ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠶᠢᠰᠦ᠂ ᠴᠡᠩᠬᠡᠷ ᠤᠲᠤᠭᠠᠨ ᠤ ᠠᠲᠠ Эр эмийн ёсон – Д᠂ Болдцэрэн <Нэгдүгээр бүлэг>– Ес ᠂ Цэнхэр утааны ад ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠶᠢᠰᠦ᠂ ᠴᠡᠩᠬᠡᠷ ᠤᠲᠤᠭᠠᠨ ᠤ ᠠᠲᠠ Эр эмийн ёсон – Д᠂ Болдцэрэн <Нэгдүгээр бүлэг>– Ес ᠂ Цэнхэр утааны ад

ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠶᠢᠰᠦ᠂ ᠴᠡᠩᠬᠡᠷ ᠤᠲᠤᠭᠠᠨ ᠤ ᠠᠲᠠ Эр эмийн ёсон – Д᠂ Болдцэрэн <Нэгдүгээр бүлэг>– Ес ᠂ Цэнхэр утааны ад

ᠠᠩᠭᠢᠯᠠᠯ:ᠡᠷᠡᠭᠦᠯ ᠡᠩᠬᠡ
2025-08-09

194

ᠶᠢᠰᠦ᠂ ᠴᠡᠩᠬᠡᠷ ᠤᠲᠤᠭᠠᠨ ᠤ᠋ ᠠᠳᠠ


       ᠲᠠᠮᠠᠬᠢ ᠪᠠᠭᠠᠭᠢᠭᠤᠯᠵᠤ ᠰᠠᠭᠤᠭ᠎ᠠ ᠬᠥᠮᠦᠰ ᠢ᠋ ᠬᠠᠷᠠᠬᠤ ᠳ᠋ᠤ᠌ ᠠᠮᠠ ᠬᠠᠮᠠᠷ ᠢ᠋ᠶ᠋ᠠᠷ ᠢ᠋ᠶ᠋ᠠᠨ ᠨᠢᠭᠡᠨ ᠵᠡᠷᠭᠡ ᠭᠠᠷᠭᠠᠵᠤ ᠪᠣᠢ ᠲᠡᠷᠡᠬᠦ ᠤᠲᠤᠭ᠎ᠠ ᠨᠢ ᠲᠡᠭᠦᠨ ᠦ᠌ ᠪᠡᠶ᠎ᠡ ᠮᠠᠬᠠᠪᠣᠳ ᠲᠤ᠌ ᠶᠠᠮᠠᠷ ᠶᠡᠬᠡ ᠬᠣᠣᠷ ᠤᠴᠠᠷᠠᠭᠤᠯᠵᠤ ᠪᠠᠢᠭ᠎ᠠ ᠶ᠋ᠢ ᠶᠡᠷᠦ ᠲᠣᠭᠣᠭᠰᠠᠨ ᠰᠢᠨᠵᠢ ᠦᠭᠡᠢ ᠪᠠᠢᠬᠤ ᠶᠤᠮ᠃ ᠲᠠᠮᠠᠬᠢᠨ ᠤ᠋ ᠤᠲᠤᠭ᠎ᠠ ᠨᠢ ᠵᠠᠷᠢᠮ ᠬᠥᠮᠦᠨ ᠦ᠌ ᠪᠣᠳᠣᠳᠠᠭ ᠢ᠋ᠶ᠋ᠠᠷ ᠬᠥᠮᠦᠨ ᠦ᠌ ᠪᠡᠶ᠎ᠡ ᠮᠠᠬᠠᠪᠣᠳ ᠲᠤ᠌ ᠵᠥᠪᠬᠡᠨ ᠠᠮᠢᠰᠬᠤᠯ ᠤ᠋ᠨ ᠡᠷᠬᠡᠲᠡᠨ ᠢ᠋ ᠭᠡᠮᠲᠦᠭᠡᠳᠡᠭ ᠪᠤᠰᠤ ᠠ᠋᠃ ᠲᠡᠷᠡ ᠪᠡᠷ ᠡᠷᠡᠭᠲᠡᠢ ᠬᠥᠮᠦᠨ ᠦ᠌ ᠪᠡᠯᠭᠡ ᠶ᠋ᠢᠨ ᠦᠢᠯᠡ ᠠᠵᠢᠯᠯᠠᠭ᠎ᠠ ᠳ᠋ᠤ᠌ ᠶᠠᠮᠠᠷ ᠬᠣᠣᠷ ᠨᠥᠯᠥᠭᠡ ᠦᠵᠡᠭᠦᠯᠳᠡᠭ ᠭᠡᠵᠦ ᠰᠠᠨᠠᠨ᠎ᠠ᠃ ᠲᠠᠮᠠᠬᠢᠨ ᠤ᠋ ᠬᠣᠣᠷ ᠨᠢ ᠡᠷᠡᠭᠲᠡᠢ᠂ ᠡᠮᠡᠭᠲᠡᠢ ᠬᠥᠮᠦᠰ ᠦ᠋ᠨ ᠪᠡᠯᠭᠡ ᠶ᠋ᠢᠨ ᠪᠤᠯᠴᠢᠷᠬᠠᠢ ᠳ᠋ᠤ᠌ ᠶᠡᠬᠡ ᠬᠡᠮᠵᠢᠶ᠎ᠡ ᠪᠡᠷ ᠬᠤᠷᠠᠮᠳᠤᠭᠤᠯᠤᠭᠠᠳ᠂ ᠪᠡᠯᠭᠡ ᠶ᠋ᠢᠨ ᠡᠰ ᠢ᠋ ᠠᠷᠢᠬᠢᠨ ᠤ᠋ ᠬᠣᠣᠷ ᠤ᠋ᠨ ᠠᠳᠠᠯᠢ ᠪᠠᠰᠠ ᠭᠡᠮᠲᠦᠭᠡᠨ᠎ᠡ᠃ ᠭᠡᠬᠦ ᠳ᠋ᠡᠭᠡᠨ ᠡᠨᠡ ᠨᠢ ᠨᠢᠭᠡ ᠰᠠᠷ᠎ᠠ ᠶ᠋ᠢᠨ ᠴᠦ᠍ ᠶᠤᠮ ᠤᠤ ᠡᠰᠡᠪᠡᠯ ᠨᠢᠭᠡᠬᠡᠨ ᠵᠢᠯ ᠦ᠋ᠨ ᠳᠣᠲᠣᠷ᠎ᠠ ᠪᠣᠯᠬᠤ ᠬᠡᠷᠡᠭ ᠪᠢᠰᠢ ᠠ᠋᠃ ᠲᠠᠮᠠᠬᠢᠴᠢᠳ ᠤ᠋ᠨ ᠦᠷ᠎ᠡ ᠶ᠋ᠢᠨ ᠰᠢᠩᠭᠡᠨ ᠢ᠋ ᠰᠢᠨᠵᠢᠯᠡᠨ ᠦᠵᠡᠬᠦ ᠳ᠋ᠦ᠍ ᠡᠷ᠎ᠡ ᠪᠡᠯᠭᠡ ᠶ᠋ᠢᠨ ᠡᠰ ᠲᠡᠢ ᠲᠠᠮᠠᠬᠢᠨ ᠤᠲᠤᠭᠠᠨ ᠳ᠋ᠤ᠌ ᠬᠣᠣᠷᠳᠠᠵᠤ᠂ ᠨᠢᠭᠡ ᠬᠡᠰᠡᠭ ᠨᠢ ᠦᠬᠦᠵᠦ ᠲᠣᠭ᠎ᠠ ᠨᠢ ᠴᠥᠭᠡᠷᠡᠭᠰᠡᠨ᠂ ᠠᠮᠢᠳᠤ ᠪᠠᠢᠭ᠎ᠠ ᠨᠥᠭᠦᠭᠡ ᠬᠡᠰᠡᠭ ᠨᠢ ᠬᠥᠳᠡᠯᠭᠡᠨ ᠮᠠᠭᠤᠲᠠᠢ ᠪᠣᠯᠤᠭᠰᠠᠨ ᠪᠠᠢᠳᠠᠭ᠃ ᠡᠭᠦᠨ ᠦ᠌ ᠤᠯᠠᠮ ᠠ᠋ᠴᠠ ᠦᠷ᠎ᠡ ᠦᠭᠡᠢ ᠪᠣᠯᠬᠤ ᠨᠢ ᠪᠣᠢ᠃ ᠲᠠᠮᠠᠬᠢᠨ ᠤ᠋ ᠬᠣᠣᠷ ᠲᠤ᠌ ᠦᠷ᠎ᠡ ᠶ᠋ᠢᠨ ᠲᠠᠬᠢᠷ ᠰᠣᠪᠠᠭᠠᠨᠴᠢᠷ ᠤ᠋ᠳ ᠭᠡᠮᠲᠦᠵᠦ᠂ ᠰᠣᠷᠪᠢᠵᠢᠬᠤ ᠠ᠋ᠴᠠ ᠭᠠᠳᠠᠨ᠎ᠠ ᠲᠥᠮᠥᠰᠦᠭ ᠦ᠋ᠨ ᠡᠷ᠎ᠡ ᠪᠡᠯᠭᠡ ᠶ᠋ᠢᠨ ᠳᠠᠭᠠᠭᠠᠪᠤᠷᠢ ᠢᠯᠭᠠᠷᠠᠭᠤᠯᠬᠤ ᠦᠢᠯᠡ ᠠᠵᠢᠯᠯᠠᠭ᠎ᠠ ᠮᠠᠭᠤᠳᠠᠨ᠎ᠠ᠃ 25-30 ᠨᠠᠰᠤᠨ ᠤ᠋ ᠪᠡᠯᠭᠡ ᠶ᠋ᠢᠨ ᠳᠠᠭᠠᠭᠠᠪᠤᠷᠢ ᠬᠠᠮᠤᠭ ᠤ᠋ᠨ ᠶᠡᠬᠡ ᠬᠡᠮᠵᠢᠶ᠎ᠡ ᠪᠡᠷ ᠢᠯᠭᠠᠷᠠᠭᠠᠳ ᠲᠡᠭᠦᠨ ᠡᠴᠡ ᠴᠠᠰᠢ ᠬᠡᠮᠵᠢᠶ᠎ᠡ ᠨᠢ ᠠᠭᠠᠵᠢᠮ ᠢ᠋ᠶ᠋ᠠᠷ ᠪᠠᠭᠤᠷᠠᠳᠠᠭ᠃ ᠲᠡᠭᠡᠪᠡᠯ ᠠᠷᠬᠠᠭ ᠠᠷᠢᠬᠢᠴᠢᠨ ᠳ᠋ᠤ᠌ ᠡᠢᠮᠦ ᠥᠭᠡᠷᠡᠴᠢᠯᠡᠯᠲᠡ ᠨᠠᠰᠤᠨ ᠠ᠋ᠴᠠ ᠪᠠᠨ ᠡᠷᠲᠡ ᠭᠠᠷᠤᠨ᠎ᠠ᠃ ᠭᠣᠣᠯᠳᠠᠭᠤ ᠡᠴᠡᠩᠬᠡᠢ ᠲᠤᠷᠠᠩᠬᠠᠢ᠂ ᠬᠠᠷ᠎ᠠ ᠴᠢᠷᠠᠢ ᠲᠠᠢ᠂ ᠮᠢᠬ᠎ᠠ ᠮᠠᠷᠢᠶ᠎ᠠ ᠨᠢ ᠰᠢᠭᠤᠭᠳᠠᠭᠰᠠᠨ᠂ ᠨᠢᠭᠤᠷ ᠨᠢ ᠪᠠᠳᠬᠠᠨ ᠳ᠋ᠤ᠌ ᠪᠠᠷᠢᠭᠳᠠᠭᠰᠠᠨ᠂ ᠨᠢᠳᠦ ᠨᠢ ᠰᠢᠷᠠᠯᠠᠭᠰᠠᠨ᠂ ᠭᠠᠷ ᠬᠤᠷᠤᠭᠤ᠂ ᠦᠰᠦ᠂ ᠬᠤᠪᠴᠠᠰᠤ ᠬᠤᠨᠠᠷ ᠠ᠋ᠴᠠ ᠨᠢ ᠬᠦᠷᠲᠡᠯ᠎ᠡ ᠲᠠᠮᠠᠬᠢᠨ ᠤ᠋ ᠪᠣᠬᠢ᠂ ᠡᠪ ᠦᠭᠡᠢ ᠮᠠᠭᠤᠬᠠᠢ ᠦᠨᠦᠷ ᠬᠠᠩᠬᠤᠯᠵᠤ᠂ ᠬᠠᠪᠢ ᠣᠢᠷ᠎ᠠ ᠶ᠋ᠢᠨ ᠬᠥᠮᠦᠰ ᠦ᠋ᠨ ᠳᠤᠷ᠎ᠠ ᠦᠭᠡᠢ ᠭᠡᠵᠦ ᠬᠦᠷᠭᠡᠨ᠎ᠡ᠃ ᠠᠮᠠᠨ ᠠ᠋ᠴᠠ ᠲᠠᠮᠠᠬᠢᠨ ᠤ᠋ ᠡᠢᠮᠦ ᠮᠠᠭᠤᠬᠠᠢ ᠦᠨᠦᠷ ᠬᠠᠩᠬᠤᠯᠵᠤ ᠪᠠᠢᠬᠤ ᠳ᠋ᠤ᠌ ᠶᠠᠭᠠᠬᠢᠨ ᠡᠮᠡᠭᠲᠡᠢ ᠲᠡᠳᠦᠢ ᠦᠭᠡᠢ ᠡᠷᠡᠭᠲᠡᠢ ᠬᠥᠮᠦᠨ ᠦ᠌ ᠳᠤᠷ᠎ᠠ ᠭᠤᠲᠤᠬᠤ ᠦᠭᠡᠢ ᠪᠠᠢᠬᠤ ᠪᠢᠯᠡ ᠳᠠ᠃ ᠶᠠᠭᠠᠬᠢᠭᠠᠳ ᠭᠡᠪᠡᠯ ᠤᠷᠤᠭᠤᠯ᠂ ᠬᠡᠯᠡ᠂ ᠠᠮᠠᠨ ᠬᠥᠨᠳᠡᠢ ᠪᠣᠯ ᠡᠷᠡᠭᠲᠡᠢ ᠡᠮᠡᠭᠲᠡᠢ ᠬᠥᠮᠦᠨ ᠦ᠌ ᠰᠠᠷᠠᠯ ᠢ᠋ ᠬᠥᠳᠡᠯᠭᠡᠳᠡᠭ ᠪᠡᠶ᠎ᠡ ᠶ᠋ᠢᠨ ᠨᠢᠭᠡ ᠴᠢᠬᠤᠯᠠ ᠬᠡᠰᠡᠭ ᠤᠴᠢᠷ ᠠ᠋ᠴᠠ ᠲᠡᠳᠡᠭᠡᠷ ᠨᠢ ᠬᠡᠳᠦᠢ ᠴᠢᠨᠡᠭᠡᠨ ᠴᠡᠪᠡᠷᠬᠡᠨ ᠪᠠᠢᠨ᠎ᠠ ᠲᠡᠳᠦᠢ ᠴᠢᠨᠡᠭᠡᠨ ᠬᠥᠮᠦᠨ ᠳ᠋ᠦ᠍ ᠲᠠᠭᠠᠲᠠᠢ ᠪᠠᠢᠨ᠎ᠠ᠃ ᠠᠮᠠᠨ ᠠ᠋ᠴᠠ ᠡᠪ ᠦᠭᠡᠢ ᠦᠨᠦᠷ ᠦᠨᠦᠷᠲᠦᠪᠡᠯ ᠬᠥᠮᠦᠨ ᠦ᠌ ᠳᠤᠷ᠎ᠠ ᠭᠤᠲᠤᠬᠤ ᠠ᠋ᠴᠠ ᠯᠠ ᠪᠢᠰᠢ ᠬᠣᠷᠢᠭᠯᠠᠬᠤ ᠦᠭᠡᠢ ᠨᠢ ᠯᠠᠪᠲᠠᠢ᠃ ᠡᠢᠮᠦ ᠡᠴᠡ ᠲᠠ ᠲᠠᠮᠠᠬᠢ ᠲᠠᠲᠠᠳᠠᠭ ᠪᠣᠯ ᠠᠮᠠ᠂ ᠰᠢᠲᠦ ᠪᠡᠨ ᠰᠠᠢᠲᠤᠷ ᠤᠬᠢᠶᠠᠵᠤ ᠴᠡᠪᠡᠷᠯᠡᠵᠦ ᠪᠠᠢᠬᠤ ᠪᠠᠨ ᠮᠠᠷᠲᠠᠭᠤᠵᠠᠢ᠃ 
       ᠡᠭᠦᠨ ᠡᠴᠡ ᠭᠠᠳᠠᠨ᠎ᠠ᠂ ᠲᠠᠮᠠᠬᠢ ᠲᠠᠲᠠᠬᠤ ᠨᠢ ᠪᠡᠯᠭᠡ ᠶ᠋ᠢᠨ ᠰᠤᠯᠠᠷᠠᠯ ᠡᠭᠦᠰᠬᠡᠵᠦ ᠪᠣᠯᠤᠨ᠎ᠠ ᠭᠡᠵᠦ ᠡᠷᠳᠡᠮᠲᠡᠳ ᠦ᠋ᠨ ᠪᠢᠴᠢᠭᠰᠡᠨ ᠢ᠋ᠶ᠋ᠡᠷ᠂ ᠪᠡᠯᠭᠡ ᠶ᠋ᠢᠨ ᠰᠤᠯᠠᠷᠠᠯ ᠤ᠋ᠨ ᠰᠢᠯᠲᠠᠭᠠᠨ ᠤ᠋ ᠳᠣᠲᠣᠷ᠎ᠠ11% ᠨᠢ ᠲᠠᠮᠠᠬᠢ ᠶ᠋ᠢ ᠬᠡᠲᠦᠷᠬᠡᠢ ᠶᠡᠬᠡ ᠲᠠᠲᠠᠭᠰᠠᠨ ᠠ᠋ᠴᠠ ᠪᠣᠯᠤᠭᠰᠠᠨ ᠭᠡᠵᠦ ᠪᠠᠢᠳᠠᠭ᠃ 《ᠪᠡᠯᠭᠡ ᠶ᠋ᠢᠨ ᠰᠤᠯᠠᠷᠠᠯ ᠣᠷᠣᠴᠢᠬᠠᠯ᠎ᠠ᠂ ᠶᠠᠭᠠᠬᠢᠬᠤ ᠪᠣᠢ?》 ᠭᠡᠵᠦ ᠰᠠᠨᠳᠤᠷᠤᠨ ᠵᠥᠪᠯᠡᠯᠭᠡ ᠠᠪᠬᠤ ᠪᠠᠷ ᠢᠷᠡᠭᠰᠡᠨ ᠲᠠᠮᠠᠬᠢᠴᠢᠳ ᠤ᠋ᠨ ᠨᠡᠯᠢᠶᠡᠳ ᠬᠡᠰᠡᠭ ᠨᠢ ᠲᠠᠮᠠᠬᠢ ᠶ᠋ᠢ ᠬᠠᠶᠠᠭᠰᠠᠨ ᠤ᠋ ᠳᠠᠷᠠᠭ᠎ᠠ ᠵᠥᠪ ᠵᠦᠭᠡᠷ ᠪᠣᠯᠴᠢᠬᠠᠭᠰᠠᠨ ᠢ᠋ ᠰᠠᠢᠨ ᠮᠡᠳᠡᠨ᠎ᠡ᠃ ᠲᠠᠮᠠᠬᠢ ᠶ᠋ᠢ ᠬᠠᠶᠠᠬᠤ ᠠ᠋ᠴᠠ ᠨᠡᠰᠢ ᠡᠮᠴᠢᠯᠡᠭᠡ ᠬᠢᠬᠦ ᠦᠭᠡᠢ ᠪᠡᠯᠭᠡ ᠶ᠋ᠢᠨ ᠡᠮᠭᠡᠭ ᠰᠤᠳᠤᠯᠤᠭᠴᠢᠳ ᠴᠥᠭᠡᠨ ᠦᠭᠡᠢ ᠪᠠᠢᠳᠠᠭ ᠢ᠋ ᠴᠦ᠍ ᠪᠢ ᠪᠠᠰᠠ ᠰᠠᠢᠨ ᠮᠡᠳᠡᠨ᠎ᠡ᠃ ᠡᠢᠮᠦ ᠳ᠋ᠦ᠍ ᠪᠡᠯᠭᠡ ᠶ᠋ᠢᠨ ᠰᠤᠯᠠᠷᠠᠯ ᠳ᠋ᠤ᠌ ᠥᠷᠲᠥᠬᠦ ᠦᠭᠡᠢ ᠶ᠋ᠢᠨ ᠲᠤᠯᠠᠳᠠ ᠲᠠᠮᠠᠬᠢ ᠶ᠋ᠢ ᠡᠭᠡᠨᠡᠭᠲᠡ ᠬᠠᠶᠠ᠃ ᠲᠠᠮᠠᠬᠢ ᠲᠠᠲᠠᠬᠤ ᠪᠠᠨ ᠪᠣᠯᠢᠶ᠎ᠠ ᠭᠡᠪᠡᠯ ᠴᠢᠩ ᠰᠡᠳᠬᠢᠯ᠂ ᠬᠦᠰᠡᠯ ᠡᠷᠡᠮᠡᠯᠵᠡᠯᠡᠯ ᠪᠠᠢᠪᠠᠯ ᠪᠣᠯᠬᠤ ᠨᠢ ᠲᠡᠷᠡ᠃ ᠲᠠᠮᠠᠬᠢᠨ ᠤ᠋ ᠬᠣᠣᠷ ᠬᠣᠯᠪᠣᠭᠳᠠᠯ ᠢ᠋ ᠬᠥᠮᠦᠨ ᠪᠦᠬᠦᠨ ᠰᠠᠢᠨ ᠮᠡᠳᠡᠳᠡᠭ ᠪᠣᠯᠪᠠᠴᠤ ᠡᠨᠡ ᠬᠣᠣᠷ ᠲᠤ᠌ ᠵᠤᠷᠰᠢᠯ ᠠ᠋ᠴᠠ ᠪᠠᠨ ᠠᠩᠭᠢᠵᠢᠷᠠᠵᠤ᠂ ᠬᠣᠯᠠ ᠬᠥᠨᠳᠡᠢ ᠪᠠᠢᠵᠤ ᠪᠣᠯᠳᠠᠭ ᠦᠭᠡᠢ ᠤᠴᠢᠷ ᠶᠠᠭᠤᠨ ᠳ᠋ᠤ᠌ ᠪᠠᠢᠳᠠᠭ ᠪᠣᠢ? ᠡᠭᠦᠨ ᠦ᠌ ᠤᠴᠢᠷ ᠪᠣᠯ ᠲᠠᠮᠠᠬᠢᠴᠢᠳ ᠤ᠋ᠨ ᠨᠢᠭᠡ ᠬᠡᠰᠡᠭ ᠨᠢ ᠡᠭᠦᠨ ᠡᠴᠡ ᠶᠠᠭᠠᠬᠢᠵᠤ ᠭᠠᠷᠬᠤ ᠤᠬᠠᠭᠠᠨ ᠢ᠋ ᠣᠯᠬᠤ ᠦᠭᠡᠢ ᠪᠠᠢᠬᠤ ᠳ᠋ᠤ᠌ ᠨᠥᠭᠦᠭᠡ ᠬᠡᠰᠡᠭ ᠨᠢ ᠲᠠᠮᠠᠬᠢ ᠪᠠᠨ ᠬᠠᠶᠠᠴᠢᠬᠠᠪᠠᠯ ᠪᠡᠶ᠎ᠡ ᠳ᠋ᠦ᠍ᠨᠢ ᠶᠠᠮᠠᠷ ᠨᠢᠭᠡᠨ ᠥᠭᠡᠷᠡᠴᠢᠯᠡᠯᠲᠡ ᠭᠠᠷᠴᠤ ᠮᠠᠭᠠᠳ ᠦᠭᠡᠢ ᠭᠡᠵᠦ ᠪᠢᠲᠡᠭᠦᠬᠡᠨ ᠳ᠋ᠡᠭᠡᠨ ᠠᠶᠤᠵᠠᠭᠠᠳᠠᠭ᠃ ᠲᠠᠮᠠᠬᠢ ᠶ᠋ᠢ ᠬᠠᠶᠠᠭᠰᠠᠨ ᠢ᠋ᠶ᠋ᠠᠷ ᠬᠥᠮᠦᠨ ᠦ᠌ ᠡᠷᠡᠭᠦᠯ ᠮᠡᠨᠳᠦ ᠳ᠋ᠦ᠍ ᠮᠠᠭᠤ ᠪᠠᠷ ᠨᠥᠯᠥᠭᠡᠯᠡᠬᠦ ᠦᠭᠡᠢ᠃ ᠲᠠᠮᠠᠬᠢ ᠠ᠋ᠴᠠ ᠭᠠᠷᠤᠭᠴᠢᠳ ᠬᠠᠨᠢᠶᠠᠬᠤ ᠨᠢ ᠪᠠᠭᠠᠰᠴᠤ᠂ ᠵᠢᠷᠦᠬᠡ ᠰᠤᠳᠠᠰᠤᠨ ᠤ᠋ ᠠᠵᠢᠯᠯᠠᠭ᠎ᠠ᠂ ᠨᠣᠢᠷ᠂ ᠬᠣᠭᠣᠯᠠ ᠢᠳᠡᠬᠦ ᠳᠤᠷ᠎ᠠ ᠰᠠᠢᠵᠢᠷᠠᠬᠤ᠂ ᠠᠵᠢᠯ ᠤ᠋ᠨ ᠴᠢᠳᠠᠪᠤᠷᠢ᠂ ᠶᠡᠷᠦᠩᠬᠡᠢ ᠴᠢᠯᠬ᠎ᠠ᠂ ᠨᠠᠷᠢᠪᠴᠢᠯᠠᠪᠠᠯ ᠪᠡᠯᠭᠡ ᠶ᠋ᠢᠨ ᠴᠢᠯᠬ᠎ᠠ ᠨᠢ ᠴᠦ᠍ ᠳᠡᠭᠡᠭᠰᠢᠯᠡᠳᠡᠭ᠃ 
       ᠲᠠᠮᠠᠬᠢᠨ ᠠ᠋ᠴᠠ ᠭᠠᠷᠬᠤ ᠪᠠᠷ ᠲᠠᠷᠭᠤᠯᠠᠳᠠᠭ ᠭᠡᠰᠡᠨ ᠶᠠᠷᠢᠶ᠎ᠠ ᠪᠠᠢᠳᠠᠭ᠃ ᠡᠨᠡ ᠨᠢ ᠦᠨᠡᠨ ᠦ᠌ ᠬᠤᠪᠢ ᠲᠠᠢ᠃ ᠡᠭᠦᠨ ᠦ᠌ ᠤᠴᠢᠷ ᠭᠡᠪᠡᠯ ᠲᠠᠮᠠᠬᠢᠨ ᠠ᠋ᠴᠠ ᠭᠠᠷᠤᠭᠰᠠᠨ ᠬᠥᠮᠦᠰ ᠦ᠋ᠨ ᠨᠢᠭᠡ ᠡᠳᠦᠷ ᠦ᠋ᠨ ᠬᠣᠭᠣᠯᠠᠨ ᠤ᠋ ᠢᠯᠴᠢᠯᠢᠭ ᠴᠢᠨᠠᠷ ᠬᠣᠶᠠᠷ ᠳᠠᠬᠢᠨ ᠨᠡᠮᠡᠭᠳᠡᠳᠡᠭ᠃ ᠬᠣᠭᠣᠯᠠᠨ ᠳ᠋ᠤ᠌ ᠳᠤᠷᠠᠲᠠᠢ ᠪᠣᠯᠵᠤ᠂ ᠢᠳᠡᠬᠦ ᠨᠢ ᠶᠡᠬᠡᠰᠦᠭᠰᠡᠨ ᠲᠡᠢ ᠴᠦ᠍ ᠪᠠᠰᠠ ᠬᠣᠯᠪᠣᠭ᠎ᠠ ᠲᠠᠢ᠃ ᠡᠢᠮᠦ ᠳ᠋ᠦ᠍ ᠲᠠᠷᠭᠤᠯᠠᠬᠤ ᠠ᠋ᠴᠠ ᠰᠡᠷᠭᠡᠢᠯᠡᠬᠦ ᠰᠠᠢᠨ ᠠᠷᠭ᠎ᠠ ᠪᠣᠯ ᠢᠯᠴᠢᠯᠢᠭ ᠶᠡᠬᠡᠲᠡᠢ ᠬᠣᠭᠣᠯᠠ ᠢᠳᠡᠬᠦ ᠪᠡᠨ ᠪᠠᠭᠠᠰᠬᠠᠬᠤ᠂ ᠬᠥᠳᠡᠯᠭᠡᠨ ᠲᠡᠢ ᠪᠠᠢᠬᠤ᠂ ᠶᠠᠪᠠᠭᠠᠨ ᠶᠠᠪᠤᠬᠤ᠂ ᠭᠦᠶᠦᠬᠦ᠂ ᠤᠰᠤᠨ ᠳ᠋ᠤ᠌ ᠰᠡᠯᠢᠬᠦ ᠵᠡᠷᠭᠡ ᠰᠫᠣᠷᠲ ᠤ᠋ᠨ ᠪᠤᠰᠤᠳ ᠲᠥᠷᠥᠯ ᠢ᠋ᠶ᠋ᠡᠷ ᠬᠢᠴᠢᠶᠡᠯᠯᠡᠬᠦ ᠶᠠᠪᠤᠳᠠᠯ ᠶᠤᠮ᠃ ᠵᠠᠷᠢᠮ ᠡᠮᠡᠭᠲᠡᠢᠴᠦᠳ ᠲᠠᠷᠭᠤᠯᠠᠬᠤ ᠦᠭᠡᠢ ᠶ᠋ᠢᠨ ᠲᠤᠯᠠᠳᠠ ᠲᠠᠮᠠᠬᠢ ᠲᠠᠲᠠᠳᠠᠭ᠂ ᠭᠡᠲᠡᠯ᠎ᠡ ᠲᠠᠮᠠᠬᠢ ᠲᠠᠲᠠᠬᠤ ᠨᠢ ᠪᠡᠶ᠎ᠡ ᠶ᠋ᠢᠨ ᠵᠢᠩ ᠢ᠋ᠶ᠋ᠡᠨ ᠬᠠᠰᠤᠬᠤ ᠠᠷᠭ᠎ᠠ ᠣᠭᠲᠣ ᠪᠢᠰᠢ ᠠ᠋᠃ ᠲᠡᠭᠡᠭᠡᠳ ᠴᠦ᠍ ᠡᠮᠡᠭᠲᠡᠢ ᠬᠥᠮᠦᠨ ᠲᠠᠮᠠᠬᠢ ᠲᠠᠲᠠᠨ᠎ᠠ ᠭᠡᠳᠡᠭ ᠪᠣᠯ ᠲᠡᠭᠦᠨ ᠳ᠋ᠦ᠍ ᠣᠭᠲᠣ ᠵᠣᠬᠢᠬᠤ ᠦᠭᠡᠢ ᠴᠢᠮᠡᠭ᠃ ᠡᠮᠡᠭᠲᠡᠢ ᠬᠥᠮᠦᠨ ᠢ᠋ ᠡᠷᠡᠭᠲᠡᠢ ᠬᠥᠮᠦᠨ ᠡᠴᠡ ᠢᠯᠭᠠᠵᠤ ᠪᠠᠢᠭ᠎ᠠ ᠦᠨᠳᠦᠰᠦᠨ ᠪᠣᠯ ᠲᠡᠭᠦᠨ ᠢ᠋ ᠨᠠᠮᠪᠠ ᠲᠥᠷᠬᠦ ᠶᠦᠮ᠃ ᠡᠷᠡᠯᠬᠡᠭ ᠵᠣᠷᠢᠭ ᠡᠷᠡᠭᠲᠡᠢ ᠬᠥᠮᠦᠨ ᠢ᠋ ᠴᠢᠮᠡᠳᠡᠭ ᠪᠣᠯ ᠪᠦᠰᠡᠭᠦᠢ ᠬᠥᠮᠦᠨ ᠢ᠋ ᠲᠡᠭᠦᠨ ᠦ᠌ ᠤᠶᠠᠨ ᠡᠯᠢᠭᠡᠰᠡᠭ ᠨᠠᠮᠪᠠ ᠲᠥᠷᠬᠦ ᠯᠡ ᠴᠢᠮᠡᠨ᠎ᠡ᠃ ᠲᠠᠮᠠᠬᠢ ᠲᠠᠲᠠᠵᠤ ᠪᠠᠢᠭ᠎ᠠ ᠡᠮᠡᠭᠲᠡᠢ ᠬᠥᠮᠦᠨ ᠢ᠋ ᠶᠠᠮᠠᠷ ᠨᠠᠮᠪᠠ ᠲᠠᠢ ᠬᠥᠮᠦᠨ ᠭᠡᠬᠦ ᠪᠣᠢ? ᠡᠨᠡ ᠪᠣᠯ ᠶᠣᠰᠣᠲᠠᠢ ᠮᠠᠶᠢᠭᠯᠠᠬᠤ ᠭᠡᠳ ᠴᠢᠳᠠᠬᠤ ᠦᠭᠡᠢ ᠪᠠᠢᠭ᠎ᠠ ᠬᠡᠷᠡᠭ᠃ ᠪᠠᠢᠭᠠᠯᠢ ᠡᠬᠡ ᠡᠮᠡᠭᠲᠡᠢ ᠬᠥᠮᠦᠨ ᠳ᠋ᠦ᠍ ᠦᠷ᠎ᠡ ᠪᠡᠨ ᠲᠡᠭᠡᠭᠡᠵᠦ ᠲᠥᠷᠥᠭᠦᠯᠬᠦ᠂ ᠰᠢᠨ᠎ᠡ ᠠᠮᠢᠳᠤᠷᠠᠯ ᠴᠣᠭᠴᠠᠯᠠᠨ ᠪᠦᠲᠦᠭᠡᠬᠦ ᠬᠠᠷᠢᠭᠤᠴᠠᠯᠭ᠎ᠠ ᠲᠠᠢ ᠡᠭᠦᠷᠭᠡ ᠨᠣᠭᠳᠠᠭᠤᠯᠵᠠᠢ᠃ ᠭᠡᠲᠡᠯ᠎ᠡ ᠡᠮᠡᠭᠲᠡᠢ ᠬᠥᠮᠦᠨ ᠲᠠᠮᠠᠬᠢ ᠲᠠᠲᠠᠨ᠎ᠠ ᠭᠡᠳᠡᠭ ᠪᠣᠯ ᠡᠨᠡᠬᠦ ᠬᠠᠷᠢᠭᠤᠴᠠᠯᠭ᠎ᠠ ᠲᠠᠢ ᠡᠭᠦᠷᠭᠡ ᠶ᠋ᠢ ᠪᠡᠶᠡᠯᠡᠭᠦᠯᠵᠦ ᠴᠢᠳᠠᠬᠤ ᠦᠭᠡᠢ᠂ ᠪᠠᠢᠭᠠᠯᠢ ᠡᠬᠡ ᠶ᠋ᠢᠨ ᠡᠮᠦᠨ᠎ᠡ ᠨᠣᠴᠢᠲᠠᠢ ᠨᠢᠭᠦᠯ ᠦᠢᠯᠡᠳᠴᠦ ᠪᠠᠢᠭ᠎ᠠ ᠬᠡᠷᠡᠭ᠃ ᠤᠴᠢᠷ ᠶᠠᠭᠤᠨ ᠭᠡᠪᠡᠯ ᠲᠠᠮᠠᠬᠢᠴᠢᠨ ᠡᠬᠡ ᠡᠴᠡ ᠭᠠᠷᠤᠭᠰᠠᠨ ᠬᠡᠦᠬᠡᠳ ᠵᠢᠷᠦᠬᠡᠨ ᠦ᠌ ᠲᠥᠷᠥᠯᠬᠢ ᠶ᠋ᠢᠨ ᠭᠠᠵᠢᠭ ᠲᠠᠢ ᠪᠠᠢᠬᠤ ᠨᠢ ᠲᠠᠮᠠᠬᠢ ᠲᠠᠲᠠᠳᠠᠭ ᠦᠭᠡᠢ ᠡᠬᠡ ᠭᠠᠷᠤᠭᠰᠠᠨ ᠬᠡᠦᠬᠡᠳ ᠡᠴᠡ ᠬᠣᠶᠠᠷ ᠳᠠᠬᠢᠨ ᠶᠡᠬᠡ᠂ ᠰᠡᠲᠡᠷᠬᠡᠢ ᠤᠷᠤᠭᠤᠯ᠂ ᠴᠤᠭᠤᠷᠬᠠᠢ ᠲᠠᠩᠨᠠᠢ ᠵᠡᠷᠭᠡ ᠶᠠᠩᠵᠤ ᠪᠦᠷᠢ ᠶ᠋ᠢᠨ ᠭᠠᠵᠢᠭ ᠲᠠᠪᠤ ᠳᠠᠬᠢᠨ ᠲᠣᠬᠢᠶᠠᠯᠳᠤᠬᠤ ᠠ᠋ᠴᠠ ᠭᠠᠳᠠᠨ᠎ᠠ ᠲᠠᠮᠠᠬᠢᠴᠢᠨ ᠡᠮᠡᠭᠲᠡᠢ ᠶ᠋ᠢᠨ ᠬᠡᠦᠬᠡᠳ ᠵᠤᠯᠪᠤᠵᠤ᠂ ᠠᠮᠢ ᠦᠭᠡᠢ ᠲᠥᠷᠥᠬᠦ ᠨᠢ ᠪᠢᠰᠢᠭᠦᠢ ᠪᠠᠢᠳᠠᠭ᠃ ᠡᠨᠡ ᠪᠦᠬᠦᠨ ᠨᠢᠭᠦᠯ ᠪᠢᠰᠢ ᠭᠡᠵᠦ ᠤᠤ? ᠪᠦᠷ ᠡᠬᠡ ᠶ᠋ᠢᠨ ᠢ᠋ᠶ᠋ᠡᠨ ᠬᠡᠪᠡᠯᠢ ᠳ᠋ᠦ᠍ ᠪᠠᠢᠬᠤ ᠦᠶᠡᠰ ᠲᠠᠮᠠᠬᠢ ᠲᠠᠢ ᠲᠠᠨᠢᠯᠴᠠᠭᠰᠠᠨ ᠬᠡᠦᠬᠡᠳ ᠶᠣᠰᠣᠲᠠᠢ ᠭᠠᠭᠠᠵᠢ ᠲᠠᠢ ᠲᠠᠮᠠᠬᠢᠴᠢᠨ ᠲᠥᠷᠥᠳᠡᠭ᠃ ᠭᠡᠬᠦ ᠳ᠋ᠦ᠍ ᠲᠡᠭᠦᠨ ᠳ᠋ᠦ᠍ ᠬᠡᠨ ᠴᠦ᠍ ᠲᠠᠮᠠᠬᠢ ᠥᠭᠬᠦ ᠦᠭᠡᠢ ᠨᠢ ᠮᠡᠳᠡᠭᠡᠵᠢ ᠤᠴᠢᠷ ᠠ᠋ᠴᠠ ᠬᠡᠯᠡᠵᠦ ᠴᠢᠳᠠᠬᠤ ᠦᠭᠡᠢ ᠯᠡ ᠪᠣᠯᠬᠤ ᠠ᠋ᠴᠠ ᠲᠠᠮᠠᠬᠢ ᠨᠡᠬᠡᠵᠦ᠂ ᠤᠴᠢᠷ ᠦᠭᠡᠢ ᠣᠷᠢᠯᠠᠨ ᠪᠠᠷᠬᠢᠷᠠᠵᠤ ᠤᠬᠢᠯᠠᠬᠤ᠂ ᠬᠥᠬᠥ ᠪᠡᠨ ᠬᠥᠬᠥᠬᠦ ᠦᠭᠡᠢ ᠲᠠᠩᠳᠠ ᠲᠠᠢᠪᠤᠩ ᠪᠢᠰᠢ ᠪᠠᠢᠬᠤ ᠶᠠᠩᠵᠤ ᠪᠦᠷᠢ ᠶ᠋ᠢᠨ ᠡᠪᠡᠳᠴᠢᠨ ᠡᠮᠭᠡᠭ ᠲᠦ᠍ ᠠᠮᠠᠷᠬᠠᠨ ᠥᠷᠲᠥᠬᠦ ᠵᠡᠷᠭᠡ ᠪᠠᠢᠳᠠᠯ ᠠᠵᠢᠭᠯᠠᠭᠳᠠᠨ᠎ᠠ᠃ ᠲᠠᠮᠠᠬᠢᠴᠢᠨ ᠡᠮᠡᠭᠲᠡᠢᠴᠦᠳ ᠪᠠᠢᠭᠠᠯᠢ ᠡᠬᠡ ᠡᠴᠡ ᠵᠠᠶᠠᠭᠠᠭᠰᠠᠨ ᠬᠤᠭᠤᠴᠠᠭ᠎ᠠ ᠠ᠋ᠴᠠ ᠪᠠᠨ ᠡᠮᠦᠨ᠎ᠡ ᠬᠡᠦᠬᠡᠳ ᠲᠥᠷᠥᠭᠦᠯᠬᠦ ᠴᠢᠳᠠᠪᠤᠷᠢ ᠪᠠᠨ ᠠᠯᠳᠠᠵᠤ᠂ ᠪᠡᠯᠭᠡ ᠶ᠋ᠢᠨ ᠳᠤᠷ᠎ᠠ ᠬᠦᠷᠦᠵᠦ᠂《ᠵᠢᠪᠡᠷᠡᠨ᠎ᠡ》᠃ ᠢᠩᠭᠢᠵᠦ ᠪᠠᠢᠭᠠᠯᠢ ᠡᠬᠡ ᠲᠠᠮᠠᠬᠢᠴᠢᠨ ᠡᠮᠡᠭᠲᠡᠢᠴᠦᠳ ᠢ᠋ ᠦᠢᠯᠡᠳᠦᠭᠰᠡᠨ ᠨᠢᠭᠦᠯ ᠦ᠋ᠨ ᠬᠢᠨᠢ ᠲᠥᠯᠥᠭᠡ ᠬᠡᠰᠡᠭᠬᠡᠨ ᠴᠡᠭᠡᠷᠯᠡᠭᠦᠯᠳᠡᠭ᠃ ᠲᠠᠮᠠᠬᠢ ᠨᠠᠭᠠᠨ᠎ᠠ ᠬᠡᠯᠡᠪᠡᠯ ᠴᠢᠷᠠᠢ ᠵᠢᠰᠦ ᠭᠤᠲᠤᠭᠠᠵᠤ᠂ ᠴᠠᠭᠠᠨ᠎ᠠ ᠬᠡᠯᠡᠪᠡᠯ ᠨᠠᠰᠤ ᠰᠡᠭᠦᠳᠡᠷ ᠬᠢᠮᠤᠰᠤᠯᠠᠳᠠᠭ ᠤᠴᠢᠷ ᠠ᠋ᠴᠠ ᠲᠡᠭᠦᠨ ᠢ᠋ ᠡᠮᠡᠭᠲᠡᠢ ᠬᠥᠮᠦᠨ ᠪᠢᠲᠡᠭᠡᠢ ᠬᠡᠯᠡ ᠡᠷᠡᠭᠲᠡᠢᠴᠦᠳ ᠴᠦ᠍ ᠲᠡᠪᠴᠢᠵᠦ ᠴᠢᠳᠠᠪᠠᠯ ᠤᠷᠲᠤ ᠨᠠᠰᠤᠯᠠᠵᠤ᠂ ᠤᠳᠠᠭᠠᠨ ᠵᠢᠷᠭᠠᠬᠤ ᠪᠣᠯᠤᠨ᠎ᠠ᠃《ᠲᠠᠮᠠᠬᠢ ᠲᠠᠪᠤᠨ ᠨᠠᠰᠤ᠂ ᠠᠷᠢᠬᠢ ᠠᠷᠪᠠᠨ ᠨᠠᠰᠤ ᠬᠣᠷᠣᠭᠠᠳᠠᠭ》 ᠭᠡᠵᠦ ᠶᠠᠷᠢᠳᠠᠭ ᠨᠢ ᠬᠣᠭᠣᠰᠣᠨ ᠦᠭᠡ ᠪᠢᠰᠢ ᠠ᠋!