ᠥᠯᠥᠭᠡᠢ ᠪᠠᠢᠭᠠᠯ -ᠴᠡᠴᠡᠭᠮ᠎ᠡ Үлгы Байгаль - Сэсэгмаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠯᠥᠭᠡᠢ ᠪᠠᠢᠭᠠᠯ -ᠴᠡᠴᠡᠭᠮ᠎ᠡ Үлгы Байгаль - Сэсэгмаа

ᠥᠯᠥᠭᠡᠢ ᠪᠠᠢᠭᠠᠯ -ᠴᠡᠴᠡᠭᠮ᠎ᠡ Үлгы Байгаль - Сэсэгмаа

ᠠᠩᠭᠢᠯᠠᠯ:ᠳᠠᠭᠤᠤ ᠬᠥᠭᠵᠢᠮ
2025-08-08

656

ᠥᠯᠥᠭᠡᠢ ᠪᠠᠢᠭᠠᠯ

   ᠦᠭᠡ᠄ ᠭᠠᠯᠵᠤᠳ ᠳᠠᠰᠢᠳᠣᠷᠵᠢ 
   ᠠᠶ᠎ᠠ᠄ ᠴᠡᠴᠡᠭᠮ᠎ᠠ 
   一 ᠴᠡᠴᠡᠭᠮ᠎ᠠ ᠳᠠᠭᠤᠯᠠᠨ᠎ᠠ 

ᠬᠣᠢᠮᠣᠷ ᠲᠤ᠌ ᠨᠢ ᠤᠨᠠᠵᠤ ᠲᠣᠷᠨᠢᠭᠰᠠᠨ 
ᠬᠤᠷᠢᠯᠳᠠᠢ ᠮᠡᠷᠭᠡᠨ ᠦ᠌ ᠬᠣᠢᠲᠤᠳ 
ᠤᠳᠤᠮᠲᠤ ᠨᠡᠭᠦᠳᠡᠯ ᠰᠣᠶᠣᠯ ᠢ᠋ᠶ᠋ᠠᠷ ᠢ᠋ᠶ᠋ᠠᠨ 
ᠣᠢᠬᠣᠨ ᠪᠤᠷᠬᠠᠨ ᠳ᠋ᠠᠭᠠᠨ ᠵᠠᠯᠪᠠᠷᠢᠨ᠎ᠠ 

ᠤᠭ ᠢ᠋ᠶ᠋ᠠᠨ ᠤᠰᠤᠨ ᠳ᠋ᠤ᠌ ᠬᠠᠶᠠᠭ᠎ᠠ ᠦᠭᠡᠢ 
ᠤᠬᠠᠭᠠᠯᠢᠭ ᠬᠥᠪᠡᠭᠦᠳ ᠪᠠᠰᠠᠭᠠᠳ ᠲᠠᠨᠢ 
ᠣᠳᠣᠲᠠᠢ ᠲᠩᠷᠢ ᠶ᠋ᠢᠨ ᠬᠠᠶᠠᠭ᠎ᠠ ᠠ᠋ᠴᠠ 
ᠤᠴᠠᠷᠠᠵᠤ ᠵᠣᠯᠭᠠᠬᠤ ᠪᠠᠨ ᠢᠷᠡᠨ᠎ᠡ 
ᠤᠷᠠᠢ ᠣᠩᠭᠣᠨ ᠴᠡᠩᠭᠡᠭ ᠪᠠᠢᠭᠠᠯ
ᠬᠤᠷᠤᠢ ᠳᠠᠷᠬᠠᠨ ᠥᠯᠥᠭᠡᠢ ᠪᠠᠢᠭᠠᠯ
ᠬᠤᠷᠤᠢ᠂ ᠬᠤᠷᠤᠢ ᠁
ᠬᠤᠷᠤᠢ ᠂ ᠬᠤᠷᠤᠢ ᠁

ᠬᠤᠰᠤᠨ ᠰᠢᠭᠤᠢ ᠶ᠋ᠢᠨ ᠱᠤᠤᠭᠢᠶᠠᠨ ᠤ᠋ ᠬᠥᠭᠡᠮᠡᠢ
ᠬᠤᠨ ᠰᠢᠪᠠᠭᠤᠨ ᠤ᠋ ᠴᠡᠩᠭᠡᠭᠦᠨ ᠳᠠᠭᠤᠨ
ᠮᠥᠩᠬᠡ ᠨᠣᠭᠣᠭᠠᠨ ᠪᠠᠢᠭᠠᠯ ᠵᠤᠯᠠ ᠶᠠ
ᠮᠥᠩᠭᠥᠨ ᠬᠣᠷᠸ᠎ᠠ ᠳ᠋ᠠᠭᠠᠨ ᠪᠠᠳᠠᠷᠠᠨ᠎ᠠ
ᠤᠷᠠᠢ ᠣᠩᠭᠣᠨ ᠴᠡᠩᠭᠡᠭ ᠪᠠᠢᠭᠠᠯ
ᠬᠤᠷᠤᠢ ᠳᠠᠷᠬᠠᠨ ᠥᠯᠥᠭᠡᠢ ᠪᠠᠢᠭᠠᠯ
ᠬᠤᠷᠤᠢ ᠂ ᠬᠤᠷᠤᠢ ᠁
ᠬᠤᠷᠤᠢ ᠂ ᠬᠤᠷᠤᠢ ᠁
ᠥᠯᠥᠭᠡᠢ ᠪᠠᠢᠭᠠᠯ

    ᠦᠰᠦᠭ ᠠᠮᠢᠯᠠᠭᠤᠯᠤᠭᠴᠢ᠄ ᠤᠤᠭᠠᠨᠵᠢᠳ
    ᠦᠰᠦᠭ ᠬᠠᠲᠠᠭᠴᠢ᠄ ᠵᠢᠷᠠᠨᠲᠠᠢ