ᠬᠠᠩᠭᠠᠢ ᠶ᠋ᠢᠨ ᠳᠠᠭᠤᠤ- ᠰ· ᠬᠡᠰᠢᠭ᠌ᠵᠢᠷᠭᠠᠯХангайн дуу--С· Хишигжаргал Khangain duu ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠠᠩᠭᠠᠢ ᠶ᠋ᠢᠨ ᠳᠠᠭᠤᠤ- ᠰ· ᠬᠡᠰᠢᠭ᠌ᠵᠢᠷᠭᠠᠯХангайн дуу--С· Хишигжаргал Khangain duu

ᠬᠠᠩᠭᠠᠢ ᠶ᠋ᠢᠨ ᠳᠠᠭᠤᠤ- ᠰ· ᠬᠡᠰᠢᠭ᠌ᠵᠢᠷᠭᠠᠯХангайн дуу--С· Хишигжаргал Khangain duu

ᠠᠩᠭᠢᠯᠠᠯ:ᠳᠠᠭᠤᠤ ᠬᠥᠭᠵᠢᠮ
2025-08-10

1758

ᠬᠠᠩᠭᠠᠢ ᠶ᠋ᠢᠨ ᠳᠠᠭᠤᠤ

       ᠦᠭᠡ᠄ ᠪ· ᠴᠡᠳᠡᠨᠳᠠᠮᠪᠠ 
       ᠠᠶ᠎ᠠ᠄ ᠵ· ᠮᠢᠶᠠᠰᠦᠷᠦᠩ 
       ᠳᠠᠭᠤᠴᠢᠨ᠄ ᠰ·ᠬᠡᠰᠢᠭ᠌ᠵᠢᠷᠭᠠᠯ 

ᠪᠤᠳᠠᠩ ᠲᠠᠲᠠᠭᠠᠳ ᠤᠨᠢᠶᠠᠷᠲᠤᠭᠰᠠᠨ 
ᠪᠤᠭᠤᠷᠤᠯ ᠬᠠᠩᠭᠠᠢ ᠶ᠋ᠢᠨ ᠰᠠᠢᠬᠠᠨ ᠢ᠋ ᠬᠦ 
ᠪᠠᠭᠤᠷᠠᠢ ᠨᠢ ᠬᠦᠷᠲᠡᠯ᠎ᠡ ᠠᠷᠢᠯᠤᠭ᠎ᠠ ᠦᠭᠡᠢ 
ᠪᠤᠭᠤᠷᠤᠯ ᠠᠪᠤ ᠶ᠋ᠢᠨ ᠨᠤᠲᠤᠭ ᠠ᠋ ᠬᠦ 
ᠠᠢ ᠬᠦ ᠵᠧ ᠬᠦ 
ᠪᠤᠭᠤᠷᠤᠯ ᠠᠪᠤ ᠶ᠋ᠢᠨ ᠨᠤᠲᠤᠭ ᠢ᠋ᠶ᠋ᠠᠷ 
ᠪᠠᠭᠤᠵᠤ ᠮᠣᠷᠳᠠᠭᠠᠳ ᠶᠠᠪᠤᠭᠠᠷᠠᠢ 

ᠮᠠᠨᠳᠤᠬᠤ ᠨᠠᠷᠠᠨ ᠢ᠋ᠶ᠋ᠠᠷ ᠰᠢᠷᠭᠠᠯᠲᠤᠭᠰᠠᠨ
ᠮᠠᠩᠨᠤᠭ ᠬᠥᠪᠴᠢ ᠶ᠋ᠢᠨ ᠰᠠᠢᠬᠠᠨ ᠢ᠋ ᠬᠦ
ᠮᠠᠨᠠᠨ ᠳᠤᠮᠳᠠᠭᠤᠷ ᠰᠠᠷᠠᠪᠴᠢᠯᠠᠭᠰᠠᠨ
ᠮᠢᠨᠦ ᠡᠵᠢ ᠶ᠋ᠢᠨ ᠨᠤᠲᠤᠭ ᠠ᠋ ᠬᠦ
ᠠᠢ ᠬᠦ ᠵᠧ ᠬᠦ
ᠴᠡᠴᠡᠭ ᠦ᠋ᠨ ᠭᠤᠷᠪᠠᠨ ᠰᠠᠷ᠎ᠠ ᠳ᠋ᠠᠭᠠᠨ
ᠡᠴᠢᠭᠡ ᠶ᠋ᠢᠨ ᠨᠤᠲᠤᠭ ᠢ᠋ᠶ᠋ᠠᠷ ᠪᠠᠭᠤᠭᠠᠷᠠᠢ

ᠤᠭ ᠠ᠋ᠴᠠ ᠨᠠᠳᠠ ᠳ᠋ᠤ᠌ ᠵᠠᠶᠠᠭᠠᠭᠰᠠᠨ
ᠤᠨᠢᠶᠠᠷ ᠪᠤᠳᠠᠩᠲᠤ ᠬᠠᠩᠭᠠᠢ ᠶᠠ ᠬᠦ
ᠤᠴᠠᠷᠠᠨ ᠳᠠᠰᠤᠨ ᠡᠷᠭᠢᠭᠰᠡᠨ
ᠤᠨᠠᠭᠠᠨ ᠪᠠᠭ᠎ᠠ ᠶ᠋ᠢᠨ ᠨᠤᠲᠤᠭ ᠠ᠋ ᠬᠦ
ᠠᠢ ᠬᠦ ᠵᠧ ᠬᠦ
ᠮᠥᠷᠥᠭᠡᠳᠦᠯ ᠪᠣᠯᠤᠭᠰᠠᠨ ᠨᠤᠲᠤᠭ ᠲᠠᠭᠠᠨ
ᠮᠥᠩᠬᠡᠳᠡ ᠵᠢᠷᠭᠠᠵᠤ ᠶᠠᠪᠤᠭᠠᠷᠠᠢ
ᠠᠢ ᠬᠦ ᠵᠧ ᠬᠦ
ᠪᠤᠭᠤᠷᠤᠯ ᠠᠪᠤ ᠶ᠋ᠢᠨ ᠨᠤᠲᠤᠭ ᠢ᠋ᠶ᠋ᠠᠷ
ᠪᠠᠭᠤᠵᠤ ᠮᠣᠷᠳᠠᠭᠠᠳ ᠶᠠᠪᠤᠭᠠᠷᠠᠢ
ᠮᠥᠩᠬᠡᠳᠡ ᠵᠢᠷᠭᠠᠵᠤ ᠶᠠᠪᠤᠭᠠᠷᠠᠢ

  ᠦᠰᠦᠭ ᠠᠮᠢᠯᠠᠭᠤᠯᠤᠭᠰᠠᠨ ᠨᠢ᠄ ᠰᠤᠨᠢᠨᠪᠠᠶᠠᠷ
  ᠦᠰᠦᠭ ᠬᠠᠳᠠᠭᠴᠢ᠄ ᠪᠠᠢ ᠰᠠᠷᠠᠨ᠎ᠠ
  ᠬᠢᠨᠠᠭᠴᠢ᠄ ᠪᠢᠮᠪᠠ