ᠰᠠ ᠮᠥᠩᠭᠥᠨ ᠬᠡᠷᠦᠯᠦᠨ -ᠣ᠊ ∙ ᠣᠶᠤᠨᠴᠡᠴᠡᠭ Саа мөнгөн Хэрлэн-О.ОюунцэцэгO.Oyuntsetseg - Saa mungun Kherlen
ᠰᠠ ᠮᠥᠩᠭᠥᠨ ᠬᠡᠷᠦᠯᠦᠨ
ᠦᠭᠡ᠄ ᠳ· ᠠᠮᠤᠭᠤᠯᠠᠩ
ᠠᠶ᠎ᠠ᠄ ᠪ· ᠰᠦᠬᠡᠪᠠᠭᠠᠲᠤᠷ
ᠳᠠᠭᠤᠴᠢᠨ᠄ ᠣ· ᠤᠶᠤᠨᠴᠡᠴᠡᠭ
ᠪᠤᠭᠤᠷᠤᠯ ᠤ᠋ᠨ ᠪᠤᠮᠠᠨ ᠦᠶ᠎ᠡ ᠡᠴᠡ
ᠪᠤᠶᠠᠨ ᠬᠡᠰᠢᠭ ᠢ᠋ᠶ᠋ᠡᠨ ᠲᠠᠲᠠᠭ᠎ᠠ ᠦᠭᠡᠢ
ᠤᠬᠠᠭᠠᠨᠲᠤ ᠭᠦᠩᠵᠦ ᠶ᠋ᠢᠨ ᠳᠣᠮᠣᠭ ᠢ᠋ᠶ᠋ᠠᠷ ᠢ᠋ᠶ᠋ᠠᠨ
ᠤᠳᠤᠮ ᠳᠠᠮᠵᠢᠨ ᠮᠠᠭᠲᠠᠭᠳᠠᠭᠰᠠᠨ
ᠰᠠᠨᠠᠭᠠᠨ ᠳ᠋ᠤ᠌ ᠨᠢᠭᠡᠯᠡ ᠤᠶᠠᠩᠭ᠎ᠠ ᠲᠠᠢ
ᠰᠠ ᠮᠥᠩᠭᠥᠨ ᠬᠡᠷᠦᠯᠦᠨ ᠮᠢᠨᠢ
ᠰᠠᠷᠠᠭᠤᠯ ᠠᠭᠤᠳᠠᠮ ᠲᠠᠯ᠎ᠠ ᠠ᠋ᠴᠠ ᠪᠠᠨ
ᠰᠠᠯᠵᠤ ᠶᠠᠳᠠᠨ ᠮᠢᠷᠠᠯᠵᠠᠨ᠎ᠠ
ᠬᠡᠨᠲᠡᠢ ᠳᠣᠷᠣᠨ᠎ᠠ ᠶ᠋ᠢᠨ ᠠᠭᠤᠳᠠᠮ ᠢ᠋
ᠬᠡᠭᠡᠯᠡᠨ ᠭᠣᠶᠣᠯᠠᠵᠤ ᠥᠩᠭᠡᠷᠡᠭᠡᠬᠦ ᠳ᠋ᠦ᠍ ᠪᠡᠨ
ᠪᠦᠰᠡᠭᠦᠢ ᠶ᠋ᠢᠨ ᠢᠯᠳᠠᠮ ᠵᠠᠩ ᠢ᠋ᠶ᠋ᠠᠷ ᠢ᠋ᠶ᠋ᠠᠨ
ᠪᠦᠬᠦᠨ ᠢ᠋ ᠤᠮᠳᠠᠭᠠᠯᠠᠵᠤ ᠮᠢᠰᠢᠶᠡᠭᠰᠡᠨ
ᠰᠠᠨᠠᠭᠠᠨ ᠳ᠋ᠤ᠌ ᠨᠢᠭᠡᠯᠡ ᠤᠶᠠᠩᠭ᠎ᠠ ᠲᠠᠢ
ᠰᠠ ᠮᠥᠩᠭᠥᠨ ᠬᠡᠷᠦᠯᠦᠨ ᠮᠢᠨᠢ
ᠰᠠᠷᠠᠭᠤᠯ ᠠᠭᠤᠳᠠᠮ ᠲᠠᠯ᠎ᠠ ᠠ᠋ᠴᠠ ᠪᠠᠨ
ᠰᠠᠯᠵᠤ ᠶᠠᠳᠠᠨ ᠮᠢᠷᠠᠯᠵᠠᠨ᠎ᠠ
ᠠ ᠠ ᠠ᠁ ᠠ ᠠ ᠠ
ᠰᠠᠢᠬᠠᠨ ᠮᠣᠩᠭᠣᠯ ᠣᠷᠣᠨ ᠳ᠋ᠠᠭᠠᠨ
ᠰᠠᠭᠠᠲᠠᠨ ᠲᠣᠭᠲᠠᠬᠤ ᠠ᠋ᠴᠠ ᠤᠢᠳᠤᠭ᠎ᠠ ᠦᠭᠡᠢ
ᠬᠡᠭᠡᠷ᠎ᠡ ᠶ᠋ᠢᠨ ᠰᠠᠯᠬᠢᠨ ᠤ᠋ ᠠᠶᠠᠰ ᠢ᠋ᠶ᠋ᠠᠷ ᠢ᠋ᠶ᠋ᠠᠨ
ᠵᠡᠭᠡᠷ᠎ᠡ ᠶ᠋ᠢᠨ ᠰᠦᠷᠦᠭ ᠰᠢᠭ ᠬᠤᠢᠯᠠᠷᠠᠭᠰᠠᠨ
ᠰᠠᠨᠠᠭᠠᠨ ᠳ᠋ᠤ᠌ ᠨᠢᠭᠡᠯᠡ ᠤᠶᠠᠩᠭ᠎ᠠ ᠲᠠᠢ
ᠰᠠ ᠮᠥᠩᠭᠥᠨ ᠬᠡᠷᠦᠯᠦᠨ ᠮᠢᠨᠢ
ᠰᠠᠷᠠᠭᠤᠯ ᠠᠭᠤᠳᠠᠮ ᠲᠠᠯ᠎ᠠ ᠠ᠋ᠴᠠ ᠪᠠᠨ
ᠰᠠᠯᠵᠤ ᠶᠠᠳᠠᠨ ᠮᠢᠷᠠᠯᠵᠠᠨ᠎ᠠ
ᠰᠠᠨᠠᠭᠠᠨ ᠳ᠋ᠤ᠌ ᠨᠢᠭᠡᠯᠡ ᠤᠶᠠᠩᠭ᠎ᠠ ᠲᠠᠢ
ᠰᠠ ᠮᠥᠩᠭᠥᠨ ᠬᠡᠷᠦᠯᠦᠨ ᠮᠢᠨᠢ
ᠰᠠᠷᠠᠭᠤᠯ ᠠᠭᠤᠳᠠᠮ ᠲᠠᠯ᠎ᠠ ᠠ᠋ᠴᠠ ᠪᠠᠨ
ᠰᠠᠯᠵᠤ ᠶᠠᠳᠠᠨ ᠮᠢᠷᠠᠯᠵᠠᠨ᠎ᠠ
ᠦᠰᠦᠭ ᠠᠮᠢᠯᠠᠭᠤᠯᠤᠭᠴᠢ ᠦᠰᠦᠭ ᠬᠠᠳᠠᠭᠴᠢ᠄ ᠪᠠᠢ ᠰᠠᠷᠠᠨ᠎ᠠ
ᠬᠢᠨᠠᠭᠴᠢ᠄ ᠰᠤᠨᠢᠨᠪᠠᠶᠠᠷ
