ᠨᠤᠲᠤᠭ ᠤ᠋ᠨ ᠴᠡᠩᠬᠡᠷ ᠪᠦᠷᠢᠳᠦ -ᠡᠷᠳᠡᠨᠢᠴᠢᠮᠡᠭ Нутгийн цэнхэр бүрд Эрдэнчимгээ ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠤᠲᠤᠭ ᠤ᠋ᠨ ᠴᠡᠩᠬᠡᠷ ᠪᠦᠷᠢᠳᠦ -ᠡᠷᠳᠡᠨᠢᠴᠢᠮᠡᠭ Нутгийн цэнхэр бүрд Эрдэнчимгээ

ᠨᠤᠲᠤᠭ ᠤ᠋ᠨ ᠴᠡᠩᠬᠡᠷ ᠪᠦᠷᠢᠳᠦ -ᠡᠷᠳᠡᠨᠢᠴᠢᠮᠡᠭ Нутгийн цэнхэр бүрд Эрдэнчимгээ

ᠠᠩᠭᠢᠯᠠᠯ:ᠳᠠᠭᠤᠤ ᠬᠥᠭᠵᠢᠮ
2025-08-14

802

ᠨᠤᠲᠤᠭ ᠤ᠋ᠨ ᠴᠡᠩᠬᠡᠷ ᠪᠦᠷᠢᠳᠦ

      ᠦᠭᠡ᠄ ᠦ᠊᠂ ᠨᠠᠴᠢᠨ 
      ᠠᠶ᠎ᠠ᠄ ᠰ᠂ ᠡᠩᠬᠡᠪᠠᠶᠠᠷ 
      ᠳᠠᠭᠤᠴᠢᠨ᠄ ᠡᠷᠳᠡᠨᠢᠴᠢᠮᠡᠭ 

ᠨᠠᠷᠠ ᠵᠥᠪ ᠡᠷᠭᠢᠵᠦ ᠲᠣᠭᠲᠠᠭᠰᠠᠨ ᠴᠠᠭᠠᠨ ᠯᠠᠪᠠᠢ ᠰᠢᠭ᠋ ᠮᠠᠩᠬᠠᠨ ᠮᠢᠨᠢ 
ᠨᠠᠮᠤᠷ ᠨᠠᠮᠤᠷ ᠤ᠋ᠨ ᠰᠢᠪᠠᠭᠤᠳ ᠮᠠᠷᠲᠠᠭ᠎ᠠ ᠦᠭᠡᠢ ᠪᠦᠷᠢᠳᠦᠨ ᠮᠢᠨᠢ 
ᠵᠡᠭᠡᠰᠦ ᠬᠤᠯᠤᠰᠤ ᠨᠢ ᠳᠦᠭᠦᠷᠬᠦ ᠪᠡᠷ ᠠᠶᠠᠭᠠᠨ ᠴᠢᠨᠡᠭᠡ ᠯᠡ ᠤᠰᠤ ᠶᠤᠮ ᠰᠢᠦ 
ᠵᠡᠷᠭᠡᠯᠭᠡᠨ ᠳᠤᠮᠳᠠᠭᠤᠷ ᠵᠢᠷᠢᠯᠵᠡᠬᠦ ᠵᠡᠭᠦᠳᠦᠨ ᠦ᠌ ᠬᠥᠬᠡ ᠳᠠᠯᠠᠢ ᠶᠤᠮ ᠳᠠ 
ᠭᠠᠵᠠᠷ ᠤ᠋ᠨ ᠵᠥᠭᠡᠯᠡᠨ ᠠᠮᠢᠰᠬᠤᠭ᠎ᠠ ᠲᠠᠢ 
ᠨᠤᠲᠤᠭ ᠤ᠋ᠨ ᠴᠡᠩᠬᠡᠷ ᠪᠦᠷᠢᠳᠦ ᠮᠢᠨᠢ 
ᠭᠠᠯᠪᠠ ᠶ᠋ᠢᠨ ᠪᠤᠭᠤᠷᠤᠯ ᠰᠠᠯᠬᠢᠨ ᠳ᠋ᠤ᠌ 
ᠠᠨᠢᠵᠤ ᠦᠵᠡᠭᠡ ᠦᠭᠡᠢ ᠮᠡᠯᠮᠡᠢ ᠳᠡ 

ᠵᠠᠭᠤᠨ ᠪᠠᠷ᠎ᠠ᠎ ᠡᠴᠡ ᠲᠦᠩᠬᠦᠢᠭᠰᠡᠨ ᠨᠣᠮᠣᠬᠠᠨ ᠵᠠᠭᠠᠨ ᠰᠢᠭ᠋ ᠮᠠᠩᠬᠠᠨ ᠮᠢᠨᠢ 
ᠵᠤᠨ ᠵᠤᠨ ᠤ᠋ ᠴᠡᠴᠡᠭᠡᠰ ᠣᠷᠬᠢᠭ᠎ᠠ ᠦᠭᠡᠢ ᠪᠦᠷᠢᠳᠦᠨ ᠮᠢᠨᠢ
ᠠᠶᠠᠨ ᠤ᠋ ᠰᠢᠪᠠᠭᠤᠳ ᠳᠠᠭᠤᠯᠠᠬᠤ ᠪᠠᠷ ᠤᠶᠠᠷᠠᠨ ᠤᠶᠠᠷᠠᠨ ᠮᠡᠯᠮᠡᠷᠡᠨ᠎ᠡ ᠰᠢᠦ
ᠠᠳᠤᠭᠤ ᠲᠤᠷᠭᠢᠯᠠᠨ ᠵᠣᠭᠰᠣᠬᠤ ᠪᠠᠷ ᠪᠤᠯᠠᠭ ᠨᠢ ᠥᠪᠡᠷ ᠢ᠋ᠶ᠋ᠡᠨ ᠢᠪᠢᠯᠦᠨ᠎ᠡ ᠰᠢᠦ ᠳᠡ
ᠭᠠᠵᠠᠷ ᠤ᠋ᠨ ᠵᠥᠭᠡᠯᠡᠨ ᠠᠮᠢᠰᠬᠤᠭ᠎ᠠ ᠲᠠᠢ
ᠨᠤᠲᠤᠭ ᠤ᠋ᠨ ᠴᠡᠩᠬᠡᠷ ᠪᠦᠷᠢᠳᠦ ᠮᠢᠨᠢ
ᠭᠠᠯᠪᠠ ᠶ᠋ᠢᠨ ᠪᠤᠭᠤᠷᠤᠯ ᠰᠠᠯᠬᠢᠨ ᠳ᠋ᠤ᠌
ᠠᠨᠢᠵᠤ ᠦᠵᠡᠭᠡ ᠦᠭᠡᠢ ᠮᠡᠯᠮᠡᠢ ᠳᠡ

ᠡᠯᠡᠰᠦᠨ ᠮᠠᠩᠬᠠᠨ ᠳ᠋ᠤ᠌ ᠲᠤᠨᠤᠯᠵᠠᠭᠰᠠᠨ ᠲᠣᠯᠢᠨ ᠲᠤᠩᠭᠠᠯᠠᠭ ᠪᠦᠷᠢᠳᠦᠨ ᠮᠢᠨᠢ
ᠡᠵᠢ ᠯᠡ ᠠᠪᠤ᠎ ᠡᠴᠡ ᠥᠪᠯᠡᠭᠰᠡᠨ ᠠᠷᠢᠭᠤᠨ ᠨᠠᠨᠳᠢᠨ ᠰᠤᠪᠤᠳ ᠮᠢᠨᠢ
ᠡᠰᠡᠨᠢᠨ ᠠᠮᠢᠯᠠᠬᠤ ᠢᠷᠦᠭᠡᠯ ᠲᠡᠢ ᠡᠷᠳᠡᠨᠢ ᠶ᠋ᠢᠨ ᠨᠣᠮᠢᠨ ᠰᠤᠳᠠᠯ ᠮᠢᠨᠢ
ᠡᠯᠢᠭᠡ ᠵᠢᠷᠦᠬᠡᠨ ᠳ᠋ᠦ᠍ ᠰᠢᠩᠭᠡᠭᠰᠡᠨ ᠡᠩᠬᠡ ᠵᠢᠷᠭᠠᠯ ᠤ᠋ᠨ ᠳᠠᠭᠤᠯᠠᠯ ᠶᠤᠮ ᠳᠠ
ᠭᠠᠵᠠᠷ ᠤ᠋ᠨ ᠵᠥᠭᠡᠯᠡᠨ ᠠᠮᠢᠰᠬᠤᠭ᠎ᠠ ᠲᠠᠢ
ᠨᠤᠲᠤᠭ ᠤ᠋ᠨ ᠴᠡᠩᠬᠡᠷ ᠪᠦᠷᠢᠳᠦ ᠮᠢᠨᠢ
ᠭᠠᠯᠪᠠ ᠶ᠋ᠢᠨ ᠪᠤᠭᠤᠷᠤᠯ ᠰᠠᠯᠬᠢᠨ ᠳ᠋ᠤ᠌
ᠠᠨᠢᠵᠤ ᠦᠵᠡᠭᠡ ᠦᠭᠡᠢ ᠮᠡᠯᠮᠡᠢ ᠳᠡ

ᠭᠠᠵᠠᠷ ᠤ᠋ᠨ ᠵᠥᠭᠡᠯᠡᠨ ᠠᠮᠢᠰᠬᠤᠭ᠎ᠠ ᠲᠠᠢ
ᠨᠤᠲᠤᠭ ᠤ᠋ᠨ ᠴᠡᠩᠬᠡᠷ ᠪᠦᠷᠢᠳᠦ ᠮᠢᠨᠢ
ᠭᠠᠯᠪᠠ ᠶ᠋ᠢᠨ ᠪᠤᠭᠤᠷᠤᠯ ᠰᠠᠯᠬᠢᠨ ᠳ᠋ᠤ᠌
ᠠᠨᠢᠵᠤ ᠦᠵᠡᠭᠡ ᠦᠭᠡᠢ ᠮᠡᠯᠮᠡᠢ ᠳᠡ

   ᠦᠰᠦᠭ ᠠᠮᠢᠯᠠᠭᠤᠯᠤᠭᠴᠢ᠄ ᠮᠥᠩᠭᠥᠨ
   ᠦᠰᠦᠭ ᠬᠠᠲᠠᠭᠴᠢ᠄ ᠮᠥᠩᠭᠥᠨ
   ᠬᠢᠨᠠᠭᠴᠢ᠄ ᠪᠢᠮᠪᠠ᠂ ᠣᠳᠬᠠᠨᠰᠣ᠎ᠠ