ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠲᠠᠪᠤ〕 Цаг төрийн үймээн – Д ᠂ Намдаг - Амьдралын зам ᠂ нэгдүгээр бүлэг - 15
ᠬᠡᠯᠡ ᠮᠡᠳᠡᠬᠦ ᠦᠭᠡᠢ ᠶᠢᠨ ᠠᠶᠤᠯ
ᠳᠥᠷᠪᠡᠨ ᠬᠣᠨᠣᠭ ᠳᠠᠩ ᠵᠡᠭᠦᠨ ᠲᠡᠢᠰᠢ ᠤᠴᠢᠷ ᠳᠦᠷᠰᠦ ᠪᠡᠨ ᠠᠯᠳᠠᠭᠰᠠᠨ ᠥᠨᠳᠥᠷ ᠠᠭᠤᠯᠠᠰ᠂ ᠠᠭᠤᠯᠠᠰ ᠤ᠋ᠨ ᠵᠠᠪᠰᠠᠷ ᠵᠢᠯᠠᠭ᠎ᠠ ᠶ᠋ᠢ ᠵᠠᠢ ᠵᠠᠪᠰᠠᠷ ᠦᠭᠡᠢ ᠡᠵᠡᠯᠡᠭᠰᠡᠨ ᠲᠠᠷᠢᠶᠠᠨ ᠤ᠋ ᠲᠠᠯᠠᠪᠤᠷ ᠳᠤᠮᠳᠠᠭᠤᠷ ᠳᠤᠲᠠᠭᠤ ᠬᠠᠭᠠᠰ ᠨᠣᠢᠷ ᠲᠠᠢ ᠶᠠᠪᠤᠭᠠᠳ ᠲᠠᠪᠤᠳᠠᠬᠢ ᠡᠳᠦᠷ ᠢ᠋ᠶ᠋ᠡᠨ᠂ ᠥᠷᠯᠥᠭᠡ ᠣᠢ ᠮᠣᠳᠣ ᠪᠦᠬᠦᠢ ᠶᠡᠬᠡ ᠠᠭᠤᠯᠠ ᠶ᠋ᠢᠨ ᠵᠡᠭᠦᠨ ᠰᠤᠭᠤ ᠤᠷᠤᠭᠤ ᠣᠷᠣᠵᠤ ᠢᠷᠡᠪᠡ᠃ ᠡᠳᠦᠷ ᠪᠦᠷᠢ ᠠᠶᠠᠨ ᠵᠢᠩ ᠲᠡᠢ ᠵᠡᠷᠭᠡᠴᠡᠨ ᠶᠠᠪᠤᠭᠰᠠᠨ ᠪᠦᠬᠦ ᠭᠠᠮᠢᠩ ᠤ᠋ᠨ ᠬᠦᠷᠬᠦ ᠭᠠᠵᠠᠷ ᠨᠢ ᠡᠨᠳᠡ ᠪᠠᠢᠵᠠᠢ᠃ ᠪᠠᠭᠤᠳᠠᠯᠯᠠᠭᠰᠠᠨ ᠭᠠᠵᠠᠷ ᠤ᠋ᠨ ᠬᠡᠮᠵᠢᠶ᠎ᠡ ᠶᠡᠷᠦ ᠪᠠᠭ᠎ᠠ ᠪᠢᠰᠢ᠂ ᠵᠡᠭᠦᠨ ᠣᠷᠣᠭᠰᠢ ᠬᠠᠷᠠᠭᠰᠠᠨ ᠶᠡᠬᠡ ᠠᠮᠠᠨ ᠤ᠋ ᠲᠠᠷᠢᠶᠠᠨ ᠤ᠋ ᠭᠠᠵᠠᠷ ᠢ᠋ ᠭᠠᠴᠠᠭ᠎ᠠ ᠲᠣᠰᠬᠣᠨ ᠪᠦᠭᠦᠳᠡ ᠶ᠋ᠢ ᠪᠢᠲᠡᠭᠦᠦ ᠪᠦᠷᠬᠦᠨ ᠡᠵᠡᠯᠡᠨ᠎ᠡ᠃
ᠲᠡᠷᠡ ᠡᠳᠦᠷ ᠦ᠋ᠨ ᠲᠩᠷᠢ ᠴᠡᠯᠮᠡᠭ᠂ ᠨᠠᠷᠠᠨ ᠤ᠋ ᠲᠤᠰᠬᠠᠯ ᠬᠤᠷᠴᠠ᠂ ᠬᠠᠯᠬ᠎ᠠ ᠣᠷᠣᠨ ᠤ᠋ ᠨᠠᠮᠤᠷ ᠤ᠋ᠨ ᠳᠤᠮᠳᠠᠳᠤ ᠰᠠᠷ᠎ᠠ ᠰᠢᠭ᠋ ᠰᠠᠢᠬᠠᠨ ᠪᠠᠢᠯ᠎ᠠ᠃ ᠭᠠᠮᠢᠩ ᠤ᠋ᠳ ᠣᠷᠣᠨ ᠮᠠᠢᠬᠠᠨ ᠢ᠋ᠶ᠋ᠠᠨ ᠠᠯᠢ ᠬᠡᠳᠦᠢᠨ ᠦ᠌ ᠪᠣᠰᠬᠠᠭᠰᠠᠨ ᠪᠣᠯᠪᠠᠴᠤ ᠠᠵᠢᠯ ᠬᠡᠷᠡᠭ ᠨᠢ ᠶᠠᠭᠠᠬᠢᠭ᠎ᠠ ᠴᠦ᠍ ᠦᠭᠡᠢ ᠪᠠᠢᠭ᠎ᠠ ᠪᠣᠯᠤᠯᠲᠠᠢ᠃ ᠲᠠᠰᠢᠶᠠᠨ ᠳ᠋ᠠᠭᠠᠨ ᠵᠡᠭᠦᠵᠦ ᠶᠠᠪᠤᠳᠠᠭ ᠪᠣᠭᠣᠨᠢᠬᠠᠨ ᠡᠰᠢᠲᠦ ᠬᠦᠷᠵᠡ ᠪᠡᠷ ᠡᠨᠳᠡ ᠲᠡᠨᠳᠡ ᠦᠭᠡᠢ ᠭᠠᠵᠠᠷ ᠰᠡᠢᠴᠢᠨ ᠨᠦᠬᠡ ᠮᠠᠯᠲᠠᠨ᠎ᠠ᠃
ᠵᠢᠩᠴᠢᠳ ᠰᠧᠯᠧᠳᠢ ᠲᠡᠢ ᠨᠣᠶᠠᠨ ᠢ᠋ ᠳᠠᠭᠠᠨ᠂ ᠣᠯᠠᠨ ᠭᠠᠮᠢᠩ ᠤ᠋ᠳ ᠤ᠋ᠨ ᠶᠠᠭᠠᠷᠠᠯᠲᠠᠢ ᠮᠠᠯᠲᠠᠵᠤ ᠪᠠᠢᠭ᠎ᠠ ᠲᠣᠮᠣ ᠨᠦᠬᠡᠨ ᠦ᠌ ᠳᠡᠷᠭᠡᠳᠡ ᠢᠷᠡᠨ ᠲᠡᠮᠡᠭᠡ ᠬᠡᠪᠲᠡᠭᠦᠯᠬᠦ ᠳᠣᠬᠢᠶ᠎ᠠ ᠥᠭᠬᠦ ᠳ᠋ᠦ᠍ᠨᠢ ᠵᠣᠷᠢᠭᠰᠠᠨ ᠭᠠᠵᠠᠷ ᠤ᠋ᠨ ᠮᠤᠬᠤᠷ ᠲᠤ ᠢᠷᠡᠭᠰᠡᠨ ᠢ᠋ ᠮᠡᠳᠡᠪᠡ᠃ ᠬᠦᠷᠡᠯ ᠬᠦᠨᠳᠦ ᠠᠴᠢᠶ᠎ᠠ ᠶ᠋ᠢ ᠪᠠᠭᠤᠯᠭᠠᠨ ᠬᠠᠶᠠᠬᠤ ᠵᠠᠭᠤᠷ᠎ᠠ ᠪᠠᠨ— ᠣᠳᠣ ᠴᠦ᠍ ᠪᠢᠳᠡ ᠡᠳᠡᠨ ᠡᠴᠡ ᠨᠢᠭᠡ ᠰᠠᠯᠤᠨ᠎ᠠ ᠪᠠᠢᠬ᠎ᠠ ᠭᠡᠯᠡ᠃ ᠨᠥᠬᠥᠳ ᠨᠢ ᠴᠦ᠍ ᠮᠥᠨ ᠲᠡᠭᠡᠵᠦ ᠪᠣᠳᠣᠪᠠ᠃ ᠲᠠᠪᠤᠨ ᠬᠣᠨᠣᠭ ᠥᠯ ᠬᠣᠭᠣᠯᠠ ᠦᠭᠡᠢ ᠶᠠᠪᠤᠭᠰᠠᠨ ᠲᠡᠮᠡᠭᠡ ᠨᠦ᠍ᠭᠦᠳ ᠢ᠋ ᠭᠤᠷᠪᠠᠨ ᠫᠤᠤ ᠲᠠᠢ ᠬᠥᠮᠦᠨ ᠠᠭᠤᠯᠠ ᠶ᠋ᠢᠨ ᠬᠡᠴᠡ ᠥᠭᠡᠳᠡ ᠳᠠᠭᠤᠨ ᠭᠠᠷᠪᠠ᠃ ᠡᠵᠡᠨ ᠢ᠋ ᠨᠢ ᠣᠯᠠᠨ ᠠ᠋ᠴᠠ ᠣᠨᠴᠠᠭᠠᠢ ᠪᠠᠷᠢᠭᠰᠠᠨ ᠮᠠᠢᠬᠠᠨ ᠳ᠋ᠤ᠌ ᠣᠷᠣᠭᠤᠯᠤᠯ᠎ᠠ᠃
ᠳ᠋ᠠᠨᠽᠠᠨ ᠵᠢᠩ ᠦ᠋ᠨ ᠵᠠᠮ ᠳ᠋ᠤ᠌ ᠵᠠᠩᠰᠢᠭᠰᠠᠨ ᠵᠠᠩᠰᠢᠯ ᠢ᠋ᠶ᠋ᠠᠷ ᠢ᠋ᠶ᠋ᠠᠨ ᠮᠠᠢᠬᠠᠨ ᠤ᠋ ᠪᠠᠷᠠᠭᠤᠨ ᠬᠠᠶᠠᠭ᠎ᠠ ᠶ᠋ᠢ ᠪᠠᠷᠢᠨ ᠰᠡᠢᠷᠰᠦ ᠰᠦᠯᠵᠢᠮᠡᠯ ᠭᠠᠭᠴᠠ ᠳᠠᠩ ᠳᠡᠪᠢᠰᠬᠡᠷ ᠳᠡᠭᠡᠷ᠎ᠡ ᠪᠡᠶ᠎ᠡ ᠬᠠᠶᠠᠨ ᠰᠠᠭᠤᠪᠠ᠃ ᠬᠦᠷᠡᠯ ᠬᠣᠢᠲᠤ ᠲᠠᠯ᠎ᠠ ᠶ᠋ᠢ ᠨᠢ ᠡᠵᠡᠯᠡᠨ᠂ ᠲᠠᠲᠠᠬᠤ ᠪᠦᠷᠢ ᠳ᠋ᠦ᠍ ᠲᠣᠯᠣᠭᠠᠢ ᠡᠷᠭᠢᠨ᠂ ᠵᠢᠷᠦᠬᠡᠨ ᠳ᠋ᠦ᠍ ᠬᠦᠷᠳᠡᠭ ᠨᠢᠯᠤᠭᠤᠨ ᠤᠲᠤᠭᠠᠲᠤ ᠶᠠᠩᠵᠤᠤᠷ ᠭᠠᠷᠭᠠᠨ ᠲᠠᠲᠠᠵᠤ᠄
— ᠶᠣᠬᠣ᠂ ᠶᠠᠭᠤ ᠴᠦ᠍ ᠪᠣᠯᠤᠭᠰᠠᠨ ᠤᠨᠲᠠᠵᠤ ᠠᠮᠠᠷᠠᠶ᠎ᠠ ᠭᠡᠵᠦ ᠬᠠᠵᠠᠭᠤᠯᠳᠠᠬᠢᠨ ᠤᠨᠠᠪᠠ᠃ ᠤᠨᠲᠠᠬᠤ ᠪᠣᠯ ᠲᠡᠳᠡᠨ ᠦ᠌ ᠬᠠᠮᠤᠭ ᠤ᠋ᠨ ᠬᠦᠰᠡᠯ ᠲᠡᠢ ᠶᠠᠭᠤᠮ᠎ᠠ ᠨᠢ ᠪᠣᠯᠤᠭᠠᠳ ᠪᠠᠢᠭᠰᠠᠨ ᠠᠵᠢ᠃ ᠬᠦᠷᠡᠯ ᠦ᠋ᠨ ᠦᠭᠡ ᠨᠥᠭᠦᠭᠡ ᠬᠣᠶᠠᠷ ᠤ᠋ᠨ ᠴᠢᠬᠢᠨ ᠳ᠋ᠦ᠍ ᠴᠢᠮᠡᠭ ᠲᠡᠢ ᠰᠣᠨᠣᠰᠤᠭᠳᠠᠨ᠎ᠠ᠃
ᠭᠡᠲᠡᠯ᠎ᠡ ᠬᠤᠪᠢᠩ ᠲᠠᠢ ᠬᠠᠯᠠᠭᠤᠨ ᠬᠣᠭᠣᠯᠠ ᠢᠷᠡᠵᠡᠢ᠃ ᠵᠢᠩᠴᠢᠳ ᠰᠡᠭᠦᠯ ᠦ᠋ᠨ ᠡᠳᠦᠷ ᠦ᠋ᠳ ᠲᠦ᠍ ᠳᠠᠩ ᠬᠦᠢᠲᠡᠨ ᠮᠠᠨᠲᠠᠤ᠂ ᠪᠤᠴᠠᠯᠤᠭᠰᠠᠨ ᠤᠰᠤ ᠲᠡᠳᠦᠢᠬᠡᠨ ᠢ᠋ᠶ᠋ᠡᠷ ᠥᠯ ᠵᠠᠯᠭᠠᠨ ᠶᠠᠪᠤᠭᠰᠠᠨ ᠤᠴᠢᠷ ᠥᠪᠡᠷ ᠦ᠋ᠨ ᠡᠷᠬᠡ ᠦᠭᠡᠢ ᠤᠷᠤᠭᠰᠢ ᠪᠠᠨ ᠳᠥᠭᠥᠨ ᠰᠠᠭᠤᠨ᠎ᠠ᠃ ᠬᠠᠮᠤᠭ ᠤ᠋ᠨ ᠲᠦᠷᠦᠭᠦᠦ ᠬᠦᠷᠡᠯ ᠠᠬᠠᠯᠠᠬᠤ ᠬᠥᠮᠦᠨ ᠦ᠌ ᠶᠣᠰᠣᠭᠠᠷ ᠬᠠᠯᠪᠠᠭ᠎ᠠ ᠰᠢᠭᠦᠷᠡᠨ ᠠᠪᠴᠤ ᠠᠶᠠᠭᠠᠯᠠᠪᠠ᠃ ᠬᠤᠪᠢᠩ ᠳ᠋ᠤ᠌ ᠴᠢᠯᠳᠡᠩ ᠬᠥᠬᠡ ᠤᠰᠤᠨ ᠱᠥᠯᠥ ᠲᠡᠢ ᠰᠢᠷ᠎ᠠ ᠪᠤᠳᠠᠭ᠎ᠠ ᠪᠠᠢᠪᠠᠴᠤ ᠭᠣᠯᠣᠬᠤ ᠬᠥᠮᠦᠨ ᠠᠯᠠᠭ᠎ᠠ᠃ ᠵᠤᠵᠠᠭᠠᠨ ᠰᠢᠪᠠᠷᠲᠤ ᠶᠠᠮᠫᠧᠢ ᠱᠠᠭᠠᠵᠠᠩ ᠢ᠋ ᠪᠢᠯᠬᠠᠭᠤᠯᠤᠨ ᠳᠦᠭᠦᠷᠭᠡᠵᠦ ᠬᠠᠮᠠᠷ ᠤ᠋ᠨ ᠢ᠋ᠶ᠋ᠠᠨ ᠦᠵᠦᠭᠦᠷ ᠢ᠋ ᠲᠥᠷᠥᠬᠦ ᠰᠢᠬᠠᠮ ᠪᠠᠷᠢᠨ ᠱᠥᠯᠥ ᠶ᠋ᠢ ᠨᠢ ᠰᠦᠷ ᠰᠡᠷ ᠬᠢᠯᠭᠡᠨ ᠰᠤᠷᠤᠭᠠᠳ ᠪᠤᠳᠠᠭ᠎ᠠ ᠶ᠋ᠢ ᠰᠢᠪᠬᠠᠳᠠᠬᠤ ᠮᠡᠷᠭᠡᠵᠢᠯ ᠦᠭᠡᠢ ᠲᠤᠯᠠ᠂ ᠬᠤᠷᠤᠭᠤ ᠪᠠᠷ ᠢ᠋ᠶ᠋ᠠᠨ ᠠᠮᠠᠨ ᠳ᠋ᠠᠭᠠᠨ ᠣᠢᠷᠠᠲᠤᠭᠤᠯᠤᠨ ᠢᠳᠡᠨ᠎ᠡ᠃
ᠳ᠋ᠠᠨᠽᠠᠨ ᠬᠡᠳᠦᠢᠪᠡᠷ ᠶᠠᠳᠠᠭᠤ ᠬᠥᠮᠦᠨ ᠪᠣᠯᠪᠠᠴᠤ ᠰᠢᠷ᠎ᠠ ᠪᠤᠳᠠᠭᠠᠨ ᠳ᠋ᠤ᠌ ᠳᠤᠷ᠎ᠠ ᠦᠭᠡᠢ ᠬᠥᠮᠦᠨ ᠪᠠᠢᠵᠠᠢ᠃ ᠭᠡᠲᠡᠯ᠎ᠡ ᠣᠳᠣ ᠳᠠᠩ ᠤᠰᠤᠨ ᠳ᠋ᠤ᠌ ᠴᠢᠨᠠᠭᠰᠠᠨ ᠪᠤᠳᠠᠭ᠎ᠠ ᠪᠠᠢᠬᠤ ᠠᠲᠠᠯ᠎ᠠ ᠲᠡᠭᠦᠨ ᠡᠴᠡ ᠰᠦ᠂ ᠲᠣᠰᠣ᠂ ᠮᠢᠬ᠎ᠠ ᠥᠭᠡᠬᠦ ᠶᠠᠭᠤᠮ᠎ᠠ ᠪᠦᠬᠦᠨ ᠦ᠌ ᠠᠮᠲᠠ ᠠᠮᠲᠠᠭᠳᠠᠨ ᠪᠣᠢ ᠶ᠋ᠢ ᠭᠠᠢᠬᠠᠨ᠎ᠠ᠃ ᠨᠥᠬᠥᠳ ᠢ᠋ᠶ᠋ᠡᠨ ᠠᠵᠢᠪᠠᠯ ᠳᠣᠷᠵᠢ ᠠᠶᠠᠭ᠎ᠠ ᠤᠷᠤᠭᠤ ᠪᠠᠨ ᠪᠠᠢᠨ ᠪᠠᠢᠨ ᠦᠯᠢᠶᠡᠨ ᠠᠮᠠᠨ ᠳ᠋ᠠᠭᠠᠨ ᠠᠪᠠᠴᠢᠭᠠᠳ ᠭᠡᠳᠡᠷᠭᠦ ᠭᠡᠳᠡᠢᠨ ᠠᠶᠠᠭᠠᠨ ᠤ᠋ ᠪᠠᠨ ᠢᠷᠣᠭᠠᠷ ᠳᠡᠭᠡᠷ᠎ᠡ ᠠᠯᠠᠭᠠᠳᠠᠨ᠎ᠠ᠃ ᠬᠦᠷᠡᠯ ᠦ᠋ᠨ ᠮᠠᠩᠨᠠᠢ ᠳ᠋ᠤ᠌ ᠬᠠᠯᠠᠭᠤᠨ ᠬᠥᠯᠥᠰᠥ ᠪᠤᠷᠵᠢᠢᠵᠤ ᠠᠮᠠᠨ ᠤ᠋ ᠪᠠᠨ ᠣᠷᠴᠢᠨ ᠳ᠋ᠠᠬᠢ ᠰᠢᠷᠦᠭᠦᠨ ᠰᠠᠬᠠᠯ ᠳ᠋ᠤᠨᠢ ᠡᠳᠦᠢ ᠲᠡᠳᠦᠢ ᠪᠤᠳᠠᠭ᠎ᠠ ᠨᠠᠭᠠᠯᠳᠤᠭᠰᠠᠨ ᠨᠢ ᠢᠨᠢᠶᠡᠳᠦ ᠬᠦᠷᠦᠮ᠎ᠡ ᠦᠵᠡᠭᠳᠡᠨ᠎ᠡ᠃ ᠭᠡᠪᠡᠴᠦ ᠡᠨᠳᠡ ᠨᠢᠭᠡ ᠨᠢ ᠨᠥᠭᠦᠭᠡ ᠪᠡᠨ ᠱᠣᠣᠯᠠᠬᠤ ᠬᠡᠨ ᠴᠦ᠍ ᠠᠯᠠᠭ᠎ᠠ᠃ ᠲᠤᠰ ᠪᠦᠷᠢ ᠶ᠋ᠢᠨ ᠢ᠋ᠶ᠋ᠡᠨ ᠠᠶᠠᠭ᠎ᠠ ᠲᠠᠢ ᠪᠠᠨ ᠢᠳᠡᠵᠦ ᠳᠠᠭᠤᠰᠬᠠᠭᠠᠳ ᠬᠣᠶᠠᠳᠠᠬᠢ ᠪᠠᠨ ᠬᠢᠵᠦ ᠠᠪᠤᠯ᠎ᠠ᠃ ᠭᠠᠮᠢᠩ ᠤ᠋ᠳ ᠴᠦ᠍ ᠵᠢᠩᠴᠢᠳ ᠦ᠋ᠨ ᠬᠠᠮᠠᠷ ᠢ᠋ᠶ᠋ᠠᠷ ᠢ᠋ᠶ᠋ᠠᠨ ᠭᠠᠵᠠᠷ ᠬᠠᠳᠬᠤᠨ ᠤᠨᠠᠬᠤ ᠰᠢᠬᠠᠲᠠᠯ᠎ᠠ ᠪᠠᠨ ᠥᠯᠥᠰᠦᠭᠰᠡᠨ ᠢ᠋ ᠮᠡᠳᠡᠭᠰᠡᠨ ᠪᠠᠢᠯ᠎ᠠ᠃ ᠳᠥᠷᠪᠡ ᠲᠠᠪᠤ ᠳᠠᠬᠢᠨ ᠢᠳᠡᠭᠡᠳ ᠰᠢᠷ᠎ᠠ ᠪᠤᠳᠠᠭᠠᠨ ᠤ᠋ ᠱᠥᠯᠥ᠂ ᠱᠠᠯ ᠳᠡᠮᠡᠢ ᠣᠢ ᠭᠤᠲᠤᠮ᠎ᠠ ᠪᠣᠯᠵᠤ ᠪᠠᠢᠬᠤ ᠳ᠋ᠤ᠌ ᠬᠤᠪᠢᠩ ᠳ᠋ᠤ᠌ ᠮᠤᠩᠳᠠᠬᠤ ᠦᠭᠡᠢ ᠶᠠᠭᠤᠮ᠎ᠠ ᠦᠯᠡᠳᠡᠵᠦ ᠪᠠᠢᠯ᠎ᠠ᠃
ᠮᠠᠢᠬᠠᠨ ᠤ᠋ ᠡᠭᠦᠳᠡᠨ ᠳ᠋ᠦ᠍ ᠨᠢᠭᠡᠨ ᠶᠠᠭᠤᠮ᠎ᠠ ᠪᠥᠷᠲᠥᠭᠡᠨᠡᠬᠦ ᠨᠢ ᠵᠢᠩᠴᠢᠳ ᠢ᠋ ᠮᠠᠨᠠᠬᠤ ᠮᠠᠨᠠᠭ᠎ᠠ ᠪᠠᠢᠪᠠ᠃ ᠲᠡᠭᠦᠨ ᠦ᠌ ᠬᠡᠵᠢᠶ᠎ᠡ ᠢᠷᠡᠭᠰᠡᠨ ᠢ᠋ ᠬᠡᠨ ᠨᠢ ᠴᠦ᠍ ᠦᠯᠦ ᠮᠡᠳᠡᠨ᠎ᠡ᠃ ᠮᠠᠨᠠᠭᠠᠴᠢ ᠫᠤᠤ ᠪᠠᠨ ᠬᠥᠨᠳᠡᠯᠡᠨ ᠪᠠᠷᠢᠨ ᠬᠥᠯ ᠢ᠋ᠶ᠋ᠡᠨ ᠠᠯᠴᠠᠢᠯᠭᠠᠨ ᠵᠣᠭᠰᠣᠵᠤ᠂ ᠬᠠᠪᠲᠠᠭᠠᠢ ᠣᠷᠣᠢ ᠲᠠᠢ ᠰᠠᠭᠠᠷᠠᠯ ᠥᠩᠭᠡ ᠶ᠋ᠢᠨ ᠳᠤᠭᠤᠢ ᠮᠠᠯᠠᠭᠠᠢ ᠶ᠋ᠢᠨ ᠢ᠋ᠶ᠋ᠡᠨ ᠰᠠᠷᠠᠪᠴᠢᠨ ᠳᠣᠣᠭᠤᠷᠬᠢ ᠨᠢᠳᠦᠨ ᠦ᠌ ᠪᠡᠨ ᠪᠤᠯᠤᠩ ᠢ᠋ᠶ᠋ᠠᠷ ᠭᠢᠯᠤᠢᠨ ᠭᠢᠯᠤᠢᠨ ᠰᠢᠷᠳᠡᠬᠦ ᠨᠢ《ᠠᠶ᠎ᠠ ᠦᠭᠡᠢ ᠪᠣᠯ ᠪᠢ ᠲᠠ ᠨᠠᠷ ᠢ᠋ ᠫᠤᠤᠳᠠᠨ᠎ᠠ ᠰᠢᠦ》 ᠭᠡᠵᠦ ᠵᠠᠨᠤᠬᠤ ᠰᠢᠭ᠋ ᠦᠵᠡᠭᠳᠡᠨ᠎ᠡ᠃ ᠳ᠋ᠠᠨᠽᠠᠨ ᠲᠡᠭᠦᠨ ᠢ᠋ ᠬᠠᠷᠠᠭᠠᠳ ᠠᠶᠤᠨ ᠰᠣᠴᠢᠭᠰᠠᠨ ᠵᠦᠢᠯ ᠦᠭᠡᠢ᠃ ᠳᠣᠷᠵᠢ ᠨᠢ ᠪᠦᠷ ᠠᠵᠢᠭ ᠴᠦ᠍ ᠦᠭᠡᠢ ᠭᠡᠳᠡᠷᠭᠦ ᠬᠠᠷᠠᠨ ᠢᠨᠴᠠᠭᠠᠯᠠᠨ ᠬᠡᠪᠲᠡᠪᠡ᠃ ᠬᠠᠷᠢᠨ ᠬᠦᠷᠡᠯ ᠴᠠᠭ ᠦᠷᠭᠦᠯᠵᠢ ᠦᠷᠭᠦᠮᠡᠲᠡᠭᠡᠢ ᠲᠡᠮᠡᠭᠡ ᠰᠢᠭ ᠶᠠᠭᠤᠮ᠎ᠠ ᠪᠣᠯᠭᠠᠨ ᠠ᠋ᠴᠠ ᠠᠶᠤᠵᠤ ᠰᠦᠷᠳᠡᠵᠦ ᠪᠠᠢᠳᠠᠭ ᠢ᠋ᠶ᠋ᠠᠷ ᠢ᠋ᠶ᠋ᠠᠨ ᠮᠠᠨᠠᠭ᠎ᠠ ᠶ᠋ᠢ ᠬᠠᠷᠠᠩᠭᠤᠲᠠ ᠪᠠᠨ ᠰᠣᠴᠢᠨ ᠠᠶᠠᠭ᠎ᠠ ᠲᠠᠢ ᠪᠠᠨ ᠢ᠋ ᠢᠳᠡᠬᠦ ᠪᠡᠨ ᠪᠣᠯᠢᠪᠠ᠃ ᠭᠡᠪᠡᠴᠦ ᠤᠭ ᠮᠠᠨᠠᠭᠠᠨ ᠤ᠋ ᠤᠯᠠ ᠮᠥᠷ ᠢ᠋ ᠨᠢ ᠪᠣᠳᠣᠬᠤ ᠶ᠋ᠢᠨ ᠣᠷᠣᠨ ᠳ᠋ᠤ᠌ ᠬᠡᠳᠦ ᠢᠳᠡᠭᠰᠡᠨ ᠰᠢᠷ᠎ᠠ ᠪᠤᠳᠠᠭᠠᠨ ᠳ᠋ᠠᠭᠠᠨ ᠳᠠᠷᠤᠭᠳᠠᠨ ᠰᠠᠬᠠᠯ ᠳ᠋ᠠᠭᠠᠨ ᠨᠠᠭᠠᠯᠳᠤᠭᠰᠠᠨ ᠪᠤᠳᠠᠭ᠎ᠠ ᠪᠠᠨ ᠴᠦ᠍ ᠠᠷᠢᠯᠭᠠᠯ ᠦᠭᠡᠢ ᠬᠠᠵᠠᠭᠤᠯᠠᠪᠠ᠃ ᠲᠡᠭᠡᠭᠡᠳ ᠳᠥᠷᠪᠡᠭᠦᠯᠡ ᠪᠡᠨ ᠤᠨᠲᠠᠬᠤ ᠴᠦ᠍ ᠭᠡᠵᠦ ᠦᠬᠦᠭᠰᠡᠨ ᠡᠴᠡ ᠥᠭᠡᠷ᠎ᠡ ᠴᠦ᠍ ᠦᠭᠡᠢ ᠪᠣᠯᠤᠭᠰᠠᠨ ᠪᠥᠭᠡᠳ ᠬᠢᠲᠠᠳ ᠬᠥᠮᠦᠨ ᠭᠡᠨᠡᠳᠲᠡ ᠴᠢᠩᠭ᠎ᠠ ᠬᠠᠰᠬᠢᠷᠬᠤ ᠳ᠋ᠤᠨᠢ ᠰᠣᠴᠢᠨ ᠰᠡᠷᠡᠵᠡᠭᠡᠪᠡ᠃ ᠬᠠᠮᠤᠭ ᠤ᠋ᠨ ᠲᠦᠷᠦᠭᠦᠨ ᠲᠡᠳᠡ ᠰᠧᠯᠧᠳᠢ ᠲᠡᠢ ᠨᠣᠶᠠᠨ ᠮᠠᠢᠬᠠᠨ ᠤ᠋ ᠡᠭᠦᠳᠡ ᠲᠠᠭᠯᠠᠨ ᠵᠣᠭᠰᠣᠭᠰᠠᠨ ᠢ᠋ ᠬᠠᠷᠠᠪᠠ᠃ ᠡᠨᠡ ᠬᠥᠮᠦᠨ ᠣᠳᠣ ᠵᠥᠪᠬᠡᠨ ᠭᠠᠮᠢᠩ ᠤ᠋ᠨ ᠨᠣᠶᠠᠨ ᠪᠢᠰᠢ᠂ ᠵᠢᠩᠴᠢᠳ ᠢ᠋ ᠮᠥᠨ ᠨᠣᠶᠠᠷᠬᠠᠬᠤ ᠲᠤᠯᠠ ᠵᠢᠩᠴᠢᠳ ᠶᠠᠭᠠᠷᠠᠨ ᠪᠣᠰᠪᠠ᠃ ᠨᠣᠶᠠᠨ ᠴᠦ᠍ ᠲᠡᠳᠡᠨ ᠢ᠋ ᠳᠤᠭᠤᠯᠪᠤᠷᠢᠲᠤ ᠪᠣᠭᠣᠯ ᠤ᠋ᠨ ᠶᠣᠰᠣᠭᠠᠷ ᠦᠭᠡ ᠳᠠᠭᠤᠨ ᠦᠭᠡᠢ ᠬᠤᠪᠴᠠᠯᠠᠭᠰᠠᠨ ᠳ᠋ᠤ᠌ ᠪᠠᠶᠠᠷᠯᠠᠨ《ᠬᠣᠣ ᠬᠣᠣ》 ᠭᠡᠮᠡᠨ ᠢᠨᠢᠶᠡᠮᠰᠦᠭᠯᠡᠨ ᠡᠷᠭᠢᠨ ᠶᠠᠪᠤᠨ᠎ᠠ᠃ ᠮᠠᠢᠬᠠᠨ ᠤ᠋ ᠳᠡᠯᠭᠡᠰᠦᠲᠡᠢ ᠡᠭᠦᠳᠡ ᠪᠡᠷ ᠨᠠᠷᠠᠨ ᠤ᠋ ᠭᠡᠷᠡᠯ ᠲᠤᠰᠬᠤ ᠶ᠋ᠢ ᠵᠢᠩᠴᠢᠳ ᠦᠵᠡᠭᠡᠳ ᠥᠴᠥᠭᠡᠳᠦᠷ ᠨᠠᠷᠠ ᠬᠡᠯᠪᠡᠢᠵᠦ ᠪᠠᠢᠭᠰᠠᠨ ᠠ᠋ᠴᠠ ᠠᠪᠤᠭᠠᠳ ᠥᠷᠯᠥᠭᠡᠨ ᠦ᠌ ᠨᠠᠷᠠ ᠭᠠᠷᠤᠨ ᠬᠥᠭᠡᠷᠬᠦ ᠬᠦᠷᠲᠡᠯ᠎ᠡ ᠤᠨᠲᠠᠭᠰᠠᠨ ᠢ᠋ᠶ᠋ᠠᠨ ᠮᠡᠳᠡᠪᠡ᠃ ᠮᠠᠢᠬᠠᠨ ᠤ᠋ ᠭᠣᠣᠯ ᠳ᠋ᠤ᠌ ᠳᠠᠩᠬᠤ ᠲᠠᠢ ᠴᠠᠢ᠂ ᠲᠠᠪᠠᠭ ᠣᠪᠣᠭᠠᠯᠠᠩ ᠮᠠᠨᠲᠠᠤ᠂ ᠬᠥᠮᠦᠨ ᠪᠦᠷᠢ ᠶ᠋ᠢᠨ ᠳᠡᠪᠢᠰᠬᠡᠷ ᠦ᠋ᠨ ᠬᠠᠵᠠᠭᠤ ᠳ᠋ᠤ᠌ ᠲᠠᠪᠤ ᠲᠠᠪᠤᠨ ᠬᠠᠢᠷᠴᠠᠭ ᠶᠠᠩᠵᠤᠤᠷ ᠴᠦᠳᠡᠩ ᠦ᠋ᠨ ᠬᠠᠮᠲᠤ ᠲᠠᠯᠪᠢᠭᠰᠠᠨ ᠠᠵᠢ᠃ ᠳᠣᠷᠵᠢ ᠲᠡᠭᠦᠨ ᠢ᠋ ᠬᠠᠷᠠᠨ
— ᠪᠢᠳᠡᠨ ᠢ᠋ ᠢᠩᠭᠢᠵᠦ ᠬᠦᠨᠳᠦᠳᠬᠡᠬᠦ ᠶ᠋ᠢᠨ ᠤᠴᠢᠷ ᠶᠠᠭᠤ ᠪᠣᠢ? ᠭᠡᠬᠦ ᠳ᠋ᠦ᠍ ᠬᠦᠷᠡᠯ ᠬᠤᠪᠢ ᠳ᠋ᠠᠭᠠᠨ ᠣᠨᠣᠭᠳᠠᠭᠰᠠᠨ ᠠ᠋ᠴᠠ ᠨᠢᠭᠡ ᠶ᠋ᠢ ᠵᠠᠳᠠᠯᠤᠨ ᠨᠢᠭᠡ ᠰᠢᠷᠬᠡᠭ ᠢ᠋ ᠰᠤᠭᠤᠯᠤᠨ ᠠᠮᠠᠨ ᠳ᠋ᠠᠭᠠᠨ ᠵᠠᠭᠤᠵᠤ᠄
— ᠰᠠᠯᠤᠯᠴᠠᠬᠤ ᠶ᠋ᠢᠨ ᠲᠡᠮᠳᠡᠭ ᠪᠣᠯᠪᠠ ᠤᠤ ᠭᠡᠵᠦ ᠪᠠᠶᠠᠷᠯᠠᠨ ᠬᠡᠯᠡᠪᠡ᠃ ᠳᠣᠷᠵᠢ ᠡᠨᠡ ᠦᠭᠡ ᠶ᠋ᠢ ᠰᠢᠭᠤᠳ ᠢᠲᠡᠭᠡᠪᠡ᠃
— ᠲᠡᠮᠡᠭᠡᠨ ᠦ᠌ ᠬᠥᠯᠥᠰᠥ ᠥᠭᠬᠦ ᠪᠣᠯᠪᠠ ᠤᠤ?
— ᠠ ᠳᠠ ᠦᠭᠡᠢ ᠪᠢᠵᠡ ᠭᠡᠳ ᠬᠦᠷᠡᠯ ᠶᠠᠩᠵᠤᠤᠷ ᠠ᠋ᠴᠠ ᠪᠠᠨ ᠠᠰᠠᠭᠠᠨ ᠠᠪᠤᠩᠭᠤᠲᠠ ᠪᠠᠨ ᠮᠠᠢᠬᠠᠨ ᠠ᠋ᠴᠠ ᠭᠠᠷᠪᠠ᠃ ᠮᠠᠢᠬᠠᠨ ᠤ᠋ ᠬᠠᠵᠠᠭᠤ ᠳ᠋ᠤ᠌ ᠥᠴᠥᠭᠡᠳᠦᠷ ᠦ᠋ᠨ ᠮᠠᠨᠠᠭ᠎ᠠ ᠬᠡᠪ ᠢ᠋ᠶ᠋ᠡᠷ ᠪᠠᠢᠬᠤ ᠠ᠋ᠴᠠ ᠭᠠᠳᠠᠨ᠎ᠠ ᠲᠡᠮᠡᠭᠡ ᠶ᠋ᠢ ᠨᠢ ᠵᠡᠯᠡᠯᠡᠨ ᠤᠶᠠᠭᠰᠠᠨ ᠨᠢ ᠦᠵᠡᠭᠳᠡᠨ᠎ᠡ᠃ ᠣᠷᠴᠢᠨ ᠲᠣᠭᠣᠷᠢᠨ ᠢ᠋ ᠠᠵᠢᠬᠤ ᠳ᠋ᠤ᠌ ᠥᠴᠥᠭᠡᠳᠦᠷ ᠦ᠋ᠨ ᠦᠢ ᠲᠦᠮᠡᠨ ᠢ᠋ᠶ᠋ᠡᠷ ᠪᠤᠵᠢᠭᠢᠨᠠᠵᠤ ᠪᠠᠢᠭᠰᠠᠨ ᠭᠠᠮᠢᠩ ᠠᠯᠢ ᠨᠢᠭᠡ ᠲᠠᠢᠰᠢ ᠪᠠᠨ ᠶᠠᠪᠤᠭᠰᠠᠨ ᠪᠣᠯᠤᠯᠲᠠᠢ᠃ ᠬᠥᠨᠳᠡᠢ ᠳᠦᠭᠦᠷᠡᠩ ᠮᠠᠢᠬᠠᠨ ᠠᠨᠢᠷ ᠴᠢᠮᠡᠭᠡ ᠦᠭᠡᠢ ᠱᠣᠪᠣᠢᠯᠴᠠᠨᠠ᠃ ᠠᠯᠤᠰ ᠲᠤ ᠤᠷᠢᠳ ᠡᠮᠦᠨ᠎ᠡ ᠰᠣᠨᠣᠰᠤᠭᠳᠠᠭ᠎ᠠ ᠦᠭᠡᠢ ᠯᠦᠩ᠂ ᠲᠦᠩ ᠭᠡᠰᠡᠨ ᠬᠦᠴᠦᠷᠬᠡᠭ ᠠᠪᠢᠶ᠎ᠠ ᠦᠶ᠎ᠡ ᠦᠶ᠎ᠡ ᠨᠦᠷᠭᠢᠯᠡᠬᠦ ᠶ᠋ᠢ ᠬᠦᠷᠡᠯ ᠴᠢᠩᠨᠠᠨ ᠨᠡᠯᠢᠶᠡᠳ ᠵᠣᠭᠰᠣᠭᠰᠠᠨ ᠪᠣᠯᠪᠠᠴᠤ ᠴᠣᠬᠣᠮ ᠶᠠᠭᠤ ᠪᠣᠯᠬᠤ ᠶ᠋ᠢ ᠦᠯᠦ ᠲᠠᠭᠠᠪᠤᠷᠢᠯᠠᠨ ᠪᠤᠴᠠᠨ ᠣᠷᠣᠯ᠎ᠠ᠃
ᠭᠤᠷᠪᠠᠭᠤᠯᠠ ᠪᠠᠨ ᠪᠡᠶ᠎ᠡ ᠪᠡᠶ᠎ᠡ ᠥᠭᠡᠳᠡ ᠪᠡᠨ ᠬᠠᠷᠠᠨ ᠰᠠᠭᠤᠵᠤ ᠰᠢᠩᠭᠡᠨ ᠬᠠᠷ᠎ᠠ ᠴᠠᠢ ᠠ᠋ᠴᠠ ᠦᠭᠡ ᠳᠠᠭᠤ ᠦᠭᠡᠢᠬᠡᠨ ᠤᠤᠭᠤᠵᠠᠭᠠᠨ᠎ᠠ᠃ ᠲᠤᠰ ᠪᠦᠷᠢ ᠶ᠋ᠢᠨ ᠰᠡᠳᠬᠢᠯ ᠳ᠋ᠦ᠍《ᠪᠢᠳᠡ ᠢᠩᠭᠢᠭᠡᠳ ᠲᠠᠯᠪᠢᠭᠳᠠᠬᠤ ᠪᠣᠯᠪᠠ ᠤᠤ ? ᠠᠯᠢ ᠦᠭᠡᠢ ᠪᠣᠯᠪᠠ ᠤᠤ?》 ᠭᠡᠰᠡᠨ ᠪᠣᠳᠣᠯ ᠲᠠᠰᠤᠷᠠᠯᠲᠠ ᠦᠭᠡᠢ ᠡᠷᠭᠢᠯᠳᠦᠨ᠎ᠡ᠃ ᠲᠡᠷᠡ ᠳᠤᠮᠳᠠ ᠠ᠋ᠴᠠ ᠬᠦᠷᠡᠯ ᠰᠠᠶᠢ ᠭᠠᠳᠠᠨ᠎ᠠ ᠭᠠᠷᠤᠨ ᠪᠦᠬᠦ ᠪᠠᠢᠷᠢ ᠪᠠᠢᠳᠠᠯ ᠢ᠋ ᠠᠵᠢᠭᠰᠠᠨ ᠢ᠋ᠶ᠋ᠠᠨ ᠶᠡᠷᠦ ᠲᠠᠯᠪᠢᠭᠳᠠᠬᠤ ᠦᠭᠡᠢ ᠴᠦ᠍ ᠪᠣᠯᠪᠠ ᠤᠤ ᠭᠡᠰᠡᠨ ᠪᠣᠳᠣᠯ ᠲᠠᠢ ᠪᠣᠯᠤᠭᠰᠠᠨ ᠠᠵᠢ᠃ ᠲᠡᠭᠦᠨ ᠳ᠋ᠡᠭᠡᠨ ᠳᠡᠮᠡᠢ ᠲᠠᠷᠴᠢᠯᠠᠨ ᠠᠶᠠᠭ᠎ᠠ ᠲᠠᠢ ᠴᠠᠢ ᠠ᠋ᠴᠠ ᠠᠯᠪᠠᠲᠠᠨ ᠬᠡᠳᠦ ᠳᠠᠬᠢᠨ ᠭᠦᠳ ᠬᠢᠯᠭᠡᠨ ᠵᠠᠯᠭᠢᠭᠰᠠᠨ ᠢ᠋ᠶ᠋ᠠᠨ ᠥᠴᠥᠭᠡᠳᠦᠷ ᠦ᠋ᠨ ᠰᠠᠬᠠᠯ ᠳ᠋ᠠᠭᠠᠨ ᠨᠠᠭᠠᠯᠳᠤᠭᠰᠠᠨ ᠪᠤᠳᠠᠭ᠎ᠠ ᠶ᠋ᠢ ᠬᠤᠷᠤᠭᠤᠨ ᠤ᠋ ᠦᠵᠦᠭᠦᠷ ᠢ᠋ᠶ᠋ᠡᠷ ᠮᠠᠭᠠᠵᠢᠯᠠᠨ ᠴᠠᠭ ᠨᠥᠭᠴᠢᠭᠡᠨ ᠰᠠᠭᠤᠯ᠎ᠠ᠃
ᠡᠢᠨ ᠬᠦ᠌ ᠨᠠᠮ ᠭᠦᠮ ᠰᠠᠭᠤᠵᠤ ᠪᠠᠢᠭᠰᠠᠨ ᠢ᠋ ᠨᠢ ᠰᠧᠯᠧᠳᠢ ᠫᠤᠤ ᠲᠠᠢ ᠨᠣᠶᠠᠨ ᠣᠷᠣᠵᠤ ᠢᠷᠡᠵᠦ ᠦᠢᠮᠡᠭᠦᠯᠪᠡ᠃ ᠲᠡᠷᠡ ᠬᠥᠮᠦᠨ ᠬᠦᠢᠲᠡᠨ ᠴᠢᠷᠠᠢ ᠪᠠᠷ ᠡᠯᠳᠡᠪ ᠢ᠋ ᠵᠠᠩᠳᠤᠷᠤᠨ ᠬᠡᠯᠡᠬᠦ ᠪᠣᠯᠪᠠᠴᠤ ᠭᠠᠷ ᠬᠤᠷᠤᠭᠤ ᠪᠠᠷ ᠢ᠋ᠶ᠋ᠠᠨ ᠲᠠᠰᠤᠷᠠᠯᠲᠠ ᠦᠭᠡᠢ ᠳᠣᠬᠢᠭᠰᠠᠨ ᠤ᠋ ᠬᠤᠪᠢ ᠳ᠋ᠤ᠌ ᠵᠢᠩᠴᠢᠳ ᠣᠢᠯᠠᠭᠠᠨ ᠬᠤᠪᠢ ᠬᠣᠪᠢᠨ ᠤ᠋ ᠤᠷᠳᠤᠬᠢ ᠮᠠᠨᠲᠠᠤ᠂ ᠶᠠᠩᠵᠤᠤᠷ ᠵᠡᠷᠭᠡ ᠶ᠋ᠢ ᠬᠤᠮᠢᠨ ᠠᠪᠬᠤ ᠠ᠋ᠴᠠ ᠡᠬᠢᠯᠡᠭᠡᠳ ᠮᠠᠢᠬᠠᠨ ᠢ᠋ᠶ᠋ᠠᠨ ᠬᠦᠷᠲᠡᠯ᠎ᠡ ᠪᠠᠭᠤᠯᠭᠠᠪᠠ᠃ ᠭᠠᠯ ᠲᠣᠭᠣᠭᠠᠨ ᠤ᠋ ᠬᠡᠷᠡᠭᠰᠡᠯ ᠪᠠ ᠰᠢᠭᠤᠳᠠᠢ ᠲᠠᠢ ᠪᠤᠳᠠᠭ᠎ᠠ᠂ ᠭᠤᠯᠢᠷ ᠤ᠋ᠨ ᠵᠦᠢᠯᠡᠰ ᠢ᠋ ᠬᠠᠮᠲᠤ ᠳ᠋ᠤᠨᠢ ᠠᠴᠢᠬᠤ ᠬᠡᠷᠡᠭᠲᠡᠢ ᠪᠣᠯᠤᠭᠰᠠᠨ ᠳ᠋ᠤ᠌ ᠵᠢᠩᠴᠢᠳ ᠰᠤᠯᠠᠯᠠᠭᠳᠠᠬᠤ ᠴᠠᠭ ᠪᠣᠯᠪᠠ ᠭᠡᠵᠦ ᠪᠠᠶᠠᠷᠯᠠᠯᠳᠤᠨ᠎ᠠ᠃ ᠭᠡᠪᠡᠴᠦ ᠬᠦᠷᠡᠯ ᠤᠨᠤᠭ᠎ᠠ ᠲᠡᠮᠡᠭᠡ ᠪᠡᠨ ᠬᠡᠪᠲᠡᠭᠦᠯᠦᠨ ᠮᠣᠷᠳᠠᠬᠤ ᠭᠡᠲᠡᠯ᠎ᠡ ᠰᠧᠯᠧᠳᠢ ᠲᠡᠢ ᠨᠣᠶᠠᠨ ᠬᠠᠵᠠᠭᠤ ᠠ᠋ᠴᠠ ᠨᠢ ᠳᠠᠭᠠᠷᠢᠨ ᠣᠷᠣᠵᠤ ᠢᠷᠡᠵᠦ ᠪᠤᠷᠠᠨᠲᠠᠭ ᠢ᠋ ᠨᠢ ᠪᠤᠯᠢᠶᠠᠬᠤ ᠤᠴᠢᠷ ᠶᠠᠭᠤ ᠪᠣᠢ?
— ᠦᠭᠡᠢ ᠨᠣᠶᠠᠨ ᠠ᠋᠂ ᠡᠨᠡ ᠪᠣᠯ ᠮᠢᠨᠦ ᠤᠨᠤᠭ᠎ᠠ ᠲᠡᠮᠡᠭᠡ ᠭᠡᠵᠦ ᠬᠦᠷᠡᠯ ᠠᠶᠠᠨ ᠵᠢᠩ ᠳ᠋ᠦ᠍ ᠶᠡᠬᠡᠳᠡ ᠡᠪᠳᠡᠷᠡᠭᠰᠡᠨ ᠪᠠᠷᠪᠠᠭᠠᠷ ᠭᠠᠷ ᠢ᠋ᠶ᠋ᠠᠷ ᠢ᠋ᠶ᠋ᠠᠨ ᠳᠣᠬᠢᠨ ᠬᠡᠯᠡᠭᠰᠡᠨ ᠳ᠋ᠦ᠍ ᠨᠣᠶᠠᠨ ᠪᠤᠰᠤᠳ ᠲᠡᠮᠡᠭᠡ ᠤᠷᠤᠭᠤ ᠵᠢᠭᠠᠨ ᠬᠦᠷᠡᠯ ᠢ᠋ ᠬᠣᠢᠰᠢ ᠲᠦᠯᠬᠢᠭᠡᠳ ᠥᠪᠡᠷ ᠢ᠋ᠶ᠋ᠡᠨ ᠶᠠᠭᠠᠷᠠᠨ ᠮᠣᠷᠳᠠᠪᠠ᠃ ᠲᠡᠭᠡᠭᠡᠳ ᠬᠥᠩᠭᠡᠨ ᠬᠥᠯ ᠲᠡᠢ ᠨᠣᠮᠣᠬᠠᠨ ᠲᠡᠮᠡᠭᠡᠨ ᠦ᠌ ᠪᠣᠰᠤᠨ ᠬᠠᠷᠠᠢᠬᠤ ᠳ᠋ᠤ᠌ ᠨᠣᠶᠠᠨ ᠰᠦᠨᠡᠰᠦ ᠪᠡᠨ ᠭᠠᠷᠲᠠᠯ᠎ᠠ ᠠᠶᠤᠭᠠᠳ᠂ ᠳᠠᠷᠠᠭ᠎ᠠ ᠳ᠋ᠤᠨᠢ ᠵᠡᠭᠦᠨ ᠪᠠᠷᠠᠭᠤᠨ ᠢ᠋ ᠰᠡᠯᠭᠦᠯᠡᠨ ᠬᠠᠷᠠᠵᠤ ᠥᠪᠡᠷ ᠢ᠋ ᠪᠡᠨ ᠱᠣᠣᠯᠠᠨ ᠢᠨᠢᠶᠡᠪᠡ᠃
ᠬᠦᠷᠡᠯ ᠲᠡᠮᠡᠭᠡᠨ ᠳᠣᠲᠣᠷ᠎ᠠ ᠠ᠋ᠴᠠ ᠰᠠᠬᠢᠭᠤᠰᠤᠲᠤ ᠤᠯᠠᠭᠠᠨ ᠠᠳᠠ ᠪᠠᠨ ᠰᠤᠯᠠᠯᠠᠨ ᠠᠪᠴᠤ ᠰᠢᠯᠢᠨ ᠬᠦᠵᠦᠭᠦᠨ ᠳᠡᠭᠡᠷ᠎ᠡ ᠨᠢ ᠳᠥᠷᠥᠭᠡᠯᠡᠨ ᠮᠣᠷᠳᠠᠭᠠᠳ᠂ ᠲᠦᠷᠦᠭᠦᠴᠢ ᠶ᠋ᠢᠨ ᠲᠡᠮᠡᠭᠡᠨ ᠦ᠌ ᠪᠤᠷᠠᠨᠲᠠᠭ ᠢ᠋ ᠰᠢᠭᠦᠷᠡᠨ ᠠᠪᠴᠤ ᠣᠷᠣᠭᠰᠢ ᠴᠢᠭᠯᠡᠨ ᠭᠠᠷᠪᠠ᠃ ᠬᠠᠵᠠᠭᠤ ᠳ᠋ᠤᠨᠢ ᠰᠧᠯᠧᠳᠢ ᠲᠡᠢ ᠨᠣᠶᠠᠨ ᠲᠡᠮᠡᠭᠡᠨ ᠦ᠌ ᠠᠯᠬᠤᠯᠲᠠ ᠶ᠋ᠢᠨ ᠠᠶᠠᠰ ᠢ᠋ᠶ᠋ᠠᠷ ᠪᠥᠬᠥᠯᠵᠡᠨ ᠶᠠᠪᠤᠨ᠎ᠠ᠃ ᠠᠷᠤ ᠳ᠋ᠤ᠌ ᠠᠷᠪᠠᠨ ᠬᠡᠳᠦᠨ ᠭᠠᠮᠢᠩ ᠳᠠᠭᠠᠵᠠᠢ᠃ ᠡᠢᠮᠦ ᠳ᠋ᠦ᠍ ᠵᠢᠩᠴᠢᠳ ᠲᠠᠯᠪᠢᠭᠳᠠᠬᠤ ᠪᠣᠯᠪᠠ ᠤᠤ ᠭᠡᠰᠡᠨ ᠢ᠋ᠶ᠋ᠡᠨ ᠣᠷᠬᠢᠨ᠂ ᠰᠡᠳᠬᠢᠯ ᠵᠣᠪᠠᠨᠢᠬᠤ ᠠ᠋ᠴᠠ ᠥᠭᠡᠷ᠎ᠡ ᠶᠠᠭᠤᠮ᠎ᠠ ᠦᠭᠡᠢ ᠪᠣᠯᠪᠠ᠃ ᠭᠡᠪᠡᠴᠦ ᠲᠡᠳᠡ ᠭᠣᠷᠢᠳᠠᠨ᠎ᠠ᠃ ᠡᠨᠡ ᠭᠠᠵᠠᠷ ᠬᠤᠯᠠᠭᠠᠢ ᠳᠡᠭᠡᠷᠡᠮ ᠶᠡᠬᠡ ᠲᠤᠯᠠ ᠬᠠᠮᠠᠭᠠᠯᠠᠨ ᠭᠠᠷᠴᠤ ᠪᠠᠢᠭ᠎ᠠ ᠨᠢ ᠡᠨᠡ ᠪᠣᠯᠪᠠ ᠤᠤ? ᠭᠡᠵᠦ ᠭᠣᠷᠢᠳᠠᠵᠠᠭᠠᠪᠠ᠃
