ᠬᠠᠢᠷ᠎ᠠ ᠶ᠋ᠢᠨ ᠰᠢᠲᠦᠭᠡᠨ ᠲᠡᠭᠷᠢ -ᠰᠡᠴᠡᠨᠬᠤᠶᠠᠭХайрын шүтээн тэгр -Сэцнхуяг ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠢᠷ᠎ᠠ ᠶ᠋ᠢᠨ ᠰᠢᠲᠦᠭᠡᠨ ᠲᠡᠭᠷᠢ -ᠰᠡᠴᠡᠨᠬᠤᠶᠠᠭХайрын шүтээн тэгр -Сэцнхуяг

ᠬᠠᠢᠷ᠎ᠠ ᠶ᠋ᠢᠨ ᠰᠢᠲᠦᠭᠡᠨ ᠲᠡᠭᠷᠢ -ᠰᠡᠴᠡᠨᠬᠤᠶᠠᠭХайрын шүтээн тэгр -Сэцнхуяг

ᠠᠩᠭᠢᠯᠠᠯ:ᠳᠠᠭᠤᠤ ᠬᠥᠭᠵᠢᠮ
2025-08-12

17353

ᠬᠠᠢᠷ᠎ᠠ ᠶ᠋ᠢᠨ ᠰᠢᠲᠦᠭᠡᠨ ᠲᠡᠭᠷᠢ

       ᠦᠭᠡ᠄ ᠲᠤᠭᠴᠢ ᠯᠤᠪᠰᠠᠩ 
       ᠠᠶ᠎ᠠ᠄ ᠲᠠᠢᠵᠢ ᠷᠢᠨᠴᠢᠨ 
       ᠳᠠᠭᠤᠴᠢᠨ᠄ ᠰᠡᠴᠡᠨᠬᠤᠶᠠᠭ 

ᠠᠯᠲᠠᠨ ᠨᠠᠷᠠᠨ ᠲᠤᠨᠤᠷᠠᠭᠠᠳ 
ᠠᠭᠠᠷ ᠤ᠋ᠨ ᠴᠡᠭᠡᠯ ᠳ᠋ᠡᠭᠡᠨ ᠲᠤᠶᠠᠭᠠᠷᠠᠨ᠎ᠠ 
ᠠᠵᠠ ᠵᠢᠷᠭᠠᠯ ᠢ᠋ᠶ᠋ᠠᠨ ᠳᠠᠭᠤᠯᠠᠨ ᠳᠠᠭᠤᠯᠠᠭᠠᠳ 
ᠠᠰᠢᠳᠠ ᠶ᠋ᠢᠨ ᠠᠮᠤᠭᠤᠯᠠᠩ ᠢ᠋ ᠵᠥᠩᠨᠡᠨ᠎ᠡ 
ᠬᠠᠨᠠᠭᠠᠷ ᠳᠡᠯᠡᠬᠡᠢ ᠶ᠋ᠢᠨ ᠥᠷᠥᠴᠡᠨ ᠳ᠋ᠦ᠍ 
ᠬᠠᠨ ᠵᠠᠶᠠᠭᠠᠨ ᠤ᠋ ᠢᠷᠦᠭᠡᠯ ᠲᠡᠢ 
ᠬᠠᠢᠷ᠎ᠠ ᠶ᠋ᠢᠨ ᠰᠢᠲᠦᠭᠡᠨ ᠲᠡᠭᠷᠢ ᠳ᠋ᠡᠭᠡᠨ
ᠬᠠᠮᠤᠭ ᠪᠦᠬᠦᠨ ᠢ᠋ᠶ᠋ᠡᠨ ᠰᠢᠪᠰᠢᠨ᠎ᠡ ᠳᠧ

ᠮᠥᠩᠭᠥᠨ ᠰᠠᠷᠠᠨ ᠳᠣᠨᠣᠯᠵᠠᠭᠠᠳ
ᠮᠥᠩᠬᠡ ᠲᠡᠭᠷᠢ ᠳ᠋ᠡᠭᠡᠨ ᠮᠡᠯᠲᠡᠢᠨ᠎ᠡ
ᠮᠥᠷᠥᠭᠡᠳᠦᠯ ᠬᠠᠢᠷ᠎ᠠ ᠪᠠᠨ ᠬᠣᠯᠪᠣᠨ ᠬᠣᠯᠪᠣᠭᠠᠳ
ᠮᠦᠰᠢᠶᠡᠯ ᠦ᠋ᠨ ᠰᠠᠢᠬᠠᠨ ᠢ᠋ ᠮᠢᠯᠢᠶᠠᠨ᠎ᠠ
(ᠳᠠᠬᠢᠯᠲᠠ)

ᠣᠳᠣᠨ ᠮᠡᠴᠢᠳ ᠲᠣᠷᠮᠣᠯᠵᠠᠭᠠᠳ
ᠣᠷᠴᠢᠬᠤ ᠬᠣᠷᠸ᠎ᠠ ᠳ᠋ᠠᠭᠠᠨ ᠭᠢᠯᠪᠠᠯᠵᠠᠨ᠎ᠠ
ᠢᠷᠦᠭᠡᠯ ᠬᠦᠰᠡᠯ ᠢ᠋ᠶ᠋ᠡᠨ ᠳᠡᠭᠡᠳᠦᠯᠡᠨ ᠳᠡᠭᠡᠳᠦᠯᠡᠭᠡᠳ
ᠢᠷᠡᠭᠡᠳᠦᠢ ᠶ᠋ᠢᠨ ᠵᠣᠯᠪᠣᠭ᠎ᠠ ᠶ᠋ᠢ ᠬᠤᠷᠤᠢᠯᠠᠨ᠎ᠠ
(ᠳᠠᠬᠢᠯᠲᠠ)


         ᠦᠰᠦᠭ ᠠᠮᠢᠯᠠᠭᠤᠯᠤᠭᠴᠢ᠄ ᠲᠤᠭᠴᠢ ᠯᠤᠪᠰᠠᠩ
         ᠦᠰᠦᠭ ᠬᠠᠳᠠᠭᠴᠢ᠄ ᠪᠠᠢ ᠰᠠᠷᠠᠨ᠎ᠠ
         ᠬᠢᠨᠠᠭᠴᠢ ᠪᠠᠭᠰᠢ᠄ ᠲᠤᠭᠴᠢ ᠯᠤᠪᠰᠠᠩ