ᠨᠠᠢ᠍ᠮᠠᠨ ᠵᠠᠭᠤᠨ ᠤ᠋ ᠪᠠᠷ᠎ᠠ -ᠠᠯᠳᠠᠨᠳᠠᠯᠠᠢ Найман зууны бараа -Алтандалай
ᠨᠠᠢ᠍ᠮᠠᠨ ᠵᠠᠭᠤᠨ ᠤ᠋ ᠪᠠᠷ᠎ᠠ
ᠦᠭᠡ ᠄ ᠲᠤᠭᠴᠢ ᠯᠤᠪᠰᠠᠩ
ᠠᠶ᠎ᠠ ᠄ ᠷᠢᠸᠠᠳᠢ
ᠳᠠᠭᠤᠴᠢᠨ ᠄ ᠠᠯᠳᠠᠨᠳᠠᠯᠠᠢ
ᠬᠠᠷᠠᠭ᠎ᠠ ᠰᠤᠨᠤᠭᠠᠭᠰᠠᠨ ᠲᠠᠯ᠎ᠠ ᠪᠠᠨ ᠳᠤᠷᠠᠰᠬᠤ ᠳ᠋ᠤ᠌
ᠬᠠᠲᠤᠨ ᠡᠵᠢ ᠶ᠋ᠢᠨ ᠮᠢᠨᠢ ᠬᠠᠢᠷ᠎ᠠ ᠮᠡᠯᠮᠡᠷᠡᠨ᠎ᠡ
ᠭᠠᠯᠠᠭᠤ ᠰᠢᠪᠠᠭᠤ ᠲᠠᠢ ᠨᠠᠭᠤᠷ ᠤ᠋ᠨ ᠵᠠᠬ᠎ᠠ ᠳ᠋ᠤ᠌
ᠭᠠᠨᠭᠭᠠᠨᠭ ᠨᠤᠲᠤᠭ ᠢ᠋ᠶ᠋ᠠᠨ ᠰᠠᠷᠠᠪᠴᠢᠯᠠᠵᠤ ᠬᠠᠷᠠᠭᠳᠠᠨ᠎ᠠ
ᠨᠠᠳᠠ ᠶᠠᠷᠢᠭᠰᠠᠨ ᠦᠯᠢᠭᠡᠷ ᠪᠦᠬᠦᠨ
ᠨᠠᠢ᠍ᠮᠠᠨ ᠬᠠᠨ᠎ᠠ ᠶ᠋ᠢᠨ ᠳᠡᠯᠭᠡᠴᠡ ᠶᠦᠮ ᠠ᠋
ᠨᠠᠷᠠᠯᠠᠭ ᠬᠣᠷᠸ᠎ᠠ ᠶ᠋ᠢᠨ ᠵᠡᠭᠦᠳᠦ ᠮᠠᠨᠠᠭᠰᠠᠨ
ᠨᠠᠢ᠍ᠮᠠᠨ ᠵᠠᠭᠤᠨ ᠤ᠋ ᠪᠠᠷ᠎ᠠ ᠶᠤᠮ ᠠ᠋
ᠬᠠᠰᠠᠭ ᠴᠦᠷᠬᠦᠯᠡᠭᠰᠡᠨ ᠨᠡᠭᠦᠳᠡᠯ ᠢ᠋ᠶ᠋ᠡᠨ ᠦᠭᠡᠢᠯᠡᠬᠦ ᠳ᠋ᠦ᠍
ᠬᠠᠭᠠᠨ ᠠᠪᠤ ᠶ᠋ᠢᠨ ᠮᠢᠨᠢ ᠰᠤᠷᠭᠠᠯ ᠪᠣᠳᠣᠭᠳᠠᠨ᠎ᠠ
ᠬᠠᠨᠳᠠᠭᠠᠢ ᠵᠡᠭᠡᠷ᠎ᠡ ᠲᠡᠢ ᠠᠭᠤᠯᠠᠨ ᠣᠷᠣᠢ ᠳ᠋ᠤ᠌
ᠬᠠᠷᠪᠤᠭᠰᠠᠨ ᠰᠤᠮᠤ ᠪᠠᠨ ᠡᠷᠢᠵᠦ ᠬᠠᠷᠠᠭᠳᠠᠨ᠎ᠠ
( ᠳᠠᠬᠢᠯᠲᠠ )
ᠲᠡᠦᠬᠡ ᠤᠯᠠᠮᠵᠢᠯᠠᠭᠰᠠᠨ ᠰᠣᠶᠣᠯ ᠢ᠋ᠶ᠋ᠠᠨ ᠳᠡᠭᠡᠳᠦᠯᠡᠬᠦ ᠳ᠋ᠦ᠍
ᠲᠡᠭᠷᠢ ᠡᠵᠡᠨ ᠦ᠌ ᠮᠢᠨᠢ ᠢᠪᠡᠭᠡᠯ ᠰᠣᠶᠣᠷᠬᠠᠨ᠎ᠠ
ᠳᠡᠭᠡᠳᠦ ᠶ᠋ᠢᠨ ᠰᠢᠳᠦᠬᠡᠨᠳᠦ ᠪᠤᠷᠬᠠᠨ ᠬᠠᠯᠳᠤᠨ ᠳ᠋ᠤ᠌ ᠪᠠᠨ
ᠳᠡᠯᠡᠬᠡᠢ ᠶ᠋ᠢᠨ ᠠᠷᠢᠭᠤᠨ ᠵᠢᠳᠬᠦᠯ ᠢ᠋ᠶ᠋ᠡᠨ ᠮᠥᠩᠬᠡᠯᠡᠨᠡ
( ᠳᠠᠬᠢᠯᠲᠠ )
ᠦᠰᠦᠭ ᠠᠮᠢᠯᠠᠭᠤᠯᠤᠭᠴᠢ ᠄ ᠲᠤᠭᠴᠢ ᠯᠤᠪᠰᠠᠩ
ᠦᠰᠦᠭ ᠬᠠᠳᠠᠭᠴᠢ ᠄ ᠪᠠᠢ ᠰᠠᠷᠠᠨ᠎ᠠ
ᠬᠢᠨᠠᠭᠴᠢ ᠪᠠᠭᠰᠢ ᠄ ᠲᠤᠭᠴᠢ ᠯᠤᠪᠰᠠᠩ
