ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠵᠢᠷᠭᠤᠭ᠎ᠠ〕 Цаг төрийн үймээн – Д ᠂ Намдаг - Амьдралын зам ᠂ нэгдүгээр бүлэг - 16
ᠬᠡᠯᠡ ᠰᠤᠷᠴᠤ ᠡᠬᠢᠯᠡᠭᠰᠡᠨ ᠨᠢ
ᠵᠢᠩᠴᠢᠳ ᠲᠡᠷᠡ ᠬᠠᠰᠢᠶᠠᠨ ᠳ᠋ᠤ᠌ ᠣᠷᠣᠬᠤ ᠳᠤᠷ᠎ᠠ ᠦᠭᠡᠢ ᠳ᠋ᠡᠭᠡᠨ ᠵᠣᠭᠰᠣᠭᠠᠳ ᠯᠠ ᠪᠠᠢᠯ᠎ᠠ᠃ ᠬᠣᠢᠨ᠎ᠠ ᠨᠢ ᠳᠠᠭᠠᠨ ᠶᠠᠪᠤᠭᠰᠠᠨ ᠭᠠᠮᠢᠩ ᠤ᠋ᠳ ᠬᠦᠷᠦᠯᠴᠡᠨ ᠢᠷᠡᠵᠦ ᠬᠠᠵᠠᠭᠤ ᠪᠠᠷ ᠨᠢ ᠴᠤᠪᠤᠷᠠᠯᠳᠤᠨ ᠣᠷᠣᠭᠠᠳ ᠶᠠᠪᠠᠭᠠᠨ ᠰᠠᠭᠤᠵᠠᠭᠠᠨ ᠶᠠᠩᠵᠤᠤᠷ ᠲᠠᠲᠠᠨ᠎ᠠ᠃ ᠨᠣᠶᠠᠨ ᠪᠠᠰᠠ ᠯᠠ ᠠᠯᠠᠭ᠎ᠠ᠃ ᠬᠠᠷᠢᠨ ᠨᠣᠶᠠᠨ ᠲᠠᠢ ᠢᠵᠢᠯᠢ ᠬᠤᠪᠴᠠᠰᠤ ᠲᠠᠢ᠂ ᠣᠯᠠᠨ ᠲᠦᠯᠬᠢᠭᠦᠷ ᠰᠠᠨᠵᠢᠭᠢᠨᠠᠭᠤᠯᠤᠨ ᠪᠠᠷᠢᠭᠰᠠᠨ ᠴᠡᠪᠡᠷᠬᠡᠨ ᠴᠢᠷᠠᠢ ᠲᠠᠢ ᠬᠥᠮᠦᠨ ᠢᠷᠡᠵᠦ ᠯᠠᠢ᠂ ᠯᠠᠢ! ᠭᠡᠵᠦ ᠳᠠᠭᠤᠳᠠᠪᠠ᠃ ᠵᠢᠩᠴᠢᠳ ᠳᠣᠲᠣᠭᠰᠢ ᠣᠷᠣ ᠭᠡᠵᠦ ᠪᠠᠢᠭ᠎ᠠ ᠶ᠋ᠢ ᠲᠣᠳᠣᠷᠬᠠᠢ ᠮᠡᠳᠡᠪᠡ᠃ ᠳᠣᠷᠵᠢ ᠴᠢᠷᠠᠢ ᠬᠤᠪᠢᠷᠠᠭᠠᠨ᠄
— ᠮᠥᠨ ᠳᠡ᠃ ᠢᠩᠭᠢᠵᠦ ᠯᠡ ᠲᠠᠭᠠᠷᠠᠨ᠎ᠠ ᠭᠡᠵᠦ ᠡᠭᠳᠡᠭᠦᠴᠡᠨ ᠬᠡᠯᠡᠪᠡ᠃ ᠬᠦᠷᠡᠯ᠄
— ᠳᠣᠷᠵᠢ ᠮᠢᠨᠢ ᠪᠠᠢᠵᠠ! ᠦᠬᠦᠬᠦ ᠰᠡᠬᠡᠬᠦ ᠶ᠋ᠢᠨ ᠰᠢᠢᠳᠪᠦᠷᠢ ᠪᠠᠰᠠ ᠲᠣᠳᠣᠷᠠᠭ᠎ᠠ ᠦᠭᠡᠢ ᠪᠠᠢᠨ᠎ᠠ ᠰᠢᠦ ᠳᠡ ᠭᠡᠳ ᠤᠨᠤᠭ᠎ᠠ ᠲᠡᠮᠡᠭᠡ ᠡᠴᠡ ᠪᠡᠨ ᠳᠡᠪᠬᠡᠷᠦᠨ ᠪᠠᠭᠤᠵᠤ ᠵᠢᠪᠠᠷ ᠰᠢᠩᠭᠡᠭᠰᠡᠨ ᠲᠡᠷᠡ ᠬᠠᠰᠢᠶ᠎ᠠ ᠤᠷᠤᠭᠤ ᠪᠦᠬᠦ ᠲᠡᠮᠡᠭᠡ ᠪᠡᠨ ᠬᠥᠪᠦᠷᠢᠯᠳᠦᠭᠦᠯᠦᠨ ᠣᠷᠣᠪᠠ᠃ ᠡᠮᠦᠨ᠎ᠡ ᠡᠴᠡ ᠭᠠᠮᠢᠩ ᠤ᠋ᠳ ᠤᠭᠲᠤᠨ ᠢᠷᠡᠵᠦ ᠪᠤᠷᠠᠨᠲᠠᠭ ᠢ᠋ ᠲᠠᠢᠯᠵᠤ ᠲᠡᠮᠡᠭᠡ ᠨᠦ᠍ᠭᠦᠳ ᠢ᠋ ᠨᠢ ᠬᠣᠢᠰᠢ ᠣᠷᠣᠭᠰᠢ ᠬᠠᠷᠠᠭᠤᠯᠤᠨ ᠬᠡᠪᠲᠡᠭᠦᠯᠪᠡ᠃ ᠰᠸᠯᠸᠳᠢ ᠲᠡᠢ ᠨᠣᠶᠠᠨ ᠡᠳᠦᠢ ᠬᠦᠷᠲᠡᠯ᠎ᠡ ᠠᠯᠠᠭ᠎ᠠ᠃
ᠵᠢᠩᠴᠢᠳ ᠠᠯᠢ ᠪᠠᠯᠠᠢ ᠠᠮᠢᠲᠠᠳ ᠰᠢᠭ᠋ ᠵᠣᠭᠰᠣᠵᠠᠭᠠᠨ᠎ᠠ᠃ ᠭᠠᠮᠢᠩ ᠤ᠋ᠳ ᠨᠦᠬᠡᠨ ᠭᠡᠷ ᠡᠴᠡ ᠮᠥᠨ ᠯᠡ ᠥᠨᠥᠬᠢ ᠬᠠᠪᠴᠢᠭᠠᠷ ᠬᠠᠢᠷᠴᠠᠭ ᠲᠠᠢ ᠬᠦᠨᠳᠦ ᠶᠠᠭᠤᠮᠠᠰ ᠢ᠋ ᠭᠠᠷᠭᠠᠨ ᠲᠡᠮᠡᠭᠡᠨ ᠦ᠌ ᠬᠠᠵᠠᠭᠤ ᠳ᠋ᠤ᠌ ᠠᠪᠴᠢᠷᠠᠪᠠ᠃ ᠡᠨᠡ ᠪᠣᠯ ᠵᠢᠩᠴᠢᠳ ᠢ᠋ ᠣᠷᠣᠨ ᠨᠤᠲᠤᠭ ᠤᠷᠤᠭᠤ ᠪᠠᠨ ᠴᠢᠭᠯᠡᠬᠦ ᠶ᠋ᠢ ᠪᠢᠲᠡᠭᠡᠢ ᠰᠠᠨᠠᠭᠲᠤᠨ! ᠭᠡᠰᠡᠨ ᠳᠣᠬᠢᠶ᠎ᠠ ᠪᠠᠢᠯ᠎ᠠ᠃ ᠳᠣᠷᠵᠢ ᠬᠠᠷᠢᠶᠠᠯ ᠵᠦᠬᠡᠯ ᠦ᠋ᠨ ᠦᠭᠡᠰ ᠢ᠋ ᠮᠠᠨᠢ ᠤᠩᠰᠢᠬᠤ ᠮᠡᠲᠦ ᠦᠷᠭᠦᠯᠵᠢᠯᠡᠭᠦᠯᠪᠡ᠃ ᠳ᠋ᠡᠨᠽᠡᠨ ᠠᠭᠤᠷ ᠤᠨᠲᠤᠭᠤ ᠪᠣᠯᠬᠤ ᠶ᠋ᠢᠨ ᠣᠷᠣᠨ ᠳ᠋ᠤ᠌ ᠠᠷᠭ᠎ᠠ ᠤᠬᠠᠭᠠᠨ ᠪᠣᠳᠣᠭᠰᠠᠨ ᠠᠵᠢ᠃
— ᠵᠢᠭᠤᠲᠠᠶ᠎ᠠ ᠨᠥᠬᠥᠳ ᠠ᠋᠃ ᠵᠥᠪᠬᠡᠨ ᠤᠨᠤᠭ᠎ᠠ ᠲᠡᠮᠡᠭᠡ ᠪᠡᠨ ᠠᠪᠤᠨ ᠵᠢᠭᠤᠲᠠᠶ᠎ᠠ ᠭᠡᠪᠡ᠃ ᠳᠣᠷᠵᠢ᠄
— ᠲᠡᠭᠡᠶ᠎ᠡ ᠭᠡᠵᠦ ᠰᠢᠢᠳᠮᠡᠭᠡᠢ ᠬᠠᠷᠢᠭᠤᠯᠪᠠ᠃ ᠡᠨᠡ ᠳᠠᠷᠤᠢ ᠬᠦᠷᠡᠯ᠄
— ᠬᠡᠦᠬᠡᠳ ᠦ᠋ᠳ ᠮᠢᠨᠢ ᠶᠠᠭᠠᠬᠢᠵᠤ ᠪᠣᠯᠬᠤ ᠪᠣᠢ? ᠫᠤᠤ ᠲᠠᠢ ᠤᠯᠤᠰ ᠤ᠋ᠨ ᠭᠠᠷ ᠠ᠋ᠴᠠ ᠪᠢᠳᠡ ᠶᠠᠭᠠᠬᠢᠭᠰᠠᠨ ᠴᠦ᠍ ᠠᠮᠢᠳᠤ ᠭᠠᠷᠬᠤ ᠦᠭᠡᠢ ᠭᠡᠵᠦ ᠡᠯᠢᠭᠡ ᠲᠡᠪᠡᠷᠢᠪᠡ᠃ ᠳᠣᠷᠵᠢ᠂ ᠳ᠋ᠡᠨᠽᠡᠨ ᠬᠣᠶᠠᠷ ᠦᠨᠡᠬᠡᠷ ᠴᠦ᠍ ᠲᠡᠢᠮᠦ ᠪᠣᠯᠪᠠ ᠤᠤ ᠭᠡᠵᠦ ᠪᠣᠳᠣᠨ ᠵᠣᠭᠰᠣᠪᠠ᠃ ᠭᠡᠲᠡᠯ᠎ᠡ ᠭᠡᠨᠡᠳᠲᠡ《ᠺᠤᠸᠠᠢ᠂ ᠺᠤᠸᠠᠢ!》 ᠭᠡᠵᠦ ᠬᠠᠰᠬᠢᠷᠬᠤ ᠰᠣᠨᠣᠰᠤᠭᠳᠠᠯ᠎ᠠ᠃ ᠡᠨᠡ ᠪᠣᠯ ᠥᠨᠥᠬᠢ ᠨᠣᠶᠠᠨ ᠥᠪᠡᠷ ᠦ᠋ᠨ ᠪᠡᠶ᠎ᠡ ᠪᠡᠷ ᠢᠷᠡᠨ《ᠬᠤᠷᠳᠤᠨ᠂ ᠬᠤᠷᠳᠤᠨ》 ᠭᠡᠵᠦ ᠦᠷᠭᠦᠯᠵᠢ ᠬᠠᠰᠬᠢᠷᠳᠠᠭ ᠢ᠋ᠶ᠋ᠠᠷ ᠢ᠋ᠶ᠋ᠠᠨ ᠬᠠᠰᠬᠢᠷᠴᠤ ᠪᠠᠢᠭ᠎ᠠ ᠨᠢ ᠪᠠᠢᠪᠠ᠃
ᠵᠢᠩᠴᠢᠳ ᠬᠦᠰᠡᠯ ᠡᠷᠡᠮᠡᠯᠵᠡᠯ ᠥᠴᠦᠬᠡᠨ ᠴᠦ᠍ ᠦᠭᠡᠢ ᠪᠠᠢᠪᠠᠴᠤ ᠬᠣᠶᠠᠷ ᠬᠥᠯ ᠢ᠋ᠶ᠋ᠡᠨ ᠠᠯᠪᠠᠲᠠᠨ ᠬᠥᠳᠡᠯᠭᠡᠵᠦ ᠶᠠᠭᠢᠷ ᠬᠠᠲᠠᠭᠤ ᠬᠠᠢᠷᠴᠠᠭ ᠤ᠋ᠳ ᠢ᠋ ᠲᠡᠮᠡᠭᠡᠨ ᠳ᠋ᠦ᠍ ᠲᠡᠩᠨᠡᠵᠦ ᠡᠬᠢᠯᠡᠪᠡ᠃ ᠳᠤᠷ᠎ᠠ ᠦᠭᠡᠢ ᠳ᠋ᠦ᠍ ᠬᠦᠴᠦ ᠦᠭᠡᠢ ᠭᠡᠳᠡᠭ ᠶᠠᠭᠠᠬᠢᠬᠤ ᠶ᠋ᠢᠨ ᠠᠷᠭ᠎ᠠ ᠦᠭᠡᠢ ᠦᠨᠡᠨ ᠪᠠᠢᠯ᠎ᠠ᠃ ᠬᠠᠢᠷᠴᠠᠭ ᠤ᠋ᠳ ᠤᠷᠢᠳᠤ ᠠ᠋ᠴᠠ ᠪᠠᠨ ᠬᠡᠳᠦᠨ ᠠᠷᠪᠠᠭᠠᠳ ᠬᠤᠪᠢ ᠬᠦᠨᠳᠦ ᠪᠣᠯᠤᠭᠰᠠᠨ ᠮᠡᠲᠦ ᠪᠠᠢᠬᠤ ᠪᠥᠭᠡᠳ ᠬᠠᠮᠤᠭ ᠤ᠋ᠨ ᠴᠢᠳᠠᠮᠠᠭᠠᠢ ᠳ᠋ᠡᠨᠽᠡᠨ ᠬᠦᠷᠲᠡᠯ᠎ᠡ ᠠᠷᠠᠢ ᠴᠢᠷᠠᠢ ᠡᠷᠭᠦᠨ᠎ᠡ᠃ ᠬᠥᠮᠦᠨ ᠬᠥᠮᠦᠨ ᠦ᠌ ᠵᠣᠪᠠᠯᠠᠩ ᠢ᠋ ᠮᠡᠳᠡᠳᠡᠭ ᠦᠭᠡᠢ ᠪᠥᠭᠡᠳ ᠲᠡᠷᠡ ᠳᠤᠮᠳᠠ ᠠ᠋ᠴᠠ ᠭᠠᠮᠢᠩ ᠨᠣᠶᠠᠨ ᠪᠦᠷ ᠴᠦ᠍ ᠦᠭᠡᠢ ᠬᠡᠷᠡᠭ ᠪᠢᠵᠡ᠃《ᠺᠤᠸᠠᠢ ᠺᠤᠸᠠᠢ》 ᠭᠡᠳᠡᠭ ᠢ᠋ᠶ᠋ᠡᠨ ᠴᠢᠬᠢᠨ ᠳ᠋ᠦ᠍ ᠬᠠᠲᠠᠭᠠᠨ ᠬᠠᠰᠬᠢᠷᠴᠤ ᠳᠣᠷᠵᠢ ᠶ᠋ᠢᠨ ᠰᠤᠭᠤᠯᠳᠤᠷᠭᠠᠯᠠᠭᠰᠠᠨ ᠳᠠᠩ ᠳᠠᠪᠤᠤ ᠴᠠᠮᠴᠠ ᠳᠡᠭᠡᠷ᠎ᠡ ᠰᠦᠯᠵᠢᠮᠡᠯ ᠰᠤᠷ ᠲᠠᠰᠢᠭᠤᠷ ᠢ᠋ᠶ᠋ᠠᠷ ᠱᠠᠪ ᠬᠢᠯᠭᠡᠨ ᠣᠷᠣᠭᠤᠯᠪᠠ᠃ ᠳᠣᠷᠵᠢ ᠡᠷᠭᠦᠨ ᠶᠠᠳᠠᠵᠤ ᠪᠠᠢᠭ᠎ᠠ ᠬᠠᠢᠷᠴᠠᠭ ᠢ᠋ᠶ᠋ᠠᠨ ᠣᠢᠴᠢᠵᠤ ᠪᠠᠭᠤᠲᠠᠯ᠎ᠠ ᠭᠠᠵᠠᠷ ᠬᠠᠶᠠᠨ ᠬᠥᠮᠥᠭᠡᠢ ᠵᠠᠭᠤᠨ ᠲᠠᠭᠳᠠᠭᠠᠷ ᠴᠡᠭᠡᠵᠢ ᠪᠡᠷ ᠢ᠋ᠶ᠋ᠡᠨ ᠲᠥᠷᠥᠨ ᠣᠴᠢᠪᠠ᠃ ᠭᠠᠭᠴᠠᠬᠠᠨ ᠴᠣᠬᠢᠯᠲᠠ ᠪᠠᠷ ᠨᠣᠶᠠᠨ ᠨᠢ ᠭᠠᠵᠠᠷ ᠤᠨᠠᠬᠤ ᠪᠠᠢᠪᠠᠴᠤ ᠨᠣᠶᠠᠨ ᠠᠶᠤᠨ ᠡᠮᠢᠶᠡᠭᠰᠡᠨ ᠦᠭᠡᠢ ᠠᠶᠤᠯᠲᠤ ᠬᠤᠷᠳᠤᠨ ᠰᠸᠯᠸᠳᠢ ᠤᠷᠤᠭᠤ ᠪᠠᠨ ᠭᠠᠷ ᠢ᠋ᠶ᠋ᠠᠨ ᠶᠠᠪᠤᠭᠤᠯᠬᠤ ᠶ᠋ᠢ ᠨᠢ ᠬᠦᠷᠡᠯ ᠬᠠᠷᠠᠨ᠂ ᠬᠣᠭᠣᠷᠣᠨᠳᠣ ᠨᠢ ᠦᠰᠦᠷᠦᠨ ᠣᠷᠣᠪᠠ᠃
— ᠲᠡᠨᠡᠭ ᠮᠢᠨᠢ ᠶᠠᠭᠠᠬᠢᠵᠤ ᠪᠠᠢᠭ᠎ᠠ ᠴᠢᠨᠢ ᠡᠨᠡ ᠪᠣᠢ? ᠭᠠᠷ ᠬᠣᠭᠣᠰᠣᠨ ᠬᠥᠮᠦᠨ᠂ ᠬᠡᠯᠡ ᠪᠤᠷᠤᠭᠤᠲᠠᠨ ᠤ᠋ ᠡᠮᠦᠨ᠎ᠡ ᠢᠩᠭᠢᠵᠦ ᠪᠣᠯᠬᠤ ᠤᠤ᠂ ᠴᠢ ᠡᠳᠡᠨ ᠦ᠌ ᠡᠮᠦᠨ᠎ᠡ ᠰᠣᠬᠣᠷ ᠵᠣᠭᠣᠰᠤᠨ ᠤ᠋ ᠦᠨ᠎ᠡ ᠦᠭᠡᠢ ᠪᠡᠨ ᠮᠡᠳᠡᠬᠦ ᠶᠣᠰᠣᠲᠠᠢ ᠭᠡᠵᠦ ᠡᠴᠢᠭᠡ ᠬᠥᠮᠦᠨ ᠦ᠌ ᠶᠣᠰᠣᠭᠠᠷ ᠵᠠᠩᠨᠠᠭᠰᠠᠨ ᠳ᠋ᠤ᠌ ᠳᠣᠷᠵᠢ ᠶ᠋ᠢᠨ ᠬᠠᠷᠠᠩᠭᠤᠢ ᠪᠤᠬᠢᠨᠢᠳᠤᠯ ᠳᠠᠷᠤᠭᠳᠠᠪᠠ᠃ ᠭᠡᠳᠡᠷᠭᠦ ᠡᠷᠭᠢᠨ ᠭᠠᠵᠠᠷ ᠬᠠᠶᠠᠭᠰᠠᠨ ᠬᠠᠢᠷᠴᠠᠭ ᠢ᠋ᠶ᠋ᠠᠨ ᠰᠡᠪ ᠬᠢᠯᠭᠡᠨ ᠡᠷᠭᠦᠵᠦ ᠲᠡᠮᠡᠭᠡᠨ ᠦ᠌ ᠨᠢᠷᠤᠭᠤᠨ ᠳ᠋ᠤ᠌ ᠠᠪᠴᠢᠷᠠᠨ᠎ᠠ᠃ ᠰᠸᠯᠸᠳᠢᠳᠤ ᠨᠣᠶᠠᠨ ᠴᠤ᠌ ᠢᠯᠠᠨ ᠳᠡᠢᠯᠦᠭᠰᠡᠨ ᠳ᠋ᠡᠭᠡᠨ ᠰᠡᠳᠬᠢᠯ ᠲᠠᠢᠪᠤᠰᠢᠷᠠᠬᠤ ᠠᠵᠢ᠃
ᠢᠩᠭᠢᠭᠡᠳ ᠦᠷᠭᠦᠯᠵᠢᠯᠡᠨ ᠠᠴᠢᠶᠠᠯᠠᠬᠤ ᠳ᠋ᠤ᠌ ᠬᠥᠮᠦᠨ ᠮᠠᠯ ᠬᠣᠶᠠᠷ ᠤ᠋ᠨ ᠬᠠᠮᠠᠷ ᠱᠤᠤᠬᠢᠲᠤᠨᠠᠬᠤ ᠠ᠋ᠴᠠ ᠥᠭᠡᠷ᠎ᠡ ᠶᠠᠮᠠᠷ ᠴᠦ᠍ ᠬᠡᠷᠡᠭᠦᠯ ᠪᠤᠳᠤᠯᠢᠶᠠᠨ ᠭᠠᠷᠤᠭᠰᠠᠨ ᠦᠭᠡᠢ᠃ ᠲᠡᠷᠡ ᠵᠠᠭᠤᠷ᠎ᠠ ᠬᠦᠷᠡᠯ ᠪᠦᠬᠦ ᠭᠠᠢ᠂ ᠬᠡᠯᠡ ᠮᠡᠳᠡᠬᠦ ᠦᠭᠡᠢ ᠡᠴᠡ ᠪᠣᠯᠵᠤ ᠪᠠᠢᠭ᠎ᠠ ᠶ᠋ᠢ ᠣᠢᠯᠠᠭᠠᠪᠠ᠃ ᠬᠡᠯᠡ ᠲᠡᠢ ᠰᠠᠨ ᠪᠣᠯ ᠭᠤᠶᠤᠵᠤ ᠪᠣᠯᠤᠨ᠎ᠠ᠃ ᠤᠴᠢᠷ ᠶᠠᠪᠤᠳᠠᠯ ᠢ᠋ᠶ᠋ᠠᠨ ᠬᠡᠯᠡᠯᠴᠡᠵᠦ ᠪᠣᠯᠤᠨ᠎ᠠ᠃ ᠶᠠᠳᠠᠵᠤ ᠡᠨᠡ ᠤᠯᠤᠰ ᠶᠠᠮᠠᠷ ᠵᠣᠷᠢᠯᠭ᠎ᠠ ᠲᠠᠢ ᠤᠯᠤᠰ ᠪᠣᠢ? ᠬᠡᠨ ᠬᠡᠨ ᠭᠡᠳᠡᠭ ᠬᠥᠮᠦᠨ ᠪᠣᠯᠬᠤ ᠶ᠋ᠢ ᠠᠯᠢ ᠬᠡᠳᠦᠢᠨ ᠦ᠌ ᠮᠡᠳᠡᠭᠰᠡᠨ ᠪᠠᠢᠬᠤ ᠰᠢᠦ ᠳᠡ ᠭᠡᠵᠦ ᠪᠣᠳᠣᠬᠤ ᠳ᠋ᠠᠭᠠᠨ᠄
— ᠬᠡᠦᠬᠡᠳ ᠦ᠋ᠳ ᠮᠢᠨᠢ᠂ ᠡᠳᠡᠨ ᠦ᠌ ᠭᠠᠷ ᠠ᠋ᠴᠠ ᠬᠡᠵᠢᠶ᠎ᠡ ᠬᠡᠷᠬᠢᠨ ᠮᠤᠯᠲᠤᠷᠠᠬᠤ ᠶ᠋ᠢ ᠪᠢᠳᠡᠨ ᠦ᠌ ᠬᠤᠪᠢ ᠵᠠᠶᠠᠭ᠎ᠠ ᠮᠡᠳᠡᠬᠦ ᠪᠣᠢ ᠊ᠢ᠎ᠠ᠃ ᠶᠠᠭᠤ ᠴᠦ᠍ ᠪᠣᠯᠲᠤᠭᠠᠢ ᠲᠠ ᠨᠠᠷ ᠮᠢᠨᠢ ᠬᠢᠲᠠᠳ ᠬᠡᠯᠡ ᠰᠤᠷᠬᠤ ᠶ᠋ᠢ ᠪᠣᠳᠣᠵᠠᠭᠠᠵᠤ ᠦᠵᠡ! ᠭᠡᠳ ᠥᠪᠡᠷ ᠦ᠋ᠨ ᠢ᠋ᠶ᠋ᠡᠨ ᠰᠠᠨᠠᠭᠰᠠᠨ ᠢ᠋ ᠨᠢᠭᠡᠳ ᠨᠢᠭᠡ ᠦᠭᠡᠢ ᠲᠣᠭᠠᠴᠢᠨ ᠬᠡᠯᠡᠪᠡ᠃ ᠨᠥᠭᠦᠭᠡ ᠬᠣᠶᠠᠷ ᠨᠢ ᠲᠣᠯᠣᠭᠠᠢ ᠳᠣᠬᠢᠨ ᠬᠦᠯᠢᠶᠡᠨ ᠠᠪᠤᠯ᠎ᠠ᠃
ᠵᠢᠩᠴᠢᠳ ᠣᠳᠣ ᠭᠡᠳᠡᠷᠭᠦ ᠡᠷᠭᠢᠬᠦ ᠡᠴᠡ ᠥᠭᠡᠷ᠎ᠡ ᠵᠠᠮ ᠦᠭᠡᠢ ᠪᠣᠯᠤᠭᠰᠠᠨ ᠢ᠋ ᠲᠣᠳᠣᠷᠬᠠᠢ ᠮᠡᠳᠡᠬᠦ ᠲᠤᠯᠠ ᠬᠡᠨ ᠦ᠌ ᠴᠦ᠍ ᠱᠠᠭᠠᠷᠳᠠᠯᠭ᠎ᠠ ᠥᠬᠡᠢ ᠪᠡᠷ ᠵᠡᠭᠦᠨ ᠬᠣᠢᠰᠢ ᠬᠥᠳᠡᠯᠪᠡ᠃ ᠪᠣᠳᠣᠯ ᠡᠷᠭᠢᠯᠳᠦᠬᠦ ᠪᠡᠨ ᠪᠣᠯᠢᠭᠰᠠᠨ ᠠᠵᠢ᠃ ᠳᠣᠷᠵᠢ᠂ ᠳ᠋ᠡᠨᠽᠡᠨ ᠬᠣᠶᠠᠷ ᠵᠢᠩ ᠦ᠋ᠨ ᠰᠡᠭᠦᠯ ᠳ᠋ᠦ᠍ ᠵᠡᠷᠭᠡᠴᠡᠨ ᠶᠠᠪᠤᠬᠤ ᠳ᠋ᠠᠭᠠᠨ ᠬᠡᠯᠡ ᠰᠤᠷᠬᠤ ᠲᠤᠬᠠᠢ ᠶᠠᠷᠢᠯᠴᠠᠪᠠ᠃ ᠴᠣᠬᠣᠮ ᠬᠡᠷᠬᠢᠨ ᠰᠤᠷᠬᠤ ᠪᠠᠨ ᠲᠡᠳᠡ ᠣᠭᠲᠣ ᠮᠡᠳᠡᠬᠦ ᠦᠭᠡᠢ ᠪᠠᠢᠪᠠᠴᠤ ᠨᠣᠶᠠᠨ ᠤ᠋ ᠠᠮᠠᠨ ᠠ᠋ᠴᠠ ᠣᠯᠠᠨᠲᠠ ᠭᠠᠷᠳᠠᠭ《ᠺᠤᠸᠠᠢ》 ᠭᠡᠳᠡᠭ ᠦᠭᠡ ᠶ᠋ᠢ ᠰᠤᠳᠤᠯᠵᠤ ᠡᠬᠢᠯᠡᠪᠡ᠃ ᠡᠴᠦᠰ ᠲᠦ᠋ᠨᠢ《ᠬᠤᠷᠳᠤᠨ》 ᠭᠡᠰᠡᠨ ᠦᠭᠡ ᠪᠣᠯᠪᠠ ᠤᠤ ᠭᠡᠵᠦ ᠲᠠᠭᠠᠪᠤᠷᠢᠯᠠᠨ ᠲᠣᠭᠲᠠᠭᠠᠪᠠ᠃ ᠳᠠᠷᠠᠭ᠎ᠠ ᠳ᠋ᠤᠨᠢ ᠨᠣᠶᠠᠨ ᠨᠢᠭᠡ ᠤᠳᠠᠭ᠎ᠠ ᠠᠭᠤᠷᠯᠠᠨ ᠨᠢᠭᠡ ᠴᠡᠷᠢᠭ ᠢ᠋ᠶ᠋ᠡᠨ ᠵᠠᠨᠴᠢᠬᠤ ᠳ᠋ᠠᠭᠠᠨ《ᠱᠸᠡᠭ— ᠺᠦ》 ᠭᠡᠵᠦ ᠶᠠᠭᠤ ᠪᠣᠢ?
— ᠬᠠᠷᠢᠨ ᠶᠠᠭᠤ ᠪᠣᠢ? ᠪᠡᠶ᠎ᠡ ᠪᠡᠶ᠎ᠡ ᠡᠴᠡ ᠪᠡᠨ ᠰᠢᠯᠭᠠᠭᠰᠠᠨ ᠢ᠋ᠶ᠋ᠠᠨ ᠳᠣᠷᠵᠢ᠄
— ᠡᠳᠡᠨ ᠡᠴᠡ ᠠᠰᠠᠭᠤᠶ᠎ᠠ ᠭᠡᠪᠡ᠃
— ᠦᠭᠡᠢ ᠴᠢ ᠬᠡᠯᠡ ᠮᠡᠳᠡᠬᠦ ᠦᠭᠡᠢ ᠪᠠᠢᠵᠤ ᠶᠠᠭᠠᠬᠢᠵᠤ ᠠᠰᠠᠭᠤᠬᠤ ᠴᠢᠨᠢ ᠪᠣᠢ?
— ᠲᠤᠩ ᠠᠮᠠᠷᠬᠠᠨ ᠭᠡᠳ ᠳᠣᠷᠵᠢ ᠬᠠᠵᠠᠭᠤ ᠳ᠋ᠠᠭᠠᠨ ᠶᠠᠪᠤᠭ᠎ᠠ ᠭᠠᠮᠢᠩ ᠤ᠋ᠳ ᠤᠷᠤᠭᠤ ᠪᠥᠬᠥᠢᠨ ᠨᠢᠭᠡ ᠤᠷᠤᠭᠤ ᠨᠢ ᠭᠠᠷ ᠰᠤᠩᠭᠠᠨ ᠵᠢᠭᠠᠵᠤ᠄《ᠱᠧᠩ— ᠺᠦ》 ᠭᠡᠯᠡ᠃ ᠥᠨᠥᠬᠢ ᠭᠠᠮᠢᠩ ᠰᠣᠴᠢᠨ ᠥᠭᠡᠳᠡ ᠡᠴᠡ ᠨᠢ ᠬᠠᠷᠠᠨ ᠠᠭᠤᠷᠯᠠᠵᠤ《ᠨᠢᠢ ᠱᠧᠩ ᠺᠦ!》 ᠭᠡᠵᠦ ᠬᠠᠰᠬᠢᠷᠤᠭᠠᠳ ᠪᠤᠰᠤᠳ ᠲᠠᠢ ᠪᠠᠨ ᠪᠥᠭᠡᠮ ᠱᠤᠤᠭᠢᠶᠠᠨ ᠪᠣᠯᠪᠠ᠃ ᠡᠢᠮᠦ ᠳ᠋ᠦ᠍ ᠳᠣᠷᠵᠢ᠂ ᠳ᠋ᠡᠨᠽᠠᠨ ᠬᠣᠶᠠᠷ ᠬᠠᠷᠢᠶᠠᠯ ᠤ᠋ᠨ ᠦᠭᠡ ᠪᠣᠯᠬᠤ ᠶ᠋ᠢ ᠲᠣᠳᠣᠷᠬᠠᠢ ᠮᠡᠳᠡᠭᠰᠡᠨ ᠦ᠌ ᠳᠡᠭᠡᠷ᠎ᠡ ᠰᠠᠶᠢ ᠶ᠋ᠢᠨ ᠬᠥᠮᠦᠨ ᠦ᠌《ᠨᠢᠢ》 ᠨᠡᠮᠡᠭᠰᠡᠨ ᠢ᠋《ᠴᠢ》 ᠭᠡᠵᠦ ᠪᠠᠢᠭ᠎ᠠ ᠶ᠋ᠢ ᠨᠢ ᠮᠥᠨ ᠲᠣᠳᠣᠷᠬᠠᠢ ᠮᠡᠳᠡᠯ᠎ᠡ᠃ ᠲᠡᠭᠡᠭᠡᠳ ᠳᠣᠷᠵᠢ ᠬᠠᠵᠠᠭᠤ ᠶ᠋ᠢᠨ ᠢ᠋ᠶ᠋ᠡᠨ ᠬᠥᠮᠦᠨ ᠢ᠋ ᠳᠡᠮᠡᠢ ᠬᠠᠷᠢᠶᠠᠭᠰᠠᠨ ᠢ᠋ᠶ᠋ᠠᠨ ᠴᠠᠭᠠᠳᠬᠤ ᠶ᠋ᠢᠨ ᠵᠡᠷᠭᠡ ᠪᠡᠷ ᠬᠦᠷᠡᠯ ᠦ᠋ᠨ ᠭᠠᠭᠴᠠ ᠮᠡᠳᠡᠬᠦ《ᠪᠦᠵᠢᠳᠤᠤ》 ᠭᠡᠳᠡᠭ ᠢ᠋ᠶ᠋ᠡᠨ ᠬᠡᠯᠡᠭᠡᠳ ᠪᠡᠶ᠎ᠡ ᠪᠡᠨ ᠵᠢᠭᠠᠯ᠎ᠠ᠃ ᠢᠩᠭᠢᠭᠡᠳ ᠭᠠᠮᠢᠩ ᠤ᠋ᠳ ᠢᠨᠢᠶᠡᠯᠴᠡᠭᠰᠡᠨ ᠪᠥᠭᠡᠳ ᠡᠨᠳᠡ ᠡᠴᠡ ᠡᠬᠢᠯᠡᠨ ᠵᠢᠩᠴᠢᠳ ᠲᠡᠳᠡᠨ ᠲᠡᠢ ᠲᠠᠨᠢᠯᠴᠠᠨ ᠨᠠᠢᠵᠠᠷᠬᠠᠬᠤ ᠵᠠᠮ ᠨᠡᠭᠡᠭᠡᠭᠳᠡᠪᠡ᠃
ᠠᠷᠤ ᠠ᠋ᠴᠠ ᠨᠢ ᠨᠣᠶᠠᠨ ᠤᠨᠤᠭ᠎ᠠ ᠲᠠᠢᠯᠤᠭ ᠢ᠋ᠶ᠋ᠠᠨ ᠲᠡᠰᠢᠭᠦᠯᠦᠨ ᠶᠠᠪᠤᠨ᠎ᠠ᠃ ᠦᠢᠯᠡ ᠠᠵᠢᠯᠯᠠᠭ᠎ᠠ ᠶ᠋ᠢᠨ ᠢ᠋ᠶ᠋ᠡᠨ ᠪᠦᠲᠦᠮᠵᠢᠲᠡᠢ ᠶᠠᠪᠤᠭ᠎ᠠ ᠳ᠋ᠤ᠌ ᠰᠡᠳᠬᠢᠯ ᠲᠦᠪᠰᠢᠨ᠂ ᠠᠮᠠᠨ ᠳ᠋ᠠᠭᠠᠨ ᠲᠡᠮᠡᠭᠡᠨ ᠲᠡᠰᠢᠯᠲᠡ ᠲᠡᠢ ᠶᠠᠭ ᠲᠠᠭ ᠲᠣᠬᠢᠷᠠᠭᠰᠠᠨ ᠠᠶᠠᠯᠭᠤ ᠨᠢᠭᠡᠨ ᠳᠠᠭᠤᠤ ᠶ᠋ᠢ ᠠᠶᠠᠲᠠᠢᠬᠠᠨ ᠢ᠋ᠶ᠋ᠠᠷ ᠭᠢᠩᠰᠢᠭᠦᠯᠦᠨ ᠳᠠᠭᠤᠯᠠᠨ᠎ᠠ᠃ ᠳᠣᠷᠵᠢ᠂ ᠳ᠋ᠡᠨᠽᠠᠨ ᠬᠣᠶᠠᠷ ᠤ᠋ᠨ ᠳᠡᠷᠭᠡᠳᠡ ᠢᠷᠡᠬᠦ ᠲᠡᠢ ᠪᠡᠨ ᠵᠡᠷᠭᠡ ᠳᠠᠭᠤᠤ ᠪᠠᠨ ᠲᠠᠰᠤᠯᠤᠨ《ᠬᠡᠨ ᠬᠣᠣ!》 ᠭᠡᠵᠦ ᠬᠠᠰᠬᠢᠷᠤᠨ ᠡᠷᠡᠬᠡᠢ ᠬᠤᠷᠤᠭᠤ ᠪᠠᠨ ᠭᠣᠵᠣᠢᠯᠭᠠᠨ ᠢᠨᠢᠶᠡᠮᠰᠦᠭᠯᠡᠭᠡᠳ᠂ ᠥᠩᠭᠡᠷᠡᠨ ᠣᠳᠬᠤ ᠲᠠᠢ ᠪᠠᠨ ᠵᠡᠷᠭᠡ ᠳᠠᠭᠤᠤ ᠪᠠᠨ ᠦᠷᠭᠦᠯᠵᠢᠯᠡᠭᠦᠯᠪᠡ᠃ ᠳ᠋ᠡᠨᠽᠠᠨ ᠬᠣᠢᠨ᠎ᠠ ᠠ᠋ᠴᠠ ᠨᠢ ᠢᠨᠢᠶᠡᠮᠰᠦᠭᠯᠡᠨ ᠬᠠᠷᠠᠵᠤ ᠪᠠᠢᠭᠰᠠᠨ ᠢ᠋ᠶ᠋ᠠᠨ᠄
—《ᠬᠣᠣ》 ᠭᠡᠳᠡᠭ ᠪᠣᠯ ᠰᠠᠢᠨ ᠭᠡᠰᠡᠨ ᠦᠭᠡ ᠭᠡᠵᠦ ᠬᠡᠵᠢᠶ᠎ᠡ ᠶᠠᠵᠢᠶᠠᠨ ᠤ᠋ ᠮᠡᠳᠡᠳᠡᠭ ᠶᠦᠮ ᠰᠢᠭ ᠬᠡᠯᠡᠪᠡ᠃ ᠬᠠᠷᠢᠭᠤ ᠳ᠋ᠤᠨᠢ ᠳᠣᠷᠵᠢ᠂《ᠬᠡᠨ》 ᠭᠡᠳᠡᠭ ᠨᠢ ᠲᠣᠩ ᠭᠡᠰᠡᠨ ᠦᠭᠡ᠃ ᠢᠩᠭᠢᠬᠦ ᠪᠡᠷ ᠰᠠᠶᠢ ᠲᠡᠷᠡ ᠨᠣᠶᠠᠨ ᠶᠠᠭᠤ ᠭᠡᠵᠦ ᠬᠡᠯᠡᠭᠰᠡᠨ ᠢ᠋ ᠨᠢ ᠴᠢ ᠮᠡᠳᠡᠵᠦ ᠪᠠᠢᠨ᠎ᠠ ᠤᠤ?
ᠳ᠋ᠡᠨᠽᠠᠨ ᠠᠭᠱᠠᠨ ᠵᠠᠭᠤᠷ᠎ᠠ ᠪᠣᠳᠣᠭᠰᠠᠨ ᠢ᠋ᠶ᠋ᠠᠨ᠄《ᠮᠠᠰᠢ ᠰᠠᠢᠨ》 ᠭᠡᠵᠦ ᠬᠡᠯᠡᠪᠡ ᠭᠡᠳ ᠭᠠᠮᠢᠩ ᠤ᠋ᠳ ᠤᠷᠤᠭᠤ ᠬᠠᠨᠳᠤᠨ ᠰᠸᠯᠸᠳᠢ ᠲᠡᠢ ᠨᠣᠶᠠᠨ ᠢ᠋ ᠳᠠᠭᠤᠷᠢᠶᠠᠨ ᠡᠷᠡᠬᠡᠢ ᠬᠤᠷᠤᠭᠤ ᠪᠠᠨ ᠪᠣᠰᠬᠠᠨ《ᠳ᠋ᠧᠩ— ᠬᠣᠣ》 ᠭᠡᠪᠡ᠃
ᠨᠥᠭᠥᠭᠡᠳᠦᠭᠦᠯᠡ ᠬᠠᠷᠢᠭᠤ ᠢᠨᠢᠶᠡᠮᠰᠦᠭᠯᠡᠨ《ᠬᠡᠨ— ᠬᠣᠣ! ᠳ᠋ᠧᠩ ᠬᠣᠣ!》 ᠭᠡᠮᠡᠨ ᠱᠤᠤᠭᠢᠯᠳᠤᠪᠠ᠃
ᠦᠰᠦᠭ ᠠᠮᠢᠯᠠᠭᠤᠯᠤᠭᠰᠠᠨ ᠨᠢ ᠄ ᠪᠠᠭᠠᠲᠤᠷ
