ᠰᠠᠨᠠᠨ ᠰᠠᠨᠠᠬᠤ ᠠᠯᠤᠰ -ᠪᠠᠶᠠᠷᠴᠡᠩᠭᠡᠯ Санан санах алс-Баярцэнгэл- Sanan Sanah Als-Bayartsengel
ᠰᠠᠨᠠᠨ ᠰᠠᠨᠠᠬᠤ ᠠᠯᠤᠰ
ᠪᠠᠶᠠᠷᠴᠡᠩᠭᠡᠯ ᠳᠠᠭᠤᠯᠠᠨ᠎ᠠ
ᠰᠠᠨᠠᠨ ᠰᠠᠨᠠᠬᠤ ᠠᠯᠤᠰ ᠭᠡᠵᠦ ᠪᠢᠳᠡᠨ ᠳᠤᠮᠳᠠ ᠪᠣᠢ ᠲᠤᠯᠠ
ᠰᠡᠷᠢᠭ ᠠᠭᠤᠯᠠᠰ ᠪᠢᠳᠡᠨ ᠬᠣᠶᠠᠷ ᠬᠦᠯᠢᠶᠡᠨ ᠲᠦᠩᠬᠦᠢᠳᠡᠭ
ᠰᠡᠷᠢᠭᠦᠨ ᠦᠳᠡᠰᠢ ᠶ᠋ᠢᠨ ᠬᠠᠯᠠᠭᠤᠬᠠᠨ ᠬᠦᠰᠡᠯ ᠦ᠋ᠳ ᠮᠢᠨᠢ
ᠰᠡᠳᠬᠢᠯ ᠡᠴᠡ ᠡᠭᠡᠭᠡᠵᠦ ᠢᠲᠡᠭᠡᠯ ᠢ᠋ᠶ᠋ᠡᠨ ᠲᠡᠭᠡᠭᠡᠨ᠎ᠡ
ᠪᠣᠳᠣᠨ ᠰᠠᠬᠢᠨ ᠰᠠᠬᠢᠬᠤ ᠡᠬᠡ ᠣᠷᠣᠨ ᠮᠢᠨᠢ ᠪᠣᠢ ᠲᠤᠯᠠ
ᠪᠤᠳᠠᠩ ᠮᠠᠨᠠᠨ ᠢ᠋ ᠰᠦᠷᠦᠵᠦ ᠴᠢᠩ ᠦᠨᠡᠨ ᠢ᠋ᠶ᠋ᠡᠷ ᠬᠠᠮᠠᠭᠠᠯᠠᠨ᠎ᠠ
ᠪᠤᠴᠠᠭᠠᠳ ᠲᠤᠰᠬᠤ ᠶ᠋ᠢ ᠮᠢᠨᠢ ᠰᠠᠨᠠᠨ ᠰᠠᠭᠤᠬᠤ ᠪᠣᠢ ᠲᠤᠯᠠ
ᠪᠦᠳᠦᠩ ᠵᠢᠷᠦᠬᠡ ᠪᠡᠨ ᠳᠠᠷᠤᠵᠤ ᠪᠢ ᠬᠦᠯᠢᠶᠡᠨ᠎ᠡ
ᠰᠠᠢᠬᠠᠨ ᠴᠢ ᠮᠢᠨᠢ ᠭᠡᠭᠰᠡᠭᠡᠷ ᠶᠠᠪᠤᠭᠠᠳ ᠣᠴᠢᠨ᠎ᠠ ᠪᠢ
ᠪᠠᠷᠳᠠᠮ ᠪᠠᠬᠠᠳᠤᠮ᠎ᠠ ᠶᠠᠷᠢᠬᠤ ᠡᠬᠡ ᠣᠷᠣᠨ ᠮᠢᠨᠢ ᠲᠡᠦᠬᠡ ᠲᠡᠢ
ᠪᠠᠲᠤᠯᠠᠨ ᠬᠠᠮᠠᠭᠠᠯᠠᠵᠤ ᠵᠣᠭᠰᠣᠬᠤ ᠡᠷ᠎ᠡ ᠵᠣᠷᠢᠭᠲᠤ ᠬᠥᠪᠡᠭᠦᠳ ᠲᠡᠢ
ᠠᠯᠪᠠᠨ ᠳ᠋ᠤ᠌ ᠮᠣᠷᠳᠠᠭᠰᠠᠨ ᠬᠦᠦ ᠤᠷᠠᠨ ᠳᠠᠭᠤᠯᠠᠵᠤ ᠶᠠᠪᠤᠬᠤ ᠵᠢᠪᠬᠤᠭ᠎ᠠ ᠲᠠᠢ
ᠠᠷᠢᠭᠤᠨ ᠬᠠᠢᠷ᠎ᠠ ᠶ᠋ᠢᠨ ᠳᠠᠭᠤᠤ ᠠᠶᠠᠯᠤᠨ᠎ᠠ ᠪᠦᠰᠡᠭᠦᠢ ᠳ᠋ᠡᠭᠡᠨ
ᠰᠠᠢᠬᠠᠨ ᠴᠢ ᠮᠢᠨᠢ ᠭᠡᠭᠰᠡᠭᠡᠷ ᠶᠠᠪᠤᠭᠠᠳ ᠣᠴᠢᠨ᠎ᠠ ᠪᠢ
ᠰᠠᠢᠬᠠᠨ ᠴᠢ ᠮᠢᠨᠢ ᠭᠡᠭᠰᠡᠭᠡᠷ ᠶᠠᠪᠤᠭᠠᠳ ᠣᠴᠢᠨ᠎ᠠ ᠪᠢ
ᠦᠰᠦᠭ ᠠᠮᠢᠯᠠᠭᠤᠯᠤᠭᠴᠢ᠄ ᠠᠯᠲᠠᠨᠴᠢᠮᠡᠭ
ᠦᠰᠦᠭ ᠬᠠᠲᠠᠭᠴᠢ᠄ ᠠᠯᠲᠠᠨᠴᠢᠮᠡᠭ
