ᠮᠠᠯᠴᠢᠨ ᠪᠦᠰᠡᠭᠦᠢ -ᠡᠩᠬᠡᠴᠡᠴᠡᠭ Малчин бүсгүй-Энхцэцэг-G.Enkhtsetseg - Malchin busgui
ᠮᠠᠯᠴᠢᠨ ᠪᠦᠰᠡᠭᠦᠢ
ᠦᠭᠡ᠄ ᠠ᠊᠂ ᠴᠢᠮᠡᠳ ᠣᠰᠣᠷ
ᠠᠶ᠎ᠠ᠄ ᠨ᠂ ᠲᠤᠶᠣᠳᠳᠣᠷᠵᠢ
— ᠡᠩᠬᠡᠴᠡᠴᠡᠭ ᠳᠠᠭᠤᠯᠠᠨ᠎ᠠ
ᠵᠤᠨ ᠤ᠋ ᠨᠠᠢᠷ ᠲᠠᠢ ᠥᠷᠯᠥᠭᠡ
ᠵᠤᠰᠠᠯᠠᠩ ᠳᠡᠨᠵᠢ ᠶ᠋ᠢᠨ ᠵᠦᠯᠭᠡᠨ ᠳᠡᠭᠡᠷ᠎ᠡ
ᠤᠰᠤ ᠠᠪᠬᠤ ᠪᠠᠷ ᠣᠴᠢᠬᠤ ᠳ᠋ᠤ᠌ ᠮᠢᠨᠢ
ᠠᠭᠤᠯᠵᠠᠵᠤ ᠰᠠᠭᠤᠭᠰᠠᠨ ᠢ᠋ᠶ᠋ᠠᠨ ᠰᠠᠨᠠᠭᠠᠴᠢ ᠠ᠋
ᠡᠬᠢᠨ ᠦ᠌ ᠶᠠᠷᠢᠶ᠎ᠠ ᠶᠠᠭᠠᠬᠢᠭᠰᠠᠨ ᠪᠣᠢ
ᠡᠭᠦᠷᠢᠳᠡ ᠨᠠᠮ᠎ᠠ ᠪᠠᠨ ᠮᠠᠷᠲᠠᠭ᠎ᠠ ᠤᠤ
ᠵᠡᠭᠡᠰᠦᠲᠦ ᠨᠠᠭᠤᠷ ᠤ᠋ᠨ ᠤᠰᠤ ᠨᠢ
ᠡᠷᠭᠢ ᠡᠴᠡ ᠪᠢᠯᠬᠠᠨ ᠬᠠᠯᠢᠬᠤ ᠰᠢᠭ᠋
ᠬᠠᠢᠷ᠎ᠠ ᠶ᠋ᠢᠨ ᠵᠥᠭᠡᠯᠡᠨ ᠨᠢᠳᠦ ᠪᠡᠷ ᠢ᠋ᠶ᠋ᠡᠨ
ᠬᠠᠷᠢᠯᠴᠠᠵᠤ ᠰᠠᠭᠤᠭᠰᠠᠨ ᠢ᠋ᠶ᠋ᠠᠨ ᠰᠠᠨᠠᠭᠠᠴᠢ ᠠ᠋
( ᠳᠠᠬᠢᠯᠲᠠ)
ᠲᠠᠯ᠎ᠠ ᠶ᠋ᠢᠨ ᠵᠡᠷᠭᠡᠯᠭᠡᠨ ᠰᠦᠮᠡᠯᠵᠡᠭᠰᠡᠨ
ᠲᠠᠩᠬᠢᠯ ᠨᠠᠭᠤᠷ ᠤ᠋ᠨ ᠵᠠᠬ᠎ᠠ ᠳ᠋ᠤ᠌
ᠠᠩᠬ᠎ᠠ ᠲᠠᠨᠢᠯᠴᠠᠭᠰᠠᠨ ᠢ᠋ᠶ᠋ᠠᠨ ᠮᠠᠷᠲᠠᠭ᠎ᠠ ᠤᠤ
ᠠᠮᠠᠷᠠᠭᠯᠠᠵᠤ ᠳᠤᠷᠠᠯᠠᠭᠰᠠᠨ ᠢ᠋ᠶ᠋ᠠᠨ ᠰᠠᠨᠠᠭᠠᠴᠢ ᠠ᠋
( ᠳᠠᠬᠢᠯᠲᠠ) ( ᠳᠠᠬᠢᠯᠲᠠ)
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
