᠳ᠋ᠦ᠍ ᠢᠴᠢᠵᠦ ᠵᠣᠪᠠᠬᠤ ᠦᠭᠡᠢ ᠡᠷᠲᠡ ᠦᠵᠡᠭᠦᠯᠵᠦ᠂ ᠴᠠᠭ ᠲᠤᠬᠠᠢ ᠳ᠋ᠤᠨᠢ ᠮᠡᠷᠭᠡᠵᠢᠯ ᠦ᠋ᠨ ᠵᠥᠪᠯᠡᠯᠭᠡ ᠠᠪᠬᠤ ᠨᠢ ᠠᠰᠢᠭᠲᠠᠢ᠃
