ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠳᠥᠷᠪᠡ〕 Цаг төрийн үймээн – Д ᠂ Намдаг - Амьдралын зам ᠂ нэгдүгээр бүлэг - 14
ᠤᠷᠢᠳ ᠡᠮᠦᠨ᠎ᠡ ᠦᠵᠡᠭᠳᠡᠭᠡ ᠦᠭᠡᠢ ᠶᠠᠭᠤᠮ᠎ᠠ
ᠠᠷᠤ ᠳ᠋ᠤ᠌ ᠬᠦᠷᠴᠢᠭᠢᠨᠡᠭᠰᠡᠨ ᠬᠠᠴᠢᠨ ᠴᠢᠮᠡᠭᠡ ᠭᠠᠷᠴᠠᠢ᠃ ᠰᠣᠴᠢᠨ ᠬᠠᠷᠠᠵᠠᠭᠠᠬᠤ ᠳ᠋ᠤ᠌ ᠤᠷᠲᠤ ᠪᠠᠨ ᠬᠣᠶᠠᠷ ᠪᠦᠯᠲᠡᠭᠡᠷ ᠨᠢᠳᠦ ᠰᠢᠭ ᠶᠠᠭᠤᠮ᠎ᠠ ᠲᠠᠢ ᠲᠣᠮᠣ ᠬᠠ ᠬᠠᠷ᠎ᠠ ᠶᠠᠭᠤᠮ᠎ᠠ ᠵᠠᠢ ᠵᠠᠪᠰᠠᠷ ᠦᠭᠡᠢ ᠴᠤᠪᠤᠷᠠᠭᠰᠠᠨ ᠭᠠᠮᠢᠩ ᠤ᠋ᠳ ᠲᠠᠢ ᠵᠠᠮ ᠪᠤᠯᠢᠶᠠᠯᠳᠤᠨ ᠣᠪᠣᠯᠵᠠᠨ ᠠᠢᠰᠤᠢ ᠶᠠᠪᠤᠨ᠎ᠠ᠃ ᠡᠨᠡ ᠪᠣᠯ ᠳ᠋ᠢᠸᠢᠽᠢ ᠶ᠋ᠢᠨ ᠳᠠᠷᠤᠭ᠎ᠠ ᠵᠣᠣ ᠴᠢ ᠮᠢᠨ ᠪᠤᠰᠤᠳ ᠬᠥᠮᠦᠨ ᠲᠡᠢ ᠴᠢᠴᠸᠨ ᠲᠡᠷᠭᠡ ᠪᠡᠷ ᠶᠠᠪᠤᠭ᠎ᠠ ᠨᠢ ᠪᠠᠢᠵᠠᠢ᠃ ᠵᠢᠩᠴᠢᠳ ᠲᠡᠳᠡᠨ ᠦ᠌ ᠬᠡᠨ ᠪᠣᠯᠬᠤ ᠶ᠋ᠢ ᠶᠠᠭᠠᠬᠢᠨ ᠮᠡᠳᠡᠬᠦ ᠪᠢᠯᠡ᠃
ᠳ᠋ᠠᠨᠽᠡᠨ ᠬᠠᠮᠤᠭ ᠤ᠋ᠨ ᠲᠦᠷᠦᠭᠦᠨ ᠲᠡᠷᠡ ᠣᠪᠣᠭᠠᠨ ᠳᠠᠪᠬᠢᠭᠴᠢ ᠬᠠᠷ᠎ᠠ ᠶᠠᠭᠤᠮᠠᠨ ᠳᠡᠭᠡᠷ᠎ᠡ ᠴᠢᠭ ᠥᠭᠡᠳᠡ ᠪᠡᠨ ᠭᠣᠵᠣᠢᠭᠰᠠᠨ ᠴᠠᠭᠠᠨ ᠣᠲᠣᠭ ᠲᠠᠢ ᠬᠥᠮᠦᠰ ᠰᠠᠭᠤᠭᠰᠠᠨ ᠢ᠋ ᠦᠵᠡᠪᠡ᠃ ᠳᠠᠷᠠᠭ᠎ᠠ ᠳ᠋ᠤᠨᠢ ᠳᠣᠣᠷ᠎ᠠ ᠨᠢ ᠳᠥᠷᠪᠡᠨ ᠳᠤᠭᠤᠢ ᠵᠢᠷᠢᠯᠵᠡᠨ ᠥᠩᠭᠡᠷᠡᠬᠦ ᠶ᠋ᠢ ᠦᠵᠡᠭᠡᠳ ᠤᠷᠲᠤ ᠪᠠᠨ ᠬᠥᠯᠯᠦᠭᠰᠡᠨ ᠮᠣᠷᠢ ᠦᠭᠡᠢ᠂ ᠦᠬᠡᠷ ᠴᠦ᠍ ᠦᠭᠡᠢ᠂ ᠶᠠᠳᠠᠵᠤ ᠡᠯᠵᠢᠭᠡ ᠴᠦ᠍ ᠦᠭᠡᠢ ᠠᠲᠠᠯ᠎ᠠ ᠪᠠᠨ ᠶᠠᠭᠠᠬᠢᠭᠠᠳ ᠢᠩᠭᠢᠵᠦ ᠬᠤᠷᠳᠤᠯᠠᠨ᠎ᠠ ᠪᠣᠢ ᠭᠡᠵᠦ ᠭᠠᠢᠬᠠᠨ᠎ᠠ᠃ ᠴᠢᠴᠧ ᠶ᠋ᠢᠨ ᠳᠠᠭᠤ ᠪᠠᠨ ᠤᠯᠠᠮ ᠴᠢᠩᠭᠠᠷᠠᠭᠤᠯᠤᠨ ᠬᠤᠷᠳᠤᠯᠠᠵᠤ ᠵᠢᠩᠴᠢᠳ ᠦ᠋ᠨ ᠬᠠᠵᠠᠭᠤ ᠪᠠᠷ ᠥᠩᠭᠡᠷᠡᠪᠡ᠃ ᠬᠠᠮᠠᠷ ᠤ᠋ᠨ ᠦᠵᠦᠭᠦᠷ ᠲᠦ᠍ ᠬᠡᠩᠰᠢᠭᠦᠦ ᠬᠢᠷᠪᠤᠰᠤ ᠰᠢᠭ᠋ ᠶᠠᠭᠤᠮ᠎ᠠ ᠦᠨᠦᠷᠲᠦᠨ᠎ᠡ᠃
— ᠡᠨᠡ ᠶᠠᠭᠤ ᠭᠡᠭᠴᠢ ᠪᠣᠢ? ᠭᠡᠵᠦ ᠳ᠋ᠠᠨᠽᠡᠨ ᠬᠦᠷᠡᠯ ᠡᠴᠡ ᠠᠰᠠᠭᠤᠭᠰᠠᠨ ᠳ᠋ᠤ᠌᠄ ᠬᠦᠷᠡᠯ ᠨᠣᠭᠣᠭᠠᠨ ᠨᠢᠳᠦ ᠪᠡᠨ ᠳ᠋ᠠᠨᠽᠡᠨ ᠦ᠌ ᠨᠢᠭᠤᠷ ᠲᠤ ᠳᠤᠰᠬᠠᠨ᠄
— ᠴᠢᠴᠧ᠂ ᠥᠪᠡᠷ ᠢ᠋ᠶ᠋ᠡᠨ ᠶᠠᠪᠤᠳᠠᠭ ᠴᠢᠴᠧ ᠭᠡᠳ ᠴᠢᠴᠧ ᠶ᠋ᠢᠨ ᠬᠣᠢᠨ᠎ᠠ ᠠ᠋ᠴᠠ ᠰᠢᠷᠲᠡᠪᠡ᠃
ᠳ᠋ᠠᠨᠽᠡᠨ ᠤᠷᠢᠳ ᠡᠮᠦᠨ᠎ᠡ ᠴᠢᠴᠧ ᠲᠡᠷᠭᠡ ᠭᠡᠵᠦ ᠣᠯᠠᠨᠲᠠ ᠰᠣᠨᠣᠰᠤᠭᠰᠠᠨ ᠢ᠋ᠶ᠋ᠠᠨ ᠰᠠᠨᠠᠪᠠ᠃ ᠭᠡᠲᠡᠯ᠎ᠡ ᠪᠠᠰᠠ ᠨᠤᠲᠤᠭ ᠠ᠋ᠴᠠ ᠭᠠᠷᠬᠤ ᠶ᠋ᠢᠨ ᠡᠮᠦᠨᠡᠬᠡᠨ ᠲᠡᠢ《ᠴᠢᠭᠯᠡᠭᠡᠳ ᠢᠷᠡᠭᠰᠡᠨ ᠴᠢᠴᠧ ᠲᠡᠷᠭᠡ ᠨᠢ ᠴᠢᠬᠢ ᠨᠢ ᠮᠤᠯᠲᠤᠷᠠᠭᠠᠳ ᠤᠨᠠᠨ᠎ᠠ᠂ ᠳᠤᠤᠭᠠᠷᠤᠭᠠᠳ ᠢᠷᠡᠭᠰᠡᠨ ᠭᠠᠮᠢᠩ ᠴᠢᠨᠳᠠᠷᠤᠤ ᠳᠤᠬᠤ ᠪᠠᠷ ᠢ᠋ᠶ᠋ᠠᠨ ᠪᠤᠤᠳᠠᠭᠤᠯᠤᠨ ᠰᠥᠨᠥᠨ᠎ᠡ ᠳᠡ ᠠᠢ ᠬᠦ》 ᠭᠡᠵᠦ ᠳᠠᠭᠤᠯᠠᠳᠠᠭ ᠪᠣᠯᠤᠭᠰᠠᠨ ᠢ᠋ ᠮᠥᠨ ᠰᠠᠨᠠᠭᠰᠠᠨ ᠪᠥᠭᠡᠳ ᠴᠢᠴᠧ ᠲᠡᠷᠭᠡᠨ ᠦ᠌ ᠴᠢᠬᠢ ᠶᠠᠮᠠᠷ ᠪᠠᠢᠳᠠᠭ ᠢ᠋ ᠬᠠᠷᠠᠬᠤ ᠶ᠋ᠢ ᠬᠦᠰᠡᠨ ᠬᠣᠢᠨ᠎ᠠ ᠠ᠋ᠴᠠ ᠨᠢ ᠬᠠᠷᠠᠪᠠ᠃ ᠴᠢᠴᠧ ᠬᠣᠯᠠᠳᠠᠨ ᠴᠢᠬᠢ ᠨᠢ ᠠᠯᠢ ᠬᠡᠳᠦᠢᠨ ᠬᠠᠷᠠᠭᠳᠠᠬᠤ ᠦᠭᠡᠢ ᠪᠣᠯᠤᠭᠰᠠᠨ ᠪᠠᠢᠵᠠᠢ᠃
— ᠴᠢᠴᠧ᠂ ᠲᠡᠮᠡᠭᠡᠨ ᠵᠢᠩ ᠦ᠋ᠨ ᠠᠷᠤ ᠳ᠋ᠤ᠌ ᠣᠴᠢᠨ ᠣ ᠣ — ᠠ ᠠ ᠣ ᠣ — ᠠ ᠠ᠁ ᠪᠠᠷᠬᠢᠷᠠᠨ ᠣᠪᠣᠯᠵᠠᠪᠠ᠃ ᠤᠷᠢᠳ ᠡᠮᠦᠨ᠎ᠡ ᠲᠡᠢᠮᠦ ᠬᠠᠴᠢᠨ ᠠᠪᠢᠶ᠎ᠠ ᠶ᠋ᠢ ᠲᠤᠭᠤᠯᠭ᠎ᠠ ᠦᠭᠡᠢ ᠲᠡᠮᠡᠭᠡ ᠰᠡᠭᠦᠯᠴᠢ ᠡᠴᠡ ᠪᠡᠨ ᠦᠷᠭᠦᠨ᠂ ᠬᠥᠲᠥᠯᠵᠦ ᠶᠠᠪᠤᠭ᠎ᠠ ᠬᠥᠮᠦᠰ ᠢ᠋ᠶ᠋ᠡᠨ ᠰᠠᠨᠳᠤᠷᠭᠠᠪᠠ᠃ ᠲᠡᠮᠡᠭᠡ ᠪᠣᠯ ᠨᠢᠭᠡ ᠶ᠋ᠢ ᠪᠡᠨ ᠦᠷᠭᠦᠬᠦ ᠪᠡᠷ ᠨᠥᠭᠦᠭᠡ ᠨᠢ ᠠᠶᠠᠯᠳᠤᠨ ᠤᠬᠠᠭᠠᠨ ᠵᠢᠯᠣᠭᠣ ᠦᠭᠡᠢ ᠳᠠᠭᠠᠯᠳᠤᠳᠠᠭ ᠣᠯᠢᠭ ᠦᠭᠡᠢ ᠵᠠᠩ ᠲᠠᠢ ᠠᠮᠢᠲᠠᠨ ᠪᠢᠯᠡ᠃ ᠪᠦᠬᠦ ᠲᠡᠮᠡᠭᠡ ᠦᠷᠭᠦᠬᠦ ᠳᠣᠳᠣᠮ ᠴᠢᠴᠧ ᠳᠠᠭᠤ ᠴᠢᠮᠡᠭᠡ ᠤᠯᠠᠮ ᠢ᠋ᠶ᠋ᠠᠷ ᠴᠢᠩᠭᠠᠷᠠᠭᠤᠯᠤᠨ ᠬᠤᠷᠳᠤᠯᠠᠪᠠ᠃ ᠠᠭᠱᠠᠨ ᠵᠠᠭᠤᠷ᠎ᠠ ᠶ᠋ᠢᠨ ᠳᠣᠲᠣᠷ᠎ᠠ ᠲᠠᠪᠢᠨ ᠭᠤᠷᠪᠠ ᠲᠡᠮᠡᠭᠡ ᠲᠤᠢᠯᠠᠨ ᠵᠦᠭ ᠪᠦᠷᠢ ᠳ᠋ᠦ᠍ ᠬᠠᠷᠠᠢᠯᠭᠠᠵᠤ ᠨᠢᠷᠤᠭᠤᠨ ᠳ᠋ᠠᠬᠢ ᠠᠴᠢᠶ᠎ᠠ ᠪᠠᠨ ᠬᠣᠯᠠ ᠬᠣᠯᠠ ᠬᠠᠶᠠᠯᠠᠨ᠂ ᠡᠮᠦᠨ᠎ᠡ ᠪᠡᠨ ᠲᠤᠯᠭᠠᠷᠠᠭᠰᠠᠨ ᠢ᠋ ᠨᠡᠪᠲᠡ ᠰᠢᠪᠲᠤ ᠲᠠᠭᠠᠷᠢᠨ᠎ᠠ᠃ ᠬᠥᠲᠥᠯᠦᠨ ᠶᠠᠪᠤᠭᠰᠠᠳ ᠨᠢ ᠠᠯᠢ ᠬᠡᠳᠦᠢᠨ ᠦ᠌ ᠪᠤᠷᠠᠨᠲᠠᠭ ᠬᠠᠶᠠᠨ ᠵᠢᠭᠤᠲᠠᠵᠤ ᠴᠤᠪᠤᠭᠠᠨ ᠶᠠᠪᠤᠭ᠎ᠠ ᠪᠦᠬᠦᠨ ᠲᠠᠯ᠎ᠠ ᠲᠠᠯ᠎ᠠ ᠲᠠᠢᠰᠢ ᠪᠠᠨ ᠪᠤᠲᠠᠷᠠᠪᠠ᠃ ᠲᠡᠷᠭᠡᠨ ᠳ᠋ᠦ᠍ ᠬᠥᠯᠦᠭᠰᠡᠨ ᠮᠣᠷᠢ᠂ ᠯᠠᠭᠤᠰᠠ᠂ ᠡᠯᠵᠢᠭᠡ ᠴᠥᠮ ᠲᠤᠢᠯᠠᠨ ᠬᠥᠨᠳᠡᠯᠡᠨ ᠭᠣᠳᠣᠰ ᠳᠠᠪᠬᠢᠯ᠎ᠠ᠃ ᠬᠠᠮᠢᠭ᠎ᠠ ᠪᠣᠯ ᠳᠠᠭᠤ ᠴᠢᠮᠡᠭᠡ᠂ ᠦᠢᠮᠡᠭᠡᠨ ᠪᠤᠵᠢᠭᠢᠨᠠᠭᠠᠨ᠂ ᠬᠣᠮ ᠪᠠᠮᠪᠠᠢ ᠪᠠᠨ ᠴᠢᠷᠦᠭᠦᠯᠦᠭᠰᠡᠨ ᠮᠣᠷᠢ᠂ ᠯᠠᠭᠤᠰᠠ᠂ ᠡᠯᠵᠢᠭᠡ᠂ ᠫᠤᠤ ᠬᠦᠷᠲᠡᠯ᠎ᠡ ᠳᠡᠰ ᠨᠢᠰ ᠳᠤᠤᠭᠠᠷᠤᠨ᠎ᠠ᠃ ᠵᠢᠩᠴᠢᠳ ᠥᠭᠡᠷ᠎ᠡ ᠴᠦ᠍ ᠦᠭᠡᠢ ᠰᠠᠨᠳᠤᠷᠤᠯᠠ᠃ ᠭᠤᠷᠪᠠᠭᠤᠯᠠ ᠵᠡᠷᠭᠡ ᠬᠠᠰᠬᠢᠷᠤᠨ ᠭᠦᠶᠦᠪᠡ᠃ ᠲᠡᠮᠡᠭᠡ ᠨᠦ᠍ᠭᠦᠳ ᠨᠢ ᠢᠵᠢᠯᠢ ᠳᠠᠰᠤᠯ ᠪᠣᠯᠤᠭᠰᠠᠨ ᠬᠥᠮᠦᠨ ᠦ᠌ ᠪᠡᠨ ᠳᠠᠭᠤ ᠶ᠋ᠢ ᠰᠣᠨᠣᠰᠤᠮᠠᠭᠴᠠ ᠨᠣᠮᠣᠬᠠᠷᠠᠨ《ᠢᠪᠡᠭᠡᠯᠲᠦ ᠡᠵᠡᠨ ᠬᠠᠮᠢᠭ᠎ᠠ ᠪᠣᠢ》 ᠭᠡᠰᠡᠨ ᠪᠠᠢᠳᠠᠯ ᠢ᠋ᠶ᠋ᠠᠷ ᠪᠥᠭᠡᠮᠨᠡᠷᠡᠪᠡ᠃ ᠬᠦᠷᠡᠯ ᠲᠡᠮᠡᠭᠡᠨ ᠳᠣᠲᠣᠷ᠎ᠠ ᠣᠷᠣᠵᠤ ᠬᠠᠮᠤᠭ ᠤ᠋ᠨ ᠲᠦᠷᠦᠭᠦᠨ ᠰᠠᠬᠢᠭᠤᠰᠤᠲᠤ ᠤᠯᠠᠭᠠᠨ ᠠᠳᠠ ᠪᠠᠨ ᠬᠦᠵᠦᠭᠦᠳᠡᠨ ᠠᠪᠤᠯ᠎ᠠ᠃ ᠳ᠋ᠠᠨᠽᠡᠨ ᠠᠯᠤᠰ ᠢ᠋ ᠪᠠᠷᠢᠨ ᠭᠦᠶᠦᠵᠦ᠂ ᠠᠩᠬ᠎ᠠ ᠠᠶᠠᠯᠠᠨ ᠭᠠᠷᠤᠭᠰᠠᠨ ᠡᠳᠦᠷ ᠡᠴᠡ ᠪᠡᠨ ᠵᠠᠩᠴᠢᠬᠦᠦ ᠬᠦᠷᠲᠡᠯ᠎ᠡ ᠤᠨᠤᠭᠰᠠᠨ ᠲᠠᠢᠯᠤᠭ ᠤ᠋ᠨ ᠢ᠋ᠶ᠋ᠠᠨ ᠲᠤᠭ ᠰᠢᠷᠡᠭᠡ ᠪᠦᠬᠦ ᠪᠡᠨ ᠰᠣᠯᠪᠢᠯᠵᠠᠭᠤᠯᠤᠨ ᠭᠦᠶᠦᠨ ᠢᠷᠡᠬᠦ ᠳ᠋ᠦ᠍ᠨᠢ ᠴᠢᠷᠦᠭᠦᠯᠦᠨ ᠶᠠᠪᠤᠭ᠎ᠠ ᠪᠤᠷᠠᠨᠲᠠᠭ ᠠ᠋ᠴᠠ ᠨᠢ ᠰᠢᠭᠦᠷᠡᠨ ᠠᠪᠴᠠᠢ᠃ ᠳᠡᠢᠯᠦᠭ ᠲᠠᠢᠪᠤᠰᠢᠷᠠᠨ ᠬᠥᠭᠡᠷᠦᠬᠦᠨ ᠲᠣᠯᠣᠭᠠᠢ ᠪᠠᠨ ᠳᠣᠷᠣᠭᠰᠢ ᠪᠠᠭᠤᠯᠭᠠᠨ ᠬᠤᠵᠢᠷ ᠤ᠋ᠨ ᠦᠨᠦᠷ ᠬᠠᠩᠬᠤᠯᠤᠭᠰᠠᠨ ᠨᠣᠢᠲᠠᠨ ᠨᠡᠬᠡᠢ ᠳᠡᠪᠡᠯ ᠢ᠋ ᠨᠢ ᠦᠨᠦᠷᠯᠡᠭᠰᠡᠨ ᠢ᠋ᠶ᠋ᠡᠨ ᠲᠣᠯᠣᠭᠠᠢ ᠲᠡᠳᠡᠨ ᠬᠠᠮᠠᠷ ᠳᠣᠷᠭᠢᠪᠠ᠃ ᠪᠦᠬᠦ ᠲᠡᠮᠡᠭᠡ ᠬᠠᠨᠢ ᠢᠵᠢᠯᠢ ᠪᠡᠨ ᠲᠡᠳᠡᠨ ᠨᠢᠭᠡᠨ ᠳᠣᠣᠷ᠎ᠠ ᠴᠤᠭᠯᠠᠷᠠᠵᠤ ᠪᠠᠢᠬᠤ ᠳ᠋ᠤ᠌ ᠠᠳᠠ ᠦᠵᠡᠭᠳᠡᠨ ᠬᠡᠵᠢᠶ᠎ᠡ ᠢᠮᠠᠭᠲᠠ ᠬᠦᠨᠳᠦ ᠶ᠋ᠢᠨ ᠶᠡᠬᠡ ᠶ᠋ᠢ ᠠᠴᠢᠭᠤᠯᠤᠨ ᠵᠢᠩ ᠦ᠋ᠨ ᠰᠡᠭᠦᠯ ᠳ᠋ᠦ᠍ ᠶᠠᠪᠤᠳᠠᠭ ᠳᠣᠭᠰᠢᠨ ᠬᠠᠷ᠎ᠠ ᠪᠤᠤᠷ᠎ᠠ ᠭᠠᠭᠴᠠᠭᠠᠷ ᠢ᠋ᠶ᠋ᠠᠨ ᠴᠦᠢᠯᠡᠨ ᠪᠠᠷᠠᠭᠤᠨ ᠲᠥᠪᠥᠭᠡᠷ ᠳᠡᠭᠡᠷ᠎ᠡ ᠭᠠᠷᠤᠨ ᠴᠠᠭᠠᠰᠢ ᠶᠠᠪᠤᠬᠤ ᠬᠠᠨᠢ ᠦᠭᠡᠢ ᠳ᠋ᠡᠭᠡᠨ ᠭᠤᠨᠢᠬᠷᠠᠨ ᠵᠣᠭᠰᠣᠨ᠎ᠠ᠃ ᠳᠣᠷᠵᠢ ᠶ᠋ᠢᠨ ᠭᠦᠶᠦᠨ ᠣᠴᠢᠬᠤ ᠳ᠋ᠤ᠌ ᠪᠠᠷᠠᠭᠤᠨ ᠵᠦᠭ ᠦ᠋ᠨ ᠲᠩᠷᠢ ᠶ᠋ᠢᠨ ᠬᠠᠶᠠᠭ᠎ᠠ᠂ ᠵᠡᠭᠦᠨ ᠳᠣᠣᠷ᠎ᠠ ᠬᠣᠴᠣᠷᠤᠭᠰᠠᠨ ᠬᠠᠨᠢ ᠢᠵᠢᠯᠢ ᠬᠣᠶᠠᠷ ᠢ᠋ᠶ᠋ᠠᠨ ᠡᠭᠡᠯᠵᠢᠯᠡᠨ ᠬᠠᠷᠠᠵᠤ《ᠪᠢᠳᠡ ᠢᠩᠭᠢᠭᠡᠳ ᠡᠨᠡ ᠴᠢᠭ ᠢ᠋ᠶ᠋ᠡᠷ ᠢ᠋ᠶ᠋ᠡᠨ ᠵᠢᠭᠤᠲᠠᠪᠠᠯ ᠶᠠᠭᠠᠬᠢᠭᠰᠠᠨ ᠶᠤᠮ ᠪᠣᠢ?》 ᠭᠡᠰᠡᠨ ᠰᠢᠭ ᠪᠠᠢᠯ᠎ᠠ᠃
ᠵᠢᠩᠴᠢᠳ ᠪᠦᠬᠦ ᠲᠡᠮᠡᠭᠡ ᠪᠡᠨ ᠴᠤᠭᠯᠠᠭᠤᠯᠵᠤ ᠠᠪᠤᠭᠠᠳ ᠳᠠᠬᠢᠨ ᠠᠴᠢᠶᠠᠯᠠᠪᠠ᠃ ᠬᠠᠮᠲᠤ ᠶᠠᠪᠤᠭᠴᠢ ᠭᠠᠮᠢᠩ ᠤ᠋ᠳ ᠰᠠᠶᠢ ᠶ᠋ᠢᠨ ᠲᠤᠢᠯᠠᠭᠠᠨ ᠳ᠋ᠤ᠌ ᠬᠠᠶᠠᠭᠳᠠᠭᠰᠠᠨ ᠬᠠᠢᠷᠴᠠᠭ ᠤ᠋ᠳ ᠢ᠋ ᠴᠢᠷᠴᠦ ᠭᠤᠯᠳᠤᠷᠢᠨ ᠠᠪᠴᠢᠷᠠᠵᠤ᠂ ᠡᠪᠳᠡᠷᠡᠨ ᠬᠡᠮᠬᠡᠷᠡᠭᠰᠡᠨ ᠢ᠋ ᠨᠢ ᠬᠠᠲᠠᠵᠤ ᠪᠠᠭᠯᠠᠨ᠎ᠠ᠃ ᠰᠧᠯᠸᠳᠢ ᠲᠡᠢ ᠨᠣᠶᠠᠨ ᠬᠦᠷᠡᠯ ᠦ᠋ᠨ ᠬᠠᠨᠴᠤᠢ ᠠ᠋ᠴᠠ ᠬᠥᠲᠥᠯᠦᠨ ᠵᠡᠭᠦᠨ ᠲᠡᠢᠰᠢ ᠶᠠᠪᠤᠪᠠ᠃ ᠤᠷᠳᠤᠭᠤᠷ ᠨᠢ ᠮᠣᠷᠢᠨ ᠳ᠋ᠤ᠌ ᠬᠥᠯᠦᠭᠰᠡᠨ ᠦᠬᠡᠷ ᠫᠤᠤ ᠨᠤᠭᠤᠳ ᠴᠤᠪᠤᠨ ᠶᠠᠪᠤᠭᠰᠠᠨ ᠤ᠋ ᠳᠤᠮᠳᠠᠭᠤᠷ ᠭᠠᠷᠤᠯ᠎ᠠ᠃ ᠲᠡᠨᠳᠡ ᠬᠣᠶᠠᠷ ᠲᠡᠮᠡᠭᠡ ᠣᠰᠣᠯᠳᠠᠭᠰᠠᠨ ᠪᠠᠢᠵᠠᠢ᠃ ᠨᠢᠭᠡ ᠨᠢ ᠬᠦᠷᠡᠯ ᠦ᠋ᠨ ᠥᠪᠡᠷ ᠦ᠋ᠨ ᠲᠡᠮᠡᠭᠡ᠃ ᠡᠵᠡᠨ ᠢ᠋ᠶ᠋ᠡᠨ ᠬᠠᠷᠠᠮᠠᠭᠴᠠ ᠭᠠᠵᠠᠷ ᠰᠤᠩᠭᠠᠨ ᠬᠠᠶᠠᠭᠰᠠᠨ ᠤᠷᠲᠤ ᠬᠦᠵᠦᠭᠦᠦ ᠪᠡᠨ ᠠᠯᠭᠤᠷ ᠡᠷᠭᠦᠨ ᠪᠣᠰᠬᠤ ᠶ᠋ᠢ ᠲᠡᠮᠦᠯᠦᠨ ᠥᠨᠳᠡᠢᠭᠰᠡᠨ ᠢ᠋ᠶ᠋ᠡᠨ ᠲᠡᠩᠬᠡᠯ ᠠᠯᠲᠠᠨ ᠳᠣᠷᠣᠭᠰᠢ ᠤᠨᠠᠪᠠ᠃ ᠬᠦᠷᠡᠯ ᠳᠡᠷᠭᠡᠳᠡ ᠨᠢ ᠣᠴᠢᠭᠠᠳ ᠲᠡᠭᠦᠨ ᠦ᠌ ᠶᠠᠭ ᠴᠡᠭᠡᠵᠢ ᠪᠡᠷ ᠨᠢ ᠫᠤᠤᠳᠠᠭᠤᠯᠤᠨ ᠬᠡᠳᠦᠨ ᠠᠯᠲᠠ ᠭᠠᠵᠠᠷ ᠤᠯᠠᠭᠠᠨ ᠴᠢᠰᠤᠨ ᠵᠠᠮ ᠴᠤᠪᠤᠷᠠᠭᠤᠯᠤᠭᠰᠠᠨ ᠢ᠋ ᠨᠢ ᠦᠵᠡᠯ᠎ᠡ᠃ ᠣᠳᠣ ᠴᠦ᠍ ᠭᠡᠰᠡᠨ ᠴᠢᠰᠤ ᠨᠢ ᠵᠤᠷᠭᠠᠨ ᠳ᠋ᠠᠭᠠᠨ ᠤᠷᠤᠰᠤᠭᠰᠠᠭᠠᠷ ᠪᠠᠢᠵᠠᠢ᠃ ᠡᠢᠮᠦ ᠳ᠋ᠦ᠍ ᠲᠡᠭᠦᠨ ᠦ᠌ ᠠᠮᠢ ᠥᠩᠭᠡᠷᠡᠭᠰᠡᠨ ᠨᠢ ᠮᠡᠳᠡᠭᠡᠵᠢ ᠶ᠋ᠢᠨ ᠬᠡᠷᠡᠭ᠃ ᠲᠡᠭᠦᠨ ᠢ᠋ᠶ᠋ᠡᠨ ᠥᠪᠡᠷ ᠢ᠋ᠶ᠋ᠡᠨ ᠮᠡᠳᠡᠵᠦ ᠪᠠᠢᠭ᠎ᠠ ᠮᠡᠲᠦ ᠬᠤᠷᠴᠠ ᠰᠢᠳᠦ ᠪᠡᠨ ᠭᠠᠰᠠᠯᠠᠩ ᠤ᠋ᠨ ᠠᠪᠢᠶ᠎ᠠ ᠪᠠᠷ ᠬᠠᠪᠢᠷᠤᠨ ᠬᠢᠬᠤᠲᠤᠨᠠᠭᠤᠯᠵᠤ ᠬᠡᠯᠡᠨ ᠦ᠌ ᠪᠡᠨ ᠦᠵᠦᠭᠦᠷ ᠢ᠋ᠶ᠋ᠡᠷ ᠰᠡᠲᠡᠷᠬᠡᠢ ᠤᠷᠤᠭᠤᠯ ᠢ᠋ᠶ᠋ᠠᠨ ᠳᠣᠯᠢᠶᠠᠨ᠂ ᠲᠤᠩᠭᠠᠯᠠᠭ ᠨᠢᠳᠦᠨ ᠡᠴᠡ ᠨᠢ ᠪᠥᠭᠡᠮ ᠪᠥᠭᠡᠮ ᠨᠢᠯᠪᠤᠰᠤ ᠤᠨᠠᠨ᠎ᠠ᠃ ᠬᠦᠷᠡᠯ ᠬᠠᠢᠷᠠᠯᠠᠨ ᠬᠠᠷᠠᠮᠰᠠᠬᠤ ᠳ᠋ᠠᠭᠠᠨ ᠳᠣᠲᠣᠷ᠎ᠠ ᠬᠠᠷᠠᠩᠭᠤᠢᠯᠠᠪᠠ᠃ ᠦᠬᠦᠭᠰᠡᠨ ᠢ᠋ ᠨᠢ ᠭᠠᠵᠠᠷ ᠲᠠᠭᠠᠨ᠂ ᠠᠮᠢᠳᠤ ᠶ᠋ᠢ ᠨᠢ ᠶᠠᠪᠤᠳᠠᠯ ᠳ᠋ᠠᠭᠠᠨ ᠭᠡᠵᠦ ᠪᠠᠢᠳᠠᠭ ᠲᠤᠯᠠ ᠬᠠᠮᠠᠷ ᠤ᠋ᠨ ᠬᠢᠨᠢ ᠪᠤᠢᠯᠠ ᠮᠣᠳᠣ ᠶ᠋ᠢ ᠠᠪᠴᠤ ᠡᠪᠦᠷᠯᠡᠭᠡᠳ《ᠬᠣᠢᠲᠤ ᠨᠠᠰᠤᠨ ᠳ᠋ᠠᠭᠠᠨ ᠳᠡᠭᠡᠳᠦ ᠲᠥᠷᠥᠯ ᠳ᠋ᠦ᠍ ᠲᠥᠷᠥᠬᠦ ᠪᠣᠯᠲᠤᠭᠠᠢ》 ᠭᠡᠵᠦ ᠨᠢᠳᠦ ᠠᠨᠢᠨ ᠠᠮᠠᠨ ᠳ᠋ᠠᠭᠠᠨ ᠰᠢᠪᠡᠨᠡᠨ᠂ ᠬᠠᠨᠴᠤᠢ ᠳ᠋ᠠᠭᠠᠨ ᠵᠠᠯᠪᠠᠷᠢᠪᠠ᠃ ᠳᠠᠷᠠᠭ᠎ᠠ ᠨᠢ ᠰᠧᠯᠸᠳᠢ ᠲᠡᠢ ᠨᠣᠶᠠᠨ ᠳ᠋ᠤ᠌ ᠦᠬᠦᠬᠦ ᠶ᠋ᠢᠨ ᠲᠡᠮᠳᠡᠭ ᠢ᠋ ᠨᠢᠳᠦ ᠠᠨᠢᠨ᠂ ᠲᠣᠯᠣᠭᠠᠢ ᠳᠣᠷᠣᠭᠰᠢ ᠤᠨᠠᠭᠠᠬᠤ ᠪᠠᠷ ᠦᠵᠡᠭᠦᠯᠵᠡᠢ᠃
ᠬᠣᠶᠠᠳᠠᠬᠢ ᠲᠡᠮᠡᠭᠡ᠃ ᠳᠣᠷᠵᠢ ᠶ᠋ᠢᠨ ᠠᠩᠬ᠎ᠠ ᠤᠳᠠᠭ᠎ᠠ ᠠᠶᠠᠨ ᠳ᠋ᠤ᠌ ᠶᠠᠪᠤᠵᠤ ᠪᠠᠢᠭ᠎ᠠ ᠳᠥᠷᠪᠡᠨ ᠨᠠᠰᠤᠲᠠᠢ ᠴᠠᠭᠠᠨ ᠲᠠᠢᠯᠤᠭ ᠪᠠᠢᠪᠠ᠃ ᠲᠡᠷᠡ ᠠᠮᠢᠲᠠᠨ ᠡᠭᠡᠭᠡ ᠯᠡ ᠬᠡᠦᠬᠡᠳ ᠰᠢᠭ ᠦᠶ᠎ᠡ ᠮᠥᠴᠢ ᠪᠡᠨ ᠠᠲᠤᠷᠢᠭᠤᠯᠤᠨ᠂ ᠪᠢᠴᠢᠬᠠᠨ ᠴᠠᠭᠠᠨ ᠲᠣᠯᠣᠭᠠᠢ ᠪᠠᠨ ᠤᠭᠵᠢᠭᠤᠷ ᠪᠦᠬᠦᠨ ᠳ᠋ᠡᠭᠡᠨ ᠲᠤᠯᠭᠠᠨ ᠬᠠᠵᠠᠭᠤᠯᠳᠠᠨ ᠬᠡᠪᠲᠡᠨ᠎ᠡ᠃ ᠴᠡᠪᠡᠷᠬᠡᠨ ᠪᠣᠷᠣ ᠲᠠᠤᠯᠠᠢ ᠬᠠᠮᠠᠷ ᠠ᠋ᠴᠠ ᠨᠢ ᠬᠦᠷᠡᠩ ᠬᠠᠷ᠎ᠠ ᠴᠢᠰᠤ ᠭᠠᠷᠤᠭᠰᠠᠨ ᠠ᠋ᠴᠠ ᠨᠢ ᠬᠦᠷᠡᠯ᠂ ᠵᠢᠷᠦᠬᠡ ᠨᠢ ᠬᠠᠭᠠᠷᠠᠵᠤ ᠭᠡᠵᠦ ᠮᠡᠳᠡᠪᠡ᠃ ᠰᠧᠯᠸᠳᠢ ᠲᠡᠢ ᠨᠣᠶᠠᠨ ᠲᠡᠭᠦᠨ ᠢ᠋ ᠦᠵᠡᠮᠡᠭᠴᠡ ᠴᠢᠷᠠᠢ ᠬᠤᠪᠢᠷᠠᠭᠠᠨ《ᠬᠠᠢ ᠶᠠ!》 ᠭᠡᠵᠦ ᠳᠠᠭᠤ ᠠᠯᠳᠠᠪᠠ᠃ ᠪᠣᠳᠣᠪᠠᠯ ᠡᠨᠡ ᠬᠥᠮᠦᠨ ᠠᠷᠤ ᠳ᠋ᠠᠭᠠᠨ ᠬᠡᠦᠬᠡᠳ ᠪᠠᠭᠠᠴᠤᠳ ᠲᠠᠢ ᠬᠥᠮᠦᠨ ᠪᠣᠯᠪᠠ ᠤᠤ᠃ ᠭᠡᠪᠡᠴᠦ ᠮᠠᠯ ᠢ᠋ ᠬᠠᠢᠷᠠᠯᠠᠨ ᠬᠦᠨᠳᠦᠳᠬᠡᠵᠦ ᠵᠠᠩᠰᠢᠭᠠ ᠦᠭᠡᠢ ᠳ᠋ᠡᠭᠡᠨ ᠲᠡᠮᠦᠷ ᠲᠣᠪᠣᠷᠤᠤᠲᠤ ᠬᠦᠨᠳᠦ ᠱᠠᠬᠠᠢ ᠪᠡᠷ ᠢ᠋ᠶ᠋ᠡᠨ ᠲᠣᠯᠣᠭᠠᠢ ᠶ᠋ᠢ ᠨᠢ ᠢᠰᠬᠦᠯᠦᠨ ᠭᠠᠢᠬᠠᠨ᠎ᠠ᠃ ᠬᠦᠷᠡᠯ ᠲᠠᠢᠯᠤᠭ ᠤ᠋ᠨ ᠪᠤᠢᠯᠠ ᠶ᠋ᠢ ᠲᠦᠷᠦᠭᠦᠴᠢ ᠶ᠋ᠢᠨ ᠠᠳᠠᠯᠢ ᠰᠤᠭᠤᠯᠤᠨ ᠠᠪᠴᠤ ᠡᠪᠦᠷᠯᠡᠨ ᠨᠣᠶᠠᠨ ᠤ᠋ ᠬᠠᠮᠲᠤ ᠪᠤᠴᠠᠪᠠ᠃
ᠳᠣᠷᠵᠢ᠂ ᠳ᠋ᠠᠨᠽᠡᠨ ᠬᠣᠶᠠᠷ ᠠᠴᠢᠶᠠᠯᠠᠨ ᠳᠠᠭᠤᠰᠴᠤ ᠲᠡᠮᠡᠭᠡ ᠨᠦ᠍ᠭᠦᠳ ᠢ᠋ ᠥᠪᠡᠷᠰᠡᠳ ᠦ᠋ᠨ ᠵᠠᠩᠰᠢᠯ ᠢ᠋ᠶ᠋ᠠᠷ ᠴᠤᠪᠤᠷᠠᠭᠤᠯᠤᠨ ᠪᠤᠷᠠᠨᠲᠠᠭ ᠬᠠᠪᠴᠢᠭᠤᠯᠤᠨ ᠬᠥᠳᠡᠯᠭᠡᠵᠦ ᠪᠠᠢᠯ᠎ᠠ᠃ ᠥᠪᠡᠷᠰᠡᠳ ᠢ᠋ᠶ᠋ᠡᠨ ᠤᠨᠤᠬᠤ ᠲᠡᠮᠡᠭᠡ ᠭᠠᠷᠭᠠᠨ ᠠᠪᠤᠭᠰᠠᠨ ᠠᠵᠢ᠃ ᠠᠷᠤ ᠳ᠋ᠤᠨᠢ ᠬᠡᠳᠦᠨ ᠭᠠᠮᠢᠩ᠂ ᠨᠣᠶᠠᠨ ᠤ᠋ ᠰᠠᠭᠠᠷᠠᠯ ᠡᠯᠵᠢᠭᠡ ᠶ᠋ᠢ ᠬᠦᠷᠡᠯ ᠦ᠋ᠨ ᠤᠨᠤᠬᠤ ᠲᠡᠮᠡᠭᠡ ᠲᠡᠢ ᠪᠠᠷᠢᠨ ᠦᠯᠡᠳᠡᠵᠡᠢ᠃ ᠬᠦᠷᠡᠯ ᠢᠷᠡᠩᠭᠦᠲᠡ ᠪᠡᠨ ᠲᠡᠮᠡᠭᠡ ᠪᠡᠨ ᠬᠦᠯᠢᠶᠡᠨ ᠠᠪᠴᠤ ᠬᠡᠪᠲᠡᠭᠦᠯᠦᠨ ᠮᠣᠷᠳᠠᠬᠤ ᠭᠡᠲᠡᠯ᠎ᠡ᠂ ᠨᠣᠶᠠᠨ ᠡᠯᠵᠢᠭᠡ ᠶ᠋ᠢᠨ ᠢ᠋ᠶ᠋ᠡᠨ ᠨᠢᠷᠤᠭᠤᠨ ᠳ᠋ᠠᠬᠢ ᠪᠢᠴᠢᠬᠠᠨ ᠪᠣᠭᠴᠣ ᠪᠠᠨ ᠠᠭᠤᠳᠠᠯᠤᠨ ᠬᠣᠶᠠᠷ ᠰᠢᠷᠬᠡᠭ ᠮᠠᠨᠲᠠᠤ᠂ ᠨᠢᠭᠡ ᠬᠠᠢᠷᠴᠠᠭ ᠶᠠᠩᠵᠤᠤᠷ ᠭᠠᠷᠭᠠᠨ ᠬᠦᠷᠡᠯ ᠳ᠋ᠦ᠍ ᠥᠭᠪᠡ᠃ ᠬᠦᠷᠡᠯ ᠳ᠋ᠦ᠍ ᠲᠡᠷᠡ ᠵᠦᠢᠯ ᠢ᠋ ᠠᠪᠬᠤ ᠶ᠋ᠢᠨ ᠣᠷᠣᠨ ᠳ᠋ᠤ᠌ ᠬᠥᠯ ᠦ᠋ᠨ ᠤᠯᠠ ᠳ᠋ᠤ᠌ ᠨᠠᠭᠠᠯᠳᠤᠨ ᠰᠢᠭᠢᠳᠴᠦ ᠪᠠᠢᠭ᠎ᠠ ᠰᠢᠪᠠᠷ ᠠ᠋ᠴᠠ ᠠᠪᠤᠨ ᠨᠢᠭᠤᠷ ᠤᠷᠤᠭᠤ ᠨᠢ ᠰᠢᠳᠡᠭᠦᠰᠢᠲᠡᠢ ᠪᠠᠢᠯ᠎ᠠ᠃ ᠭᠡᠪᠡᠴᠦ ᠲᠡᠭᠡᠬᠦ ᠪᠠᠢᠲᠤᠭᠠᠢ ᠥᠭᠴᠦ ᠪᠠᠢᠭ᠎ᠠ ᠵᠦᠢᠯ ᠢ᠋ ᠠᠪᠬᠤ ᠦᠭᠡᠢ ᠪᠣᠯ ᠡᠨᠡ ᠴᠢᠳᠬᠥᠷ ᠠᠭᠤᠷᠯᠠᠵᠤ ᠮᠠᠭᠠᠳ ᠦᠭᠡᠢ ᠭᠡᠵᠦ ᠪᠣᠳᠣᠨ ᠠᠪᠴᠤ《ᠰᠠᠢᠨ ᠰᠠᠢᠨ》 ᠭᠡᠮᠡᠨ ᠥᠪᠡᠷᠰᠡᠳ ᠦ᠋ᠨ ᠬᠢᠨᠢ ᠵᠠᠩᠰᠢᠯ ᠢ᠋ ᠳᠠᠭᠤᠷᠢᠶᠠᠨ ᠡᠷᠡᠬᠡᠢ ᠬᠤᠷᠤᠭᠤ ᠪᠠᠨ ᠭᠣᠵᠣᠢᠯᠭᠠᠪᠠ᠃ ᠨᠣᠶᠠᠨ ᠬᠠᠷᠢᠭᠤ ᠲᠠᠯᠠᠷᠬᠠᠨ ᠢᠨᠢᠶᠡᠨ ᠮᠥᠷᠦᠨ ᠳᠡᠭᠡᠷ᠎ᠡ ᠨᠢ ᠴᠣᠬᠢᠨ ᠨᠠᠢᠵᠠᠷᠬᠠᠬᠤ ᠳ᠋ᠠᠭᠠᠨ᠂ ᠡᠯᠵᠢᠭᠡᠨ ᠳᠡᠭᠡᠷ᠎ᠡ ᠪᠡᠨ ᠦᠰᠦᠷᠦᠨ ᠭᠠᠷᠴᠤ ᠰᠠᠢᠪᠤᠷᠯᠠᠭᠤᠯᠤᠨ ᠣᠳᠤᠯ᠎ᠠ᠃ ᠬᠦᠷᠡᠯ ᠲᠡᠮᠡᠭᠡ ᠪᠡᠨ ᠤᠨᠤᠨ ᠬᠣᠢᠨ᠎ᠠ ᠠ᠋ᠴᠠ ᠨᠢ ᠰᠠᠵᠢᠯᠠᠭᠤᠯᠪᠠ᠃ ᠬᠠᠵᠠᠭᠤ ᠳ᠋ᠤᠨᠢ ᠭᠠᠮᠢᠩ ᠤ᠋ᠳ ᠫᠤᠤ ᠮᠥᠷᠥᠪᠴᠢᠯᠡᠨ ᠶᠠᠩᠵᠤᠤᠷ ᠭᠠᠷᠭᠠᠨ ᠪᠠᠭᠠᠭᠢᠭᠤᠯᠵᠤ ᠶᠠᠪᠤᠨ᠎ᠠ᠃ ᠬᠦᠷᠡᠯ ᠮᠥᠨ ᠬᠠᠢᠷᠴᠠᠭ ᠲᠠᠢ ᠠ᠋ᠴᠠ ᠪᠠᠨ ᠨᠢᠭᠡ ᠶ᠋ᠢ ᠰᠤᠭᠤᠯᠤᠨ ᠠᠪᠴᠤ ᠳᠣᠷᠣᠭᠰᠢ ᠪᠥᠬᠥᠢᠨ ᠨᠢᠭᠡᠨ ᠦ᠌ ᠬᠢᠨᠢ ᠶᠠᠩᠵᠤᠤᠷ ᠤ᠋ᠨ ᠭᠠᠯ ᠠ᠋ᠴᠠ ᠠᠰᠠᠭᠠᠨ ᠲᠠᠲᠠᠪᠠ᠃ ᠨᠢᠯᠤᠭᠤᠨ ᠤᠲᠤᠭ᠎ᠠ ᠨᠢ ᠵᠢᠷᠦᠬᠡᠨ ᠳ᠋ᠦ᠍ ᠭᠦᠷᠦᠨ ᠨᠢᠳᠦ ᠡᠷᠢᠶᠡᠯᠵᠡᠭᠦᠯᠦᠨᠡ᠃ ᠭᠡᠯᠡ ᠴᠦ᠍ ᠬᠦᠷᠡᠯ ᠠᠮᠠᠨ ᠳ᠋ᠠᠬᠢ ᠶᠠᠩᠵᠤᠤᠷ ᠢ᠋ᠶ᠋ᠠᠨ ᠤᠬᠠᠭᠠᠨ ᠵᠢᠯᠣᠭᠣ ᠦᠭᠡᠢ ᠤᠭᠵᠠᠷᠠᠨ ᠰᠤᠷᠤᠨ᠎ᠠ᠃ ᠡᠨᠡ ᠨᠢ ᠥᠪᠡᠷ ᠦ᠋ᠨ ᠡᠷᠬᠡ ᠦᠭᠡᠢ ᠲᠣᠯᠣᠭᠠᠢ ᠳ᠋ᠤ᠌ ᠪᠠᠭᠤᠭᠰᠠᠨ ᠶᠡᠬᠡ ᠭᠠᠢ ᠭᠠᠮᠰᠢᠭ ᠢ᠋ ᠠᠭᠱᠠᠨ ᠵᠠᠭᠤᠷ᠎ᠠ ᠪᠣᠯᠪᠠᠴᠤ ᠮᠠᠷᠲᠠᠬᠤ ᠶ᠋ᠢ ᠬᠦᠰᠡᠭᠰᠡᠨ ᠲᠡᠮᠡᠴᠡᠯ ᠪᠠᠢᠯ᠎ᠠ᠃
