ᠴᠢ ᠨᠠᠳᠠ ᠡᠴᠡ ᠬᠣᠯᠠᠳᠠᠭ᠎ᠠ ᠤᠤ -ᠬᠡᠰᠢᠭᠳᠠᠯᠠᠢChi Nadaas Holdoo Yu-Hishigdalai Чи Надаас Холдоо Юу-Хишигдалай ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠴᠢ ᠨᠠᠳᠠ ᠡᠴᠡ ᠬᠣᠯᠠᠳᠠᠭ᠎ᠠ ᠤᠤ -ᠬᠡᠰᠢᠭᠳᠠᠯᠠᠢChi Nadaas Holdoo Yu-Hishigdalai Чи Надаас Холдоо Юу-Хишигдалай

ᠴᠢ ᠨᠠᠳᠠ ᠡᠴᠡ ᠬᠣᠯᠠᠳᠠᠭ᠎ᠠ ᠤᠤ -ᠬᠡᠰᠢᠭᠳᠠᠯᠠᠢChi Nadaas Holdoo Yu-Hishigdalai Чи Надаас Холдоо Юу-Хишигдалай

ᠠᠩᠭᠢᠯᠠᠯ:ᠳᠠᠭᠤᠤ ᠬᠥᠭᠵᠢᠮ
2025-08-13

1153

ᠴᠢ ᠨᠠᠳᠠ ᠡᠴᠡ ᠬᠣᠯᠠᠳᠠᠭ᠎ᠠ ᠤᠤ

  ᠦᠭᠡ᠄ ᠳ· ᠭᠠᠩᠸᠴᠢᠷ 
  ᠠᠶ᠎ᠠ᠄ ᠯ· ᠪᠠᡀᠬᠠᠵᠠᠪ 
  — ᠬᠡᠰᠢᠭᠳᠠᠯᠠᠢ ᠳᠠᠭᠤᠯᠠᠨ᠎ᠠ 

ᠨᠠᠮ᠎ᠠ ᠶ᠋ᠢ ᠭᠡᠰᠡᠨ ᠴᠢᠨᠦ ᠰᠡᠳᠬᠢᠯ 
ᠨᠠᠮᠤᠷ ᠤ᠋ᠨ ᠨᠠᠪᠴᠢᠰ ᠬᠠᠭᠳᠠᠷᠠᠨ ᠪᠠᠢᠨ᠎ᠠ ᠤᠤ 
ᠠᠯᠤᠰᠬᠠᠨ ᠶᠠᠪᠤᠬᠤ ᠳ᠋ᠠᠭᠠᠨ ᠡᠷᠭᠢᠵᠦ ᠬᠠᠷᠠᠭ᠎ᠠ ᠦᠭᠡᠢ 
ᠠᠮᠠᠷᠠᠭ ᠴᠢᠮ᠎ᠠ ᠪᠡᠨ ᠭᠣᠮᠣᠳᠠᠭᠠᠭ᠎ᠠ ᠤᠤ 
ᠬᠡᠢᠰᠬᠦ ᠨᠠᠪᠴᠢᠨ ᠤ᠋ ᠰᠢᠭᠤᠷᠭᠠᠨ ᠳᠤᠮᠳᠠ 
ᠬᠡᠴᠢᠨᠡᠨ ᠤᠳᠠᠭᠠᠨ ᠪᠢ ᠬᠦᠯᠢᠶᠡᠪᠡ ᠳ᠋ᠧ ᠴᠢᠮ᠎ᠠ ᠶ᠋ᠢ ᠪᠡᠨ 
ᠪᠤᠴᠠᠭᠠᠳ ᠢᠷᠡᠬᠦ ᠶ᠋ᠢ ᠴᠢᠨᠢ ᠬᠦᠯᠢᠶᠡᠭᠡᠳ ᠪᠢ
ᠪᠤᠳᠠᠩ ᠮᠠᠨᠠᠨ ᠳᠤᠮᠳᠠ ᠭᠠᠭᠴᠠᠭᠠᠷᠳᠠᠨ᠎ᠠ
ᠴᠢᠨᠦ ᠰᠡᠳᠬᠢᠯ ᠢ᠋ ᠪᠢ ᠠᠯᠳᠠᠭᠰᠠᠨ ᠴᠤ᠌ ᠶᠤᠮ ᠤᠤ ᠳ᠋ᠠ
ᠴᠢᠮᠡᠭᠡ ᠦᠭᠡᠢ ᠴᠢ ᠨᠠᠳᠠ ᠡᠴᠡ ᠬᠣᠯᠠᠳᠠᠭ᠎ᠠ ᠤᠤ
ᠲᠡᠭᠡᠭᠡᠳ ᠴᠢ ᠨᠠᠳᠠ ᠡᠴᠡ ᠶᠠᠪᠤᠵᠤ ᠪᠣᠯᠤᠭᠰᠠᠨ ᠦᠭᠡᠢ ᠴᠦ᠍ ᠶᠤᠮ ᠤᠤ ᠳᠠ
ᠬᠡᠴᠡᠭᠦᠦ ᠪᠠᠢᠭᠰᠠᠨ ᠤᠤ ᠨᠠᠳᠠ ᠳ᠋ᠤ᠌ ᠬᠡᠯᠡᠭᠡᠴᠢ᠁

ᠴᠢᠮ᠎ᠠ ᠶ᠋ᠢ ᠭᠡᠰᠡᠨ ᠮᠢᠨᠦ ᠵᠢᠷᠦᠬᠡᠨ ᠳ᠋ᠦ᠍
ᠬᠠᠪᠤᠷ ᠤ᠋ᠨ ᠴᠡᠴᠡᠭᠡᠰ ᠦᠷᠭᠦᠯᠵᠢ ᠳᠡᠯᠭᠡᠷᠡᠳᠡᠭ
ᠬᠣᠢᠨ᠎ᠠ ᠡᠴᠡ ᠴᠢᠨᠢ ᠬᠠᠷᠠᠭᠤᠯᠳᠠᠬᠤ ᠮᠢᠨᠦ ᠰᠡᠳᠬᠢᠯ ᠳ᠋ᠦ᠍
ᠬᠣᠷᠸ᠎ᠠ ᠶ᠋ᠢᠨ ᠵᠣᠪᠠᠯᠠᠩ ᠢ᠋ᠶ᠋ᠠᠷ ᠳᠦᠭᠦᠷᠦᠭᠡ ᠤᠤ
ᠢᠲᠡᠭᠡᠯ ᠰᠡᠳᠬᠢᠯ ᠦ᠋ᠨ ᠪᠠᠶᠠᠷ ᠳᠤᠮᠳᠠ
ᠡᠨᠡ ᠮᠢᠨᠦᠬᠢ ᠭᠡᠵᠦ ᠪᠢ ᠴᠢᠮ᠎ᠠ ᠪᠡᠨ ᠬᠠᠢᠷᠠᠯᠠᠭᠰᠠᠨ
ᠡᠷᠭᠢᠭᠡᠳ ᠢᠷᠡᠬᠦ ᠶ᠋ᠢ ᠴᠢᠨᠢ ᠬᠦᠯᠢᠶᠡᠯ᠎ᠡ ᠪᠢ
ᠡᠨᠡ ᠯᠡ ᠬᠣᠷᠸ᠎ᠠ ᠳ᠋ᠤ᠌ ᠪᠢ ᠭᠠᠭᠴᠠᠭᠠᠷᠳᠠᠨ᠎ᠠ
ᠴᠢᠨᠦ ᠰᠡᠳᠬᠢᠯ ᠢ᠋ ᠪᠢ ᠠᠯᠳᠠᠭᠰᠠᠨ ᠴᠤ᠌ ᠶᠤᠮ ᠤᠤ ᠳ᠋ᠠ
ᠴᠢᠮᠡᠭᠡ ᠦᠭᠡᠢ ᠴᠢ ᠨᠠᠳᠠ᠎ᠡᠴᠡ ᠬᠣᠯᠠᠳᠠᠭ᠎ᠠ ᠤᠤ
ᠲᠡᠭᠡᠭᠡᠳ ᠴᠢ ᠨᠠᠳᠠ᠎ᠡᠴᠡ ᠶᠠᠪᠤᠵᠤ ᠪᠣᠯᠤᠭᠰᠠᠨ ᠦᠭᠡᠢ ᠴᠦ᠍ ᠶᠤᠮ ᠤᠤ ᠳ᠋ᠠ
ᠬᠡᠴᠡᠭᠦᠦ ᠪᠠᠢᠭᠰᠠᠨ ᠤᠤ ᠨᠠᠳᠠ ᠳ᠋ᠤ᠌ ᠬᠡᠯᠡᠭᠡᠴᠢ᠁

ᠴᠢᠨᠦ ᠰᠡᠳᠬᠢᠯ ᠢ᠋ ᠪᠢ ᠠᠯᠳᠠᠭᠰᠠᠨ ᠴᠤ᠌ ᠶᠤᠮ ᠤᠤ ᠳ᠋ᠠ
ᠴᠢᠮᠡᠭᠡ ᠦᠭᠡᠢ ᠴᠢ ᠨᠠᠳᠠ ᠡᠴᠡ ᠬᠣᠯᠠᠳᠠᠭ᠎ᠠ ᠤᠤ
ᠲᠡᠭᠡᠭᠡᠳ ᠴᠢ ᠨᠠᠳᠠ ᠡᠴᠡ ᠶᠠᠪᠤᠵᠤ ᠪᠣᠯᠤᠭᠰᠠᠨ ᠦᠭᠡᠢ ᠴᠦ᠍ ᠶᠤᠮ ᠤᠤ ᠳ᠋ᠠ
ᠬᠡᠴᠡᠭᠦᠦ ᠪᠠᠢᠭᠰᠠᠨ ᠤᠤ ᠨᠠᠳᠠ ᠳ᠋ᠤ᠌ ᠬᠡᠯᠡᠭᠡᠴᠢ᠁

  ᠦᠰᠦᠭ ᠠᠮᠢᠯᠠᠭᠤᠯᠤᠭᠴᠢ᠄ ᠤᠤᠭᠠᠨᠵᠢᠳ
  ᠦᠰᠦᠭ ᠬᠢᠨᠠᠭᠴᠢ ᠬᠠᠲᠠᠭᠴᠢ᠄ ᠠᠯᠲᠠᠨᠴᠢᠮᠡᠭ