ᠰᠦᠷᠦᠭ ᠦ᠋ᠨ ᠳᠡᠷᠭᠡᠳᠡ-ᠯ ∙ ᠭᠣᠨᠴᠣᠭСүргийн дэргэд Surgiin derged Ая.З.Батсүх Үг.Ц.Бүдханд Дуучин Л.ГончигGo Man
ᠰᠦᠷᠦᠭ ᠦ᠋ᠨ ᠳᠡᠷᠭᠡᠳᠡ
ᠦᠭᠡ᠄ ᠴ• ᠪᠦᠳᠬᠠᠨᠳᠠ
ᠠᠶ᠎ᠠ᠄ ᠵ• ᠪᠠᠲᠤᠰᠦ᠋ᠬᠡ
ᠯ• ᠭᠣᠨᠴᠣᠭ ᠳᠠᠭᠤᠯᠠᠨ᠎ᠠ
ᠪᠠᠢᠭᠠᠯᠢ ᠶ᠋ᠢᠨ ᠭᠣᠶᠣᠯ ᠴᠢᠮᠡᠭᠰᠡᠨ
ᠪᠠᠶᠠᠨ ᠬᠠᠩᠭᠠᠢ ᠶ᠋ᠢᠨ ᠤᠶᠠᠷᠠᠯ
ᠠᠳᠤᠭᠤᠨ ᠰᠦᠷᠦᠭ ᠦ᠋ᠨ ᠳᠡᠷᠭᠡᠳᠡ ᠡᠴᠡ
ᠠᠷᠠᠳ ᠣᠯᠠᠨ ᠢ᠋ᠶ᠋ᠠᠨ ᠳᠠᠭᠤᠯᠠᠨ᠎ᠠ ᠪᠢ
ᠬᠣᠷᠸ᠎ᠠ ᠶ᠋ᠢᠨ ᠥᠩᠭᠡ ᠪᠦᠷᠢᠳᠦᠭᠰᠡᠨ
ᠬᠣᠩᠭᠣᠷ ᠨᠤᠲᠤᠭ ᠲᠤ᠌ ᠲᠥᠷᠥᠭᠡᠳ
ᠬᠣᠨᠢᠨ ᠰᠦᠷᠦᠭ ᠦ᠋ᠨ ᠳᠡᠷᠭᠡᠳᠡ ᠡᠴᠡ
ᠬᠣᠲᠠᠯᠠ ᠲᠦᠮᠡᠨ ᠢ᠋ᠶ᠋ᠡᠨ ᠳᠠᠭᠤᠯᠠᠨ᠎ᠠ ᠪᠢ
ᠳᠡᠨᠵᠢ ᠶ᠋ᠢᠨ ᠴᠡᠴᠡᠭᠡᠰ ᠪᠦᠷᠬᠦᠭᠰᠡᠨ
ᠳᠡᠯᠭᠡᠷ ᠣᠷᠣᠨ ᠳ᠋ᠠᠭᠠᠨ ᠪᠠᠶᠠᠰᠤᠭᠠᠳ
ᠦᠬᠡᠷ ᠰᠦᠷᠦᠭ ᠦ᠋ᠨ ᠳᠡᠷᠭᠡᠳᠡ ᠡᠴᠡ
ᠦᠢ ᠲᠦᠮᠡᠨ ᠢ᠋ᠶ᠋ᠡᠨ ᠳᠠᠭᠤᠯᠠᠨ᠎ᠠ ᠪᠢ
ᠦᠵᠡᠰᠬᠦᠯᠡᠩᠲᠦ ᠭᠣᠪᠢ ᠴᠡᠯᠡᠢᠭᠰᠡᠨ
ᠦᠨᠡᠬᠡᠷ ᠰᠠᠢᠬᠠᠨ ᠳ᠋ᠤ᠌ ᠲᠠᠲᠠᠭᠳᠠᠭᠠᠳ
ᠲᠡᠮᠡᠭᠡᠨ ᠰᠦᠷᠦᠭ ᠦ᠋ᠨ ᠳᠡᠷᠭᠡᠳᠡ ᠡᠴᠡ
ᠲᠦᠮᠡᠨ ᠣᠯᠠᠨ ᠢ᠋ᠶ᠋ᠠᠨ ᠳᠠᠭᠤᠯᠠᠨ᠎ᠠ ᠪᠢ
ᠢᠷᠭᠤᠢ ᠶ᠋ᠢᠨ ᠳᠡᠯᠪᠡᠭᠡ ᠨᠠᠢᠭᠤᠭᠰᠠᠨ
ᠢᠷᠠᠭᠤ ᠰᠠᠢᠬᠠᠨ ᠢ᠋ ᠬᠠᠷᠠᠭᠠᠳ ᠬᠦ
ᠢᠮᠠᠭᠠᠨ ᠰᠦᠷᠦᠭ ᠦ᠋ᠨ ᠳᠡᠷᠭᠡᠳᠡ ᠡᠴᠡ
ᠢᠮᠠᠭᠲᠠ ᠲᠠᠨᠠᠷ ᠢ᠋ ᠪᠡᠨ ᠳᠠᠭᠤᠯᠠᠨ᠎ᠠ ᠪᠢ
ᠢᠮᠠᠭᠠᠨ ᠰᠦᠷᠦᠭ ᠦ᠋ᠨ ᠳᠡᠷᠭᠡᠳᠡ ᠡᠴᠡ
ᠢᠮᠠᠭᠲᠠ ᠲᠠᠨᠠᠷ ᠢ᠋ ᠪᠡᠨ ᠳᠠᠭᠤᠯᠠᠨ᠎ᠠ ᠪᠢ
ᠢᠮᠠᠭᠲᠠ ᠲᠠᠨᠠᠷ ᠢ᠋ ᠪᠡᠨ ᠳᠠᠭᠤᠯᠠᠨ᠎ᠠ ᠪᠢ᠃
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
