ᠨᠠᠷᠠᠬᠠᠨ-ᠭᠠᠩᠲᠡᠮᠦᠷГантөмөр - Нархан Gantumur - Narkhan ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠨᠠᠷᠠᠬᠠᠨ-ᠭᠠᠩᠲᠡᠮᠦᠷГантөмөр - Нархан Gantumur - Narkhan

ᠨᠠᠷᠠᠬᠠᠨ-ᠭᠠᠩᠲᠡᠮᠦᠷГантөмөр - Нархан Gantumur - Narkhan

ᠠᠩᠭᠢᠯᠠᠯ:ᠳᠠᠭᠤᠤ ᠬᠥᠭᠵᠢᠮ
2025-08-11

1220

ᠨᠠᠷᠠᠬᠠᠨ

   ᠦᠭᠡ᠂ ᠠᠶ᠎ᠠ᠄ ᠪ᠂ ᠪᠠᠰᠠᠩᠪᠤᠤ 
    — ᠪ᠂ ᠭᠠᠩᠲᠡᠮᠦᠷ ᠳᠠᠭᠤᠯᠠᠨ᠎ᠠ 

ᠡᠭᠦᠯᠡ ᠦᠭᠡᠢ ᠲᠡᠭᠷᠢ ᠶ᠋ᠢᠨ ᠨᠠᠷᠠᠬᠠᠨ ᠮᠢᠨᠢ 
ᠦᠵᠡᠰᠬᠦᠯᠡᠩ ᠲᠡᠭᠦᠯᠳᠡᠷ ᠬᠠᠢᠷ᠎ᠠ ᠮᠢᠨᠢ ᠳᠡ 
ᠦᠯᠢᠭᠡᠷ ᠲᠦ᠍ ᠭᠠᠷᠳᠠᠭ ᠵᠢᠷᠭᠠᠯ ᠮᠢᠨᠢ ᠳᠡ 
ᠦᠯᠡᠮᠵᠢ ᠶ᠋ᠢᠨ ᠢᠷᠠᠭᠤ ᠬᠠᠢᠷ᠎ᠠ ᠮᠢᠨᠢ ᠳᠡ 

ᠪᠣᠷᠣᠭ᠎ᠠ ᠰᠢᠪᠡᠷᠡᠬᠦ ᠳ᠋ᠦ᠍ ᠭᠠᠷᠳᠠᠭ ᠨᠠᠷᠠᠬᠠᠨ ᠮᠢᠨᠢ ᠳᠡ 
ᠪᠣᠳᠣᠯ ᠤᠢᠳᠬᠤ ᠳ᠋ᠤ᠌ ᠠᠷᠭᠠᠳᠠᠳᠠᠭ ᠬᠠᠢᠷ᠎ᠠ ᠮᠢᠨᠢ ᠳᠡ 
ᠪᠣᠷᠣᠬᠠᠨ ᠠᠮᠢᠳᠤᠷᠠᠯ ᠢ᠋ ᠭᠡᠢᠭᠦᠯᠦᠭᠴᠢ ᠨᠠᠷᠠᠬᠠᠨ ᠮᠢᠨᠢ 
ᠪᠣᠳᠣᠯ ᠰᠡᠳᠬᠢᠯ ᠢ᠋ ᠲᠠᠢᠪᠤᠰᠢᠷᠠᠭᠤᠯᠤᠭᠴᠢ ᠪᠤᠯᠠᠭ ᠮᠢᠨᠢ 

ᠠᠭᠤᠳᠠᠮ ᠲᠡᠭᠷᠢ ᠶ᠋ᠢᠨ ᠨᠠᠷᠠᠬᠠᠨ ᠮᠢᠨᠢ
ᠤᠶᠠᠩᠭ᠎ᠠ ᠲᠡᠭᠦᠯᠳᠡᠷ ᠬᠠᠢᠷ᠎ᠠ ᠮᠢᠨᠢ ᠳᠡ
ᠤᠢᠳᠬᠤ ᠶ᠋ᠢᠨ ᠠᠷᠭ᠎ᠠ ᠦᠭᠡᠢ ᠵᠢᠷᠭᠠᠯ ᠮᠢᠨᠢ ᠳᠡ
ᠤᠭ ᠠ᠋ᠴᠠ ᠢᠷᠠᠭᠤ ᠳᠤᠷᠠᠯᠠᠯ ᠮᠢᠨᠢ ᠳᠡ
( ᠳᠠᠬᠢᠯᠲᠠ)

ᠢᠨᠠᠨᠬᠠᠨ ᠬᠠᠢᠷ᠎ᠠ ᠶ᠋ᠢᠨ ᠨᠠᠷᠠᠬᠠᠨ ᠮᠢᠨᠢ ᠮᠢᠨᠢ ᠳᠡ
ᠢᠯᠭᠤᠨ ᠲᠡᠭᠦᠰ ᠬᠠᠢᠷ᠎ᠠ ᠮᠢᠨᠢ ᠳᠡ
ᠶᠠᠭᠠᠬᠢᠭᠠᠳ ᠴᠤ᠌ ᠤᠢᠳᠬᠤ ᠦᠭᠡᠢ ᠵᠢᠷᠭᠠᠯ ᠮᠢᠨᠢ ᠳᠡ
ᠢᠷᠠᠭᠤ ᠠ᠋ᠴᠠ ᠢᠷᠠᠭᠤ ᠳᠤᠷᠠᠯᠠᠯ ᠮᠢᠨᠢ ᠳᠡ
( ᠳᠠᠬᠢᠯᠲᠠ)᠂ ( ᠳᠠᠬᠢᠯᠲᠠ)
ᠲᠠᠢᠪᠤᠰᠢᠷᠠᠭᠤᠯᠤᠭᠴᠢ ᠪᠤᠯᠠᠭ ᠮᠢᠨᠢ

  ᠦᠰᠦᠭ ᠬᠠᠳᠠᠭᠴᠢ᠄ ᠠᠯᠲᠠᠨᠴᠢᠮᠡᠭ
  ᠦᠰᠦᠭ ᠠᠮᠢᠯᠠᠭᠤᠯᠤᠭᠴᠢ᠄ ᠠᠯᠲᠠᠨᠴᠢᠮᠡᠭ