ᠬᠠᠪᠤᠷ ᠤ᠋ᠨ ᠨᠠᠢᠷᠠᠭ -ᠵᠢᠮᠢᠰJimsee - Havriin nairag _ Жимсээ - Хаврын найраг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠪᠤᠷ ᠤ᠋ᠨ ᠨᠠᠢᠷᠠᠭ -ᠵᠢᠮᠢᠰJimsee - Havriin nairag _ Жимсээ - Хаврын найраг

ᠬᠠᠪᠤᠷ ᠤ᠋ᠨ ᠨᠠᠢᠷᠠᠭ -ᠵᠢᠮᠢᠰJimsee - Havriin nairag _ Жимсээ - Хаврын найраг

ᠠᠩᠭᠢᠯᠠᠯ:ᠳᠠᠭᠤᠤ ᠬᠥᠭᠵᠢᠮ
2025-08-21

802

ᠬᠠᠪᠤᠷ ᠤ᠋ᠨ ᠨᠠᠢᠷᠠᠭ

       ᠦᠭᠡ᠄ ᠵ· ᠱᠠᠭᠳᠠᠷ 
       ᠠᠶ᠎ᠠ᠄ ᠭ· ᠰᠡᠷᠭᠦᠯᠡᠩ 
       ᠳᠠᠭᠤᠴᠢᠨ᠄ ᠫ· ᠵᠢᠮᠢᠰ 
ᠠᠷᠭᠠᠯᠢ ᠶ᠋ᠢᠨ ᠤᠳᠤᠮᠲᠤ ᠬᠣᠨᠢᠨ ᠰᠦᠷᠦᠭ ᠮᠠᠨᠢ 
ᠠᠯᠠᠭᠯᠠᠩᠬᠠᠨ ᠰᠣᠪᠤᠳᠣᠷᠠᠩᠬᠠᠨ ᠥᠰᠴᠦ ᠪᠠᠢᠨ᠎ᠠ 
ᠬᠠᠯᠵᠠᠨ  ᠴᠠᠭᠠᠬᠠᠨ ᠬᠤᠷᠠᠭ᠎ᠠ ᠨᠤᠭᠤᠳ ᠨᠢ  ᠬᠦ 
ᠬᠠᠰᠢᠭ᠎ᠠ ᠳᠦᠭᠦᠷᠡᠩ ᠲᠣᠭᠯᠠᠩᠬᠠᠨ ᠪᠠᠢᠨ᠎ᠠ ᠠ᠋ 
ᠠᠢ ᠬᠦ ᠵᠧ ᠬᠦ 
ᠠᠢ ᠲᠦᠮᠡᠨ ᠰᠦᠷᠦᠭ ᠢ᠋ᠶ᠋ᠡᠨ 
ᠦᠢ  ᠲᠦᠮᠡ ᠪᠡᠷ ᠥᠰᠬᠡᠭᠰᠡᠨ 
ᠮᠠᠯᠴᠢᠨ ᠲᠦᠮᠡᠨ ᠦ᠌ ᠮᠢᠨᠢ ᠠᠯᠳᠠᠷᠠᠢ 
ᠮᠠᠯᠴᠢᠨ ᠲᠦᠮᠡᠨ ᠦ᠌ ᠮᠢᠨᠢ ᠠᠯᠳᠠᠷᠠᠢ

ᠶᠠᠩᠭᠢᠷ ᠤ᠋ᠨ ᠤᠳᠤᠮᠲᠤ ᠢᠮᠠᠭᠠᠨ ᠰᠦᠷᠦᠭ ᠮᠠᠨᠢ
ᠢᠬᠢᠷᠡᠯᠡᠩᠭᠡᠨ ᠢᠵᠢᠯᠢᠳᠡᠩᠬᠡᠨ ᠥᠰᠴᠦ ᠪᠠᠢᠨ᠎ᠠ
ᠢᠷᠭᠤᠢ ᠴᠡᠩᠬᠡᠷ ᠢᠰᠢᠭᠡ ᠨᠦ᠍ᠭᠦᠳ ᠨᠢ ᠬᠦ
ᠢᠮᠠᠭᠠᠨ ᠬᠠᠳᠠᠨ ᠳ᠋ᠤ᠌ ᠪᠠᠨ ᠳᠡᠭᠦᠯᠢᠩᠭᠡᠨ ᠪᠠᠢᠨ᠎ᠠ ᠠ᠋
ᠠᠢ ᠬᠦ ᠵᠧ ᠬᠦ
ᠠᠢ ᠲᠦᠮᠡᠨ ᠰᠦᠷᠦᠭ ᠢ᠋ᠶ᠋ᠡᠨ
ᠦᠢ  ᠲᠦᠮᠡ ᠪᠡᠷ ᠥᠰᠬᠡᠭᠰᠡᠨ
ᠮᠠᠯᠴᠢᠨ ᠲᠦᠮᠡᠨ ᠦ᠌ ᠮᠢᠨᠢ ᠠᠯᠳᠠᠷᠠᠢ
ᠮᠠᠯᠴᠢᠨ ᠲᠦᠮᠡᠨ ᠦ᠌ ᠮᠢᠨᠢ ᠠᠯᠳᠠᠷᠠᠢ

ᠳ᠋ᠠᠬᠢ ᠶ᠋ᠢᠨ ᠤᠳᠤᠮᠲᠤ ᠠᠳᠤᠭᠤᠨ ᠰᠦᠷᠦᠭ ᠮᠠᠨᠢ
ᠲᠠᠯ᠎ᠠ ᠳᠦᠭᠦᠷᠡᠩ ᠲᠠᠷᠬᠠᠩᠬᠠᠨ  ᠪᠡᠯᠴᠢᠵᠦ ᠪᠠᠢᠨ᠎ᠠ
ᠪᠣᠰᠤᠭ᠎ᠠ ᠲᠥᠷᠥᠭᠰᠡᠨ ᠤᠨᠠᠭ᠎ᠠ ᠨᠤᠭᠤᠳ ᠨᠢ ᠬᠦ
ᠪᠣᠷᠪᠢ ᠲᠡᠨᠢᠢᠨ ᠬᠤᠷᠳᠤᠯᠠᠩᠬᠠᠨ ᠪᠠᠢᠨ᠎ᠠ ᠠ᠋
ᠠᠢ ᠬᠦ ᠵᠧ ᠬᠦ
ᠠᠢ ᠲᠦᠮᠡᠨ ᠰᠦᠷᠦᠭ ᠢ᠋ᠶ᠋ᠡᠨ
ᠦᠢ  ᠲᠦᠮᠡ ᠪᠡᠷ ᠥᠰᠬᠡᠭᠰᠡᠨ
ᠮᠠᠯᠴᠢᠨ ᠲᠦᠮᠡᠨ ᠦ᠌ ᠮᠢᠨᠢ ᠠᠯᠳᠠᠷᠠᠢ
ᠮᠠᠯᠴᠢᠨ ᠲᠦᠮᠡᠨ ᠦ᠌ ᠮᠢᠨᠢ ᠠᠯᠳᠠᠷᠠᠢ

ᠬᠠᠪᠲᠠᠭᠠᠢ ᠶ᠋ᠢᠨ ᠤᠳᠤᠮᠲᠤ ᠲᠡᠮᠡᠭᠡᠨ ᠰᠦᠷᠦᠭ ᠮᠠᠨᠢ
ᠬᠠᠩᠭᠠᠢ ᠭᠣᠪᠢ ᠳ᠋ᠤ᠌ ᠪᠠᠨ ᠬᠦᠷᠡᠩᠳᠡᠨ ᠪᠡᠯᠴᠢᠵᠦ ᠪᠠᠢᠨ᠎ᠠ
ᠪᠣᠷᠣᠬᠠᠨ ᠬᠥᠭᠡᠷᠦᠬᠦᠨ ᠪᠣᠲᠣᠭᠣ ᠨᠤᠭᠤᠳ ᠨᠢ ᠬᠦ
ᠪᠦᠷᠢᠳᠦᠨ ᠳᠤᠮᠳᠠ ᠪᠠᠨ ᠪᠦᠢᠯᠠᠯᠳᠣᠨ ᠪᠠᠢᠨ᠎ᠠ ᠠ᠋
ᠠᠢ ᠬᠦ ᠵᠧ ᠬᠦ
ᠠᠢ ᠲᠦᠮᠡᠨ ᠰᠦᠷᠦᠭ ᠢ᠋ᠶ᠋ᠡᠨ
ᠦᠢ  ᠲᠦᠮᠡ ᠪᠡᠷ ᠥᠰᠬᠡᠭᠰᠡᠨ
ᠮᠠᠯᠴᠢᠨ ᠲᠦᠮᠡᠨ ᠦ᠌ ᠮᠢᠨᠢ ᠠᠯᠳᠠᠷᠠᠢ
ᠮᠠᠯᠴᠢᠨ ᠲᠦᠮᠡᠨ ᠦ᠌ ᠮᠢᠨᠢ ᠠᠯᠳᠠᠷᠠᠢ

ᠲᠣᠭᠣᠷ᠎ᠠ ᠶ᠋ᠢᠨ ᠤᠳᠤᠮᠲᠤ ᠦᠬᠡᠷ ᠰᠦᠷᠦᠭ ᠮᠠᠨᠢ
ᠲᠤᠬᠠᠲᠠᠢᠬᠠᠨ ᠨᠠᠯᠠᠢᠭᠠᠳ  ᠪᠡᠯᠴᠢᠵᠦ ᠪᠠᠢᠨ᠎ᠠ
ᠢᠵᠢᠯᠢ ᠬᠥᠭᠡᠷᠦᠬᠦᠨ ᠲᠤᠭᠤᠯ ᠤ᠋ᠳ ᠨᠢ ᠬᠦ
ᠡᠵᠢ ᠲᠡᠢ ᠪᠡᠨ ᠨᠠᠭᠠᠳᠤᠩᠬᠠᠨ ᠪᠠᠢᠨ᠎ᠠ ᠠ᠋
ᠠᠢ ᠬᠦ ᠵᠧ ᠬᠦ
ᠠᠢ ᠲᠦᠮᠡᠨ ᠰᠦᠷᠦᠭ ᠢ᠋ᠶ᠋ᠡᠨ
ᠦᠢ  ᠲᠦᠮᠡ ᠪᠡᠷ ᠥᠰᠬᠡᠭᠰᠡᠨ
ᠮᠠᠯᠴᠢᠨ ᠲᠦᠮᠡᠨ ᠦ᠌ ᠮᠢᠨᠢ ᠠᠯᠳᠠᠷᠠᠢ
ᠮᠠᠯᠴᠢᠨ ᠲᠦᠮᠡᠨ ᠦ᠌ ᠮᠢᠨᠢ ᠠᠯᠳᠠᠷᠠᠢ

       ᠦᠰᠦᠭ ᠠᠮᠢᠯᠠᠭᠤᠯᠤᠭᠴᠢ᠄ ᠰᠠᠴᠠᠡᠭᠡᠷᠠᠯ
       ᠬᠢᠨᠠᠭᠴᠢ ᠪᠠᠭᠰᠢ᠄ ᠠᠯᠳᠠᠨᠴᠡᠴᠩ