ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠨᠠᠢ᠍ᠮᠠ᠂ ᠰᠣᠯᠢᠶᠠᠷᠠᠯ ᠪᠠ ᠬᠣᠣᠷᠯᠠᠯ Эр эмийн ёсон – Д᠂ Болдцэрэн <Нэгдүгээр бүлэг>– Найм ᠂ Солиорол ба хорлол ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠨᠠᠢ᠍ᠮᠠ᠂ ᠰᠣᠯᠢᠶᠠᠷᠠᠯ ᠪᠠ ᠬᠣᠣᠷᠯᠠᠯ Эр эмийн ёсон – Д᠂ Болдцэрэн <Нэгдүгээр бүлэг>– Найм ᠂ Солиорол ба хорлол

ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠨᠠᠢ᠍ᠮᠠ᠂ ᠰᠣᠯᠢᠶᠠᠷᠠᠯ ᠪᠠ ᠬᠣᠣᠷᠯᠠᠯ Эр эмийн ёсон – Д᠂ Болдцэрэн <Нэгдүгээр бүлэг>– Найм ᠂ Солиорол ба хорлол

ᠠᠩᠭᠢᠯᠠᠯ:ᠡᠷᠡᠭᠦᠯ ᠡᠩᠬᠡ
2025-08-06

209

ᠨᠠᠢ᠍ᠮᠠ᠂ ᠰᠣᠯᠢᠶᠠᠷᠠᠯ ᠪᠠ ᠬᠣᠣᠷᠯᠠᠯ


       ᠠᠷᠢᠬᠢ ᠠᠮᠢᠳᠤᠷᠠᠯ ᠤ᠋ᠨ ᠳᠠᠢᠰᠤᠨ ᠭᠡᠳᠡᠭ ᠢ᠋ ᠠᠯᠠᠭ᠎ᠠ ᠶ᠋ᠢᠨ ᠴᠢᠨᠡᠭᠡ ᠬᠡᠦᠬᠡᠳ ᠡᠴᠡ ᠠᠪᠤᠭᠠᠳ ᠠᠵᠠᠢ ᠪᠤᠭᠤᠷᠤᠯ ᠬᠦᠷᠲᠡᠯ᠎ᠡ ᠮᠡᠳᠡᠬᠦ ᠦᠭᠡᠢ ᠬᠥᠮᠦᠨ ᠦᠭᠡᠢ᠃ ᠲᠡᠭᠡᠭᠰᠡᠨ ᠠᠲᠠᠯ᠎ᠠ ᠮᠡᠳᠡᠭᠰᠡᠭᠡᠷ ᠪᠠᠢᠵᠤ ᠤᠤᠭᠤᠭᠠᠳ ᠪᠠᠢᠳᠠᠭ ᠤ᠋ᠨ ᠤᠴᠢᠷ ᠶᠠᠭᠤᠨ ᠪᠢᠯᠡ? ᠡᠭᠦᠨ ᠦ᠌ ᠤᠴᠢᠷ ᠪᠣᠯ ᠠᠷᠢᠬᠢᠨ ᠳ᠋ᠤ᠌ ᠮᠠᠩᠰᠢᠭᠤᠷᠠᠭᠤᠯᠬᠤ ᠦᠢᠯᠡᠴᠢᠯᠡᠭᠡᠨ ᠳ᠋ᠦ᠍ ᠣᠷᠣᠰᠢᠨ᠎ᠠ᠃ ᠡᠨᠡ ᠨᠢ ᠶᠠᠭᠤ ᠭᠡᠰᠡᠨ ᠦᠭᠡ ᠪᠣᠢ ᠭᠡᠪᠡᠯ ᠠᠷᠢᠬᠢ ᠶ᠋ᠢ ᠪᠠᠭ᠎ᠠ ᠬᠡᠮᠵᠢᠶ᠎ᠡ ᠪᠡᠷ ᠤᠤᠭᠤᠬᠤ ᠳ᠋ᠤ᠌ ᠬᠠᠭᠤᠷᠮᠠᠴᠢ ᠪᠠᠷ ᠰᠡᠳᠬᠢᠯ ᠦ᠋ᠨ ᠬᠥᠭᠡᠷᠦᠯ ᠡᠭᠦᠰᠴᠦ᠂ ᠪᠡᠶᠡᠰᠴᠦ᠂ ᠦᠭᠡ ᠶᠠᠷᠢᠶ᠎ᠠ ᠶᠡᠬᠡᠰᠬᠦ ᠡᠴᠡ ᠭᠠᠳᠠᠨ᠎ᠠ ᠬᠡᠯᠡᠵᠦ᠂ ᠬᠢᠵᠦ ᠪᠠᠢᠭ᠎ᠠ ᠪᠠᠨ ᠬᠢᠨᠠᠨ ᠴᠡᠩᠨᠡᠬᠦ ᠴᠢᠳᠠᠪᠤᠷᠢ ᠰᠤᠯᠠᠷᠠᠳᠠᠭ᠃ ᠡᠢᠮᠦ ᠡᠴᠡ ᠡᠷᠡᠭᠡ ᠴᠡᠭᠡᠷ ᠢ᠋ᠶ᠋ᠡᠨ ᠠᠯᠳᠠᠵᠤ᠂ ᠬᠡᠨ ᠦ᠌ ᠴᠦ᠍ ᠰᠠᠨᠠᠭᠠᠨ ᠳ᠋ᠤ᠌ ᠣᠷᠣᠮ᠎ᠠ ᠦᠭᠡᠢ ᠰᠠᠮᠠᠭᠤᠨ ᠶᠠᠪᠤᠳᠠᠯ ᠦᠢᠯᠡᠳᠦᠨ᠎ᠡ᠃ ᠤᠤᠭᠤᠭᠰᠠᠨ ᠠᠷᠢᠬᠢ ᠨᠢ ᠪᠡᠶ᠎ᠡ ᠮᠠᠬᠠᠪᠣᠳ ᠲᠤ᠌ ᠢᠰᠦᠯᠳᠦᠬᠦ ᠡᠴᠡ ᠠᠪᠤᠭᠠᠳ ᠡᠩ ᠦ᠋ᠨ ᠨᠢᠭᠡᠳᠦᠯ ᠪᠣᠯᠲᠠᠯ᠎ᠠ ᠨᠠᠷᠢᠨ ᠲᠦᠪᠡᠭᠲᠡᠢ ᠵᠠᠮ ᠳᠣᠭᠣᠯᠳᠠᠭ᠃ ᠠᠷᠢᠬᠢ ᠶ᠋ᠢ ᠦᠷᠭᠦᠯᠵᠢ ᠶᠡᠬᠡ ᠬᠡᠮᠵᠢᠶ᠎ᠡ ᠪᠡᠷ ᠤᠤᠭᠤᠪᠠᠯ ᠪᠡᠶ᠎ᠡ ᠮᠠᠬᠠᠪᠣᠳ ᠲᠡᠭᠦᠨ ᠲᠡᠢ ᠬᠢᠬᠦ ᠲᠡᠮᠡᠴᠡᠯ ᠳ᠋ᠦ᠍ ᠬᠠᠮᠤᠭ ᠬᠦᠴᠦ ᠪᠡᠨ ᠰᠢᠪᠬᠠᠵᠤ᠂ ᠰᠡᠭᠦᠯ ᠳ᠋ᠡᠭᠡᠨ ᠲᠡᠭᠦᠨ ᠳ᠋ᠦ᠍ ᠪᠦᠷ ᠲᠡᠰᠴᠦ᠂《ᠠᠷᠬᠠᠭ》 ᠪᠣᠯᠤᠨ᠎ᠠ᠃ ᠮᠠᠨ ᠤ᠋ ᠳ᠋ᠤ᠌ ᠵᠢᠩᠬᠢᠨᠢ ᠠᠷᠬᠠᠭ ᠠᠷᠢᠬᠢᠴᠢᠨ ᠲᠡᠳᠦᠢᠯᠡ ᠣᠯᠠᠨ ᠪᠢᠰᠢ ᠪᠠᠢᠭ᠎ᠠ ᠴᠦ᠍ ᠲᠡᠳᠡᠨ ᠦ᠌ ᠲᠠᠷᠢᠵᠤ ᠪᠠᠢᠭ᠎ᠠ ᠭᠠᠢ ᠵᠣᠪᠠᠯᠠᠩ ᠪᠠᠭᠠᠳᠠᠭ᠎ᠠ ᠦᠭᠡᠢ ᠠ᠋᠃ ᠬᠠᠷᠢᠨ ᠠᠷᠬᠠᠭ ᠠᠷᠢᠬᠢᠴᠢᠨ ᠪᠣᠯᠴᠢᠬᠠᠭ᠎ᠠ ᠦᠭᠡᠢ ᠴᠦ᠍ ᠭᠡᠰᠡᠨ ᠠᠮᠰᠠᠬᠤ ᠠ᠋ᠴᠠ ᠪᠤᠴᠠᠬᠤ ᠪᠠᠨ ᠪᠣᠯᠴᠢᠬᠠᠭᠰᠠᠨ ᠤᠯᠤᠰ ᠬᠠᠪᠢ ᠦᠭᠡᠢ ᠣᠯᠠᠨ ᠪᠠᠢᠨ᠎ᠠ᠃ 
       ᠡᠢᠮᠦ ᠳ᠋ᠦ᠍ ᠤᠤᠭᠤᠭᠰᠠᠨ ᠠᠷᠢᠬᠢ ᠡᠷᠡᠭᠦᠯ ᠬᠥᠮᠦᠨ ᠦ᠌ ᠪᠡᠶ᠎ᠡ ᠮᠠᠬᠠᠪᠣᠳ ᠲᠤ᠌ ᠶᠠᠮᠠᠷ ᠬᠣᠣᠷ ᠬᠥᠨᠥᠭᠡᠯ ᠤᠴᠠᠷᠠᠭᠤᠯᠬᠤ ᠶ᠋ᠢ ᠠᠪᠴᠤ ᠦᠵᠡᠶ᠎ᠡ᠃ ᠠᠷᠢᠬᠢ ᠤᠤᠭᠤᠭᠰᠠᠨ ᠨᠢ ᠬᠣᠳᠣᠭᠣᠳᠣᠨ ᠤ᠋ ᠬᠠᠨ᠎ᠠ ᠪᠠᠷ ᠰᠢᠮᠡᠭᠳᠡᠵᠦ᠂ ᠴᠢᠰᠤᠨ ᠳ᠋ᠤ᠌ ᠣᠷᠣᠨ᠎ᠠ᠃ ᠬᠣᠭᠣᠯᠠ ᠤᠮᠳᠠ ᠢᠳᠡᠭᠡ ᠦᠭᠡᠢ ᠥᠯᠥᠨ ᠦᠶ᠎ᠡ ᠳ᠋ᠦ᠍ ᠤᠤᠭᠤᠭᠰᠠᠨ ᠠᠷᠢᠬᠢ ᠨᠢ ᠤᠯᠠᠮ ᠬᠤᠷᠳᠤᠨ ᠰᠢᠮᠡᠭᠳᠡᠨ᠎ᠡ᠃ ᠬᠡᠳᠦᠢ ᠴᠢᠨᠡᠭᠡᠨ ᠬᠤᠷᠳᠤᠨ ᠰᠢᠮᠡᠭᠳᠡᠪᠡᠯ᠂ ᠲᠡᠳᠦᠢ ᠴᠢᠨᠡᠭᠡᠨ ᠬᠤᠷᠳᠤᠨ ᠰᠣᠭᠲᠣᠳᠠᠭ᠃ ᠬᠠᠷᠢᠨ ᠤᠤᠭᠤᠬᠤ ᠠ᠋ᠴᠠ ᠪᠠᠨ ᠡᠮᠦᠨ᠎ᠡ ᠰᠠᠢᠨ ᠬᠣᠭᠣᠯᠠ᠂ ᠴᠠᠢ ᠤᠤᠭᠤᠭᠰᠠᠨ ᠪᠣᠯ ᠶᠠᠭᠠᠬᠢᠬᠤ ᠡᠢᠬᠦ ᠶ᠋ᠢᠨ ᠵᠠᠭᠤᠷ᠎ᠠ ᠦᠭᠡᠢ ᠲᠦᠷᠭᠡᠨ ᠰᠣᠭᠲᠣᠬᠤ ᠠ᠋ᠴᠠ ᠬᠠᠮᠠᠭᠠᠯᠠᠨ᠎ᠠ᠃ ᠰᠣᠭᠲᠣᠬᠤ ᠶ᠋ᠢᠨ ᠬᠢᠷᠢ ᠪᠡᠷ ᠲᠠᠷᠢᠬᠢᠨ ᠤ᠋ ᠠᠩᠬᠠᠷᠤᠯ ᠤ᠋ᠨ ᠲᠥᠪ᠂ ᠬᠥᠮᠦᠨ ᠥᠪᠡᠷ ᠢ᠋ᠶ᠋ᠡᠨ ᠥᠪᠡᠷ ᠢ᠋ ᠪᠡᠨ ᠬᠢᠨᠠᠬᠤ᠂ ᠵᠠᠬᠢᠷᠤᠨ ᠵᠢᠯᠣᠭᠣᠳᠬᠤ ᠲᠥᠪ ᠳᠠᠷᠤᠩᠭᠤᠢᠯᠠᠭᠳᠠᠵᠤ᠂ ᠡᠷᠡᠭᠡ ᠴᠡᠭᠡᠷ ᠢ᠋ᠶ᠋ᠡᠨ ᠠᠯᠳᠠᠬᠤ ᠳ᠋ᠤ᠌ ᠬᠦᠷᠭᠡᠨ᠎ᠡ᠃ ᠰᠣᠭᠲᠣᠭᠤ ᠶ᠋ᠢᠨ ᠨᠢᠳᠦᠨ ᠳ᠋ᠦ᠍ ᠡᠮᠡᠭᠲᠡᠢ ᠬᠥᠮᠦᠨ ᠪᠣᠯᠭᠠᠨ ᠰᠠᠢᠬᠠᠨ ᠬᠠᠷᠠᠭᠳᠠᠵᠤ ᠲᠡᠰᠴᠦ ᠴᠢᠳᠠᠨ᠎ᠠ᠃ ᠡᠢᠨᠬᠦ ᠠᠷᠢᠬᠢ᠂《ᠠᠪᠠᠭᠠᠢ》 ᠬᠣᠶᠠᠷ ᠲᠠᠩᠳᠠ ᠬᠠᠮᠲᠤ ᠶᠠᠪᠤᠳᠠᠭ ᠵᠢᠮ᠎ᠡ ᠲᠡᠢ᠃ ᠵᠠᠷᠢᠮ ᠡᠷᠡᠴᠦᠳ ᠪᠡᠯᠭᠡ ᠶ᠋ᠢᠨ ᠳᠤᠷ᠎ᠠ ᠲᠠᠴᠢᠶᠠᠯ ᠢ᠋ ᠶᠡᠬᠡᠰᠬᠡᠳᠡᠭ ᠮᠡᠲᠦ ᠪᠣᠳᠣᠳᠠᠭ᠃ ᠦᠨᠡᠨ ᠳ᠋ᠡᠭᠡᠨ ᠴᠦ᠍ ᠵᠠᠷᠢᠮ ᠡᠷᠡᠭᠲᠡᠢᠴᠦᠳ ᠲᠦ᠍ ᠠᠷᠢᠬᠢ ᠪᠠᠭ᠎ᠠ ᠵᠡᠷᠭᠡ ᠤᠤᠭᠤᠴᠢᠬᠠᠭᠰᠠᠨ ᠦᠶ᠎ᠡ ᠳ᠋ᠦ᠍ ᠳᠤᠷ᠎ᠠ ᠲᠠᠴᠢᠶᠠᠯ ᠨᠢ ᠨᠡᠮᠡᠭᠳᠡᠵᠦ᠂ ᠬᠤᠷᠢᠴᠠᠯ ᠤ᠋ᠨ ᠦᠢᠯᠡᠳᠦᠯ ᠤᠳᠠᠭᠠᠨ ᠦᠷᠭᠦᠯᠵᠢᠯᠡᠬᠦ ᠨᠢ ᠪᠣᠢ᠃ ᠭᠡᠪᠡᠴᠦ ᠠᠷᠢᠬᠢ ᠶ᠋ᠢ ᠬᠠᠶᠠ᠂ ᠪᠠᠭ᠎ᠠ ᠬᠡᠮᠵᠢᠶ᠎ᠡ ᠪᠡᠷ ᠤᠤᠭᠤᠬᠤ ᠳ᠋ᠤ᠌ ᠯᠠ ᠢᠩᠭᠢᠵᠦ ᠦᠢᠯᠡᠳᠬᠦ ᠡᠴᠡ ᠪᠢᠰᠢ᠂ ᠲᠠᠩᠳᠠ ᠲᠡᠵᠢᠭᠡᠨ ᠲᠡᠳᠬᠦᠬᠦ ᠦᠭᠡᠢ᠃ ᠭᠡᠲᠡᠯ᠎ᠡ ᠨᠢᠭᠡᠬᠡᠨ ᠬᠤᠨᠳᠠᠭ᠎ᠠ ᠠᠷᠢᠬᠢ ᠤᠤᠭᠤᠬᠤ ᠪᠠᠷ ᠪᠦᠷ ᠮᠠᠭᠤᠳᠠᠴᠢᠬᠠᠳᠠᠭ᠂ ᠬᠤᠷᠢᠴᠠᠯ ᠦᠢᠯᠡᠳᠴᠦ ᠴᠢᠳᠠᠬᠤ ᠪᠠᠨ ᠪᠣᠯᠢᠴᠢᠬᠠᠳᠠᠭ ᠴᠦ᠍ ᠡᠷᠡᠴᠦᠳ ᠪᠠᠰᠠ ᠪᠣᠢ᠃ ᠢᠩᠭᠢᠵᠦ ᠠᠷᠢᠬᠢ ᠬᠥᠮᠦᠨ ᠪᠣᠯᠭᠠᠨ ᠳ᠋ᠤ᠌ ᠶᠠᠩᠵᠤ ᠶᠠᠩᠵᠤ ᠦᠢᠯᠡᠴᠢᠯᠡᠨ᠎ᠡ᠃ 
       ᠡᠭᠦᠨ ᠡᠴᠡ ᠭᠠᠳᠠᠨ᠎ᠠ ᠤᠤᠭᠤᠭᠰᠠᠨ ᠠᠷᠢᠬᠢ ᠨᠢ ᠮᠡᠳᠡᠷᠡᠯ ᠦ᠋ᠨ ᠡᠰ ᠢ᠋ ᠦᠢ ᠣᠯᠠᠨ ᠢ᠋ᠶ᠋ᠠᠷ ᠨᠢ ᠦᠬᠦᠭᠦᠯᠳᠡᠭ ᠤᠴᠢᠷ ᠠ᠋ᠴᠠ ᠲᠡᠭᠦᠨ ᠦ᠌ ᠮᠡᠳᠡᠷᠡᠯ ᠰᠡᠳᠬᠢᠴᠡ ᠶ᠋ᠢᠨ ᠰᠣᠩᠭᠣᠮᠠᠯ ᠬᠣᠣᠷ ᠭᠡᠵᠦ ᠨᠡᠷᠡᠯᠡᠳᠡᠭ᠃ ᠨᠢᠭᠡ ᠤᠳᠠᠭ᠎ᠠ ᠤᠬᠠᠭᠠᠨ ᠢ᠋ᠶ᠋ᠠᠨ ᠠᠯᠳᠠᠲᠠᠯ᠎ᠠ ᠰᠣᠭᠲᠣᠬᠤ ᠳ᠋ᠤ᠌20000 ᠭᠠᠷᠤᠢ ᠮᠡᠳᠡᠷᠡᠯ ᠦ᠋ᠨ ᠡᠰ ᠦᠬᠦᠳᠡᠭ ᠢ᠋ ᠡᠷᠳᠡᠮᠲᠡᠳ ᠲᠣᠭᠲᠠᠭᠠᠭᠰᠠᠨ ᠶᠤᠮ᠃ ᠬᠠᠷᠠᠮᠰᠠᠯᠲᠠᠢ ᠨᠢ᠂ ᠮᠡᠳᠡᠷᠡᠯ ᠦ᠋ᠨ ᠡᠰ ᠡᠷᠭᠢᠵᠦ ᠰᠢᠨ᠎ᠡ ᠪᠡᠷ ᠨᠥᠬᠥᠨ ᠲᠥᠯᠥᠵᠢᠬᠦ ᠦᠭᠡᠢ᠃ ᠡᠢᠮᠦ ᠳ᠋ᠦ᠍ ᠰᠣᠭᠲᠣᠬᠤ ᠰᠣᠭᠲᠣᠬᠤ ᠲᠣᠭᠠᠯᠠᠯᠭ᠎ᠠ ᠪᠠᠷ ᠮᠡᠳᠡᠷᠡᠯ ᠦ᠋ᠨ ᠡᠰ ᠬᠣᠷᠣᠭᠳᠠᠵᠤ᠂ ᠮᠡᠳᠡᠷᠡᠯ ᠦ᠋ᠨ ᠡᠰ ᠬᠣᠷᠣᠭᠳᠠᠬᠤ ᠶ᠋ᠢᠨ ᠬᠢᠷᠢ ᠪᠡᠷ ᠮᠤᠯᠭᠤᠤ ᠲᠡᠨᠡᠭ ᠪᠣᠯᠤᠨ᠎ᠠ᠃ ᠢᠩᠭᠢᠵᠦ ᠠᠷᠢᠬᠢ ᠬᠥᠮᠦᠨ ᠦ᠌ ᠤᠬᠠᠭᠠᠨ ᠢ᠋ ᠤᠤᠭᠤᠳᠠᠭ᠃ ᠤᠬᠠᠭᠠᠨ ᠢ᠋ᠶ᠋ᠠᠨ ᠤᠤᠭᠤᠴᠢᠬᠠᠭᠰᠠᠨ ᠥᠭᠡᠳᠡ ᠦᠭᠡᠢ ᠠᠮᠢᠲᠠᠨ ᠭᠡᠵᠦ ᠠᠷᠢᠬᠢᠨ ᠳ᠋ᠤ᠌ ᠣᠷᠣᠭᠰᠠᠨ ᠬᠥᠮᠦᠨ ᠢ᠋ ᠡᠪᠦᠭᠡᠳ᠂ ᠳᠡᠭᠡᠳᠦᠰ ᠮᠠᠨᠢ ᠨᠢᠭᠡ ᠨᠢᠳᠦ ᠪᠡᠷ ᠦᠵᠡᠳᠡᠭ ᠦᠭᠡᠢ ᠨᠢ ᠡᠢᠮᠦ ᠤᠴᠢᠷ ᠲᠠᠢ᠃ ᠤᠤᠭᠤᠭᠰᠠᠨ ᠠᠷᠢᠬᠢ ᠨᠢ ᠲᠠᠷᠢᠬᠢ᠂ ᠮᠡᠳᠡᠷᠡᠯ ᠳ᠋ᠦ᠍ ᠨᠥᠯᠥᠭᠡᠯᠡᠬᠦ ᠡᠴᠡ ᠭᠠᠳᠠᠨ᠎ᠠ ᠡᠷᠡᠭᠲᠡᠢ ᠬᠥᠮᠦᠨ ᠦ᠌ ᠪᠡᠯᠭᠡ ᠶ᠋ᠢᠨ ᠪᠤᠯᠴᠢᠷᠬᠠᠢ ᠲᠥᠮᠦᠰᠦᠨ ᠳ᠋ᠦ᠍ ᠲᠤᠢᠯ ᠤ᠋ᠨ ᠬᠣᠣᠷᠲᠠᠢ ᠨᠥᠯᠥᠭᠡᠯᠡᠨ᠎ᠡ᠃ ᠤᠴᠢᠷ ᠨᠢ ᠲᠡᠭᠦᠨ ᠦ᠌ ᠲᠠᠬᠢᠷ ᠰᠣᠪᠠᠭᠠᠨᠴᠢᠷ ᠲᠤ᠌ ᠡᠷ᠎ᠡ ᠪᠡᠯᠭᠡ ᠶ᠋ᠢᠨ ᠡᠰ ᠪᠣᠯᠪᠠᠰᠤᠷᠠᠳᠠᠭ᠃ ᠲᠡᠢᠮᠦ ᠡᠴᠡ ᠠᠷᠢᠬᠢᠨ ᠤ᠋ ᠨᠥᠯᠥᠭᠡ ᠪᠡᠷ ᠡᠷ᠎ᠡ ᠪᠡᠯᠭᠡ ᠶ᠋ᠢᠨ ᠡᠰ ᠦ᠋ᠨ ᠪᠦᠲᠦᠴᠡ᠂ ᠵᠣᠬᠢᠶᠠᠨ ᠪᠠᠢᠭᠤᠯᠤᠯᠲᠠ ᠡᠪᠳᠡᠷᠡᠵᠦ᠂ ᠬᠡᠪ ᠦ᠋ᠨ ᠦᠢᠯᠡ ᠠᠵᠢᠯᠯᠠᠭ᠎ᠠ ᠨᠢ ᠠᠯᠳᠠᠭᠳᠠᠨ᠎ᠠ᠃ ᠡᠷᠳᠡᠮᠲᠡᠳ ᠦ᠋ᠨ ᠬᠢᠭᠰᠡᠨ ᠰᠤᠳᠤᠯᠭᠠᠨ ᠠ᠋ᠴᠠ ᠦᠵᠡᠬᠦ ᠳ᠋ᠦ᠍ ᠠᠷᠬᠠᠭ ᠠᠷᠢᠬᠢᠴᠢᠨ ᠤ᠋ ᠦᠷ᠎ᠡ ᠶ᠋ᠢᠨ ᠰᠢᠩᠭᠡᠨ ᠳᠣᠲᠣᠷᠠᠬᠢ ᠡᠷ᠎ᠡ ᠪᠡᠯᠭᠡ ᠶ᠋ᠢᠨ ᠡᠰ ᠦ᠋ᠨ ᠲᠣᠭ᠎ᠠ ᠡᠷᠡᠭᠦᠯ ᠬᠥᠮᠦᠨ ᠦ᠌ ᠬᠢ ᠲᠡᠢ ᠬᠠᠷᠢᠴᠠᠭᠤᠯᠬᠤ ᠳ᠋ᠤ᠌ ᠡᠷᠡᠰ ᠴᠥᠭᠡᠷᠡᠵᠦ᠂ ᠲᠡᠭᠦᠨ ᠦ᠌80-90 ᠬᠤᠪᠢ ᠨᠢ ᠬᠥᠳᠡᠯᠭᠡᠨ ᠮᠠᠭᠤ ᠲᠠᠢ ᠪᠤᠶᠤ ᠬᠥᠳᠡᠯᠭᠡᠨ ᠦᠭᠡᠢ᠂ ᠡᠰᠡᠪᠡᠯ ᠪᠦᠲᠦᠴᠡ ᠶ᠋ᠢᠨ ᠭᠠᠵᠢᠭ ᠲᠠᠢ ᠪᠠᠢᠳᠠᠭ ᠠᠵᠠᠢ᠃  
       ᠠᠷᠢᠬᠢᠨ ᠤ᠋ ᠤᠯᠠᠮ ᠠ᠋ᠴᠠ ᠭᠡᠮᠲᠦᠭᠰᠡᠨ ᠪᠡᠯᠭᠡ ᠶ᠋ᠢᠨ ᠡᠰ ᠴᠢᠨᠠᠭᠰᠢᠳᠠ ᠶᠠᠮᠠᠷ ᠤᠷᠰᠢᠭ ᠲᠠᠷᠢᠳᠠᠭ ᠭᠡᠵᠦ ᠰᠠᠨᠠ᠃ ᠬᠣᠢᠨ᠎ᠠ ᠥᠭᠦᠯᠡᠰᠦᠭᠡᠢ᠃ 
       ᠪᠡᠯᠭᠡ ᠶ᠋ᠢᠨ ᠡᠰ ᠲᠦ᠍ ᠡᠴᠢᠭᠡ ᠡᠬᠡ ᠶ᠋ᠢᠨ ᠦᠷ᠎ᠡ ᠤᠳᠤᠮ ᠳ᠋ᠤ᠌ ᠳᠠᠮᠵᠢᠬᠤ ᠤᠳᠤᠮᠰᠢᠯ ᠤ᠋ᠨ ᠮᠠᠲ᠋ᠧᠷᠢᠶᠠᠯ(ᠬᠣᠷᠣᠮᠰᠤᠮ᠂ ᠭᠧᠨ) ᠠᠭᠤᠯᠤᠭᠳᠠᠭᠰᠠᠨ ᠪᠠᠢᠳᠠᠭ ᠠ᠋ᠴᠠ ᠤᠤᠭᠤᠭᠰᠠᠨ ᠠᠷᠢᠬᠢ ᠴᠢᠰᠤ ᠪᠠᠷ ᠳᠠᠮᠵᠢᠨ ᠬᠥᠮᠦᠨ ᠦ᠌ ᠪᠡᠯᠭᠡ ᠶ᠋ᠢᠨ ᠪᠤᠯᠴᠢᠷᠬᠠᠢ ᠳ᠋ᠤ᠌ ᠰᠠᠭᠠᠳ ᠦᠭᠡᠢ ᠨᠡᠪᠲᠡᠷᠡᠵᠦ᠂ ᠲᠡᠨᠳᠡ ᠪᠠᠢᠭ᠎ᠠ ᠪᠡᠯᠭᠡ ᠶ᠋ᠢᠨ ᠡᠰ ᠦ᠋ᠨ ᠬᠣᠷᠣᠮᠰᠤᠮ ᠢ᠋ ᠭᠡᠮᠲᠦᠭᠡᠵᠦ᠂ ᠭᠧᠨ ᠢ᠋ ᠬᠤᠪᠢᠰᠬᠠᠨ᠎ᠠ᠃ ᠡᠢᠨᠬᠦ《ᠬᠣᠷᠸ᠎ᠠ ᠶ᠋ᠢᠨ ᠶᠡᠬᠡᠩᠬᠢ ᠲᠡᠨᠡᠭ ᠮᠠᠩᠭᠠᠷ ᠤ᠋ᠳ ᠠᠷᠢᠬᠢᠴᠢᠨ ᠠ᠋ᠴᠠ ᠲᠥᠷᠥᠳᠡᠭ》᠃ ᠪᠡᠯᠭᠡ ᠶ᠋ᠢᠨ ᠡᠰ ᠬᠣᠷᠣᠮᠰᠤᠮ ᠤ᠋ᠨ ᠭᠡᠮᠲᠦᠯ ᠨᠢ ᠦᠷ᠎ᠡ ᠬᠥᠪᠦᠷᠡᠯ ᠦ᠋ᠨ ᠤᠷᠤᠭ ᠲᠤ᠌ ᠶᠠᠩᠵᠤ ᠪᠦᠷᠢ ᠶ᠋ᠢᠨ ᠤᠷᠰᠢᠭ ᠲᠠᠢ᠃ ᠬᠣᠷᠣᠮᠰᠤᠮ ᠤ᠋ᠨ ᠭᠡᠮᠲᠦᠯ ᠲᠡᠢ ᠪᠡᠯᠭᠡ ᠶ᠋ᠢᠨ ᠡᠰ ᠶᠡᠷᠦ ᠡᠴᠡ ᠪᠡᠨ ᠦᠷ᠎ᠡ ᠲᠣᠭᠲᠠᠭᠠᠬᠤ ᠴᠢᠳᠠᠪᠤᠷᠢ ᠪᠥᠭᠡᠳ ᠦᠷ᠎ᠡ ᠲᠣᠭᠲᠠᠭᠰᠠᠨ ᠴᠦ᠍ ᠶᠡᠬᠡᠩᠬᠢ ᠳ᠋ᠡᠭᠡᠨ ᠬᠥᠩᠭᠡᠵᠢᠯ ᠦ᠋ᠨ ᠡᠬᠢᠨ ᠦ᠌ ᠱᠠᠲᠤᠨ ᠳ᠋ᠤ᠌ ᠦᠬᠦᠵᠦ ᠵᠤᠯᠪᠤᠳᠠᠭ᠃ ᠰᠡᠳᠬᠢᠴᠡ ᠮᠡᠳᠡᠷᠡᠯ ᠦ᠋ᠨ ᠡᠮᠭᠡᠭ ᠰᠤᠳᠤᠯᠤᠯ ᠤ᠋ᠨ ᠲᠥᠪ(смэст) ᠦ᠋ᠨ ᠨᠡᠷᠺᠦᠯᠦᠭᠢ ᠶ᠋ᠢᠨ ᠲᠠᠰᠤᠭ ᠲᠤ᠌ ᠡᠮᠴᠢᠯᠡᠭᠦᠯᠵᠦ ᠪᠠᠢᠭᠰᠠᠨ49 ᠨᠠᠰᠤᠲᠠᠢ ᠳ ᠭᠡᠭᠴᠢ ᠥᠭᠦᠯᠡᠬᠦ ᠳ᠋ᠡᠭᠡᠨ᠄16 ᠨᠠᠰᠤᠨ ᠠ᠋ᠴᠠ ᠡᠬᠢᠯᠡᠵᠦ ᠠᠷᠢᠬᠢ ᠤᠤᠭᠤᠭᠰᠠᠨ᠃ ᠣᠳᠣ9-17 ᠨᠠᠰᠤᠨ ᠤ᠋5 ᠬᠡᠦᠬᠡᠳ ᠲᠡᠢ᠂ ᠬᠣᠶᠠᠷ ᠨᠢ ᠣᠶᠤᠨ ᠤᠬᠠᠭᠠᠨ ᠤ᠋ ᠬᠣᠮᠰᠠᠳᠠᠯ ᠲᠠᠢ᠂ ᠨᠢᠭᠡ ᠨᠢ ᠤᠨᠠᠵᠤ ᠲᠠᠲᠠᠳᠠᠭ ᠡᠪᠡᠳᠴᠢᠨ ᠲᠡᠢ᠃ ᠳ ᠦ᠋ᠨ ᠡᠬᠡᠨᠡᠷ ᠠᠷᠢᠬᠢ ᠤᠤᠭᠤᠳᠠᠭ ᠦᠭᠡᠢ ᠪᠠᠢᠭᠰᠠᠨ ᠪᠣᠯᠪᠠᠴᠤ3 ᠬᠡᠦᠬᠡᠳ ᠨᠠᠰᠤ ᠪᠠᠷᠠᠵᠤ᠂7 ᠤᠳᠠᠭ᠎ᠠ ᠦᠷ᠎ᠡ ᠵᠤᠯᠪᠤᠨ ᠳᠤᠲᠠᠭᠤ ᠲᠥᠷᠥᠵᠦ ᠪᠠᠢᠵᠠᠢ᠃ ᠬᠣᠷᠣᠮᠰᠤᠮ ᠤ᠋ᠨ ᠭᠡᠮᠲᠦᠯ ᠦ᠋ᠨ ᠤᠯᠠᠮ ᠠ᠋ᠴᠠ ᠦᠷ᠎ᠡ ᠬᠥᠪᠦᠷᠡᠯ ᠦ᠋ᠨ ᠡᠷᠬᠡᠲᠡᠨ᠂ ᠰᠢᠰᠲ᠋ᠧᠮ ᠡᠭᠦᠰᠴᠦ ᠠᠷᠢᠯᠭᠠᠬᠤ ᠦᠢᠯᠡ ᠶᠠᠪᠤᠴᠠ ᠠᠯᠳᠠᠭᠳᠠᠵᠤ᠂ ᠶᠡᠬᠡᠩᠬᠢ ᠲᠣᠬᠢᠶᠠᠯᠳᠤᠯ ᠳ᠋ᠤ᠌ ᠲᠥᠷᠥᠯᠬᠢ ᠶ᠋ᠢᠨ ᠬᠥᠭᠵᠢᠯ ᠦ᠋ᠨ ᠰᠣᠭᠣᠭ ᠲᠠᠢ᠂ ᠳᠣᠲᠣᠷ᠎ᠠ ᠡᠷᠬᠡᠲᠡᠨ ᠦ᠌ ᠪᠦᠲᠦᠴᠡ ᠶ᠋ᠢᠨ ᠡᠮᠭᠡᠭ᠂ ᠦᠢᠯᠡ ᠠᠵᠢᠯᠯᠠᠭᠠᠨ ᠤ᠋ ᠬᠢᠮᠤᠷᠠᠯ᠂ ᠣᠶᠤᠨ ᠤᠬᠠᠭᠠᠨ᠂ ᠮᠡᠳᠡᠷᠡᠯ ᠰᠡᠳᠬᠢᠴᠡ ᠶ᠋ᠢᠨ ᠭᠠᠵᠢᠭ ᠲᠠᠢ ᠬᠡᠦᠬᠡᠳ ᠲᠥᠷᠥᠳᠡᠭ᠃ ᠵᠢᠰᠢᠶ᠎ᠠ ᠨᠢ᠄ ᠬᠥᠮᠦᠨ ᠦ᠌21  ᠳ᠋ᠦ᠍ᠭᠡᠷ ᠬᠣᠣᠰ ᠬᠣᠷᠣᠮᠰᠤᠮ ᠨᠢᠭᠡ ᠪᠡᠷ ᠢᠯᠡᠭᠦᠳᠡᠵᠦ ᠭᠤᠷᠪᠠᠯᠠᠪᠠᠯ ᠳ᠋ᠠᠤ ᠶ᠋ᠢᠨ ᠡᠪᠡᠳᠴᠢᠨ ᠭᠡᠳᠡᠭ ᠬᠣᠷᠣᠮᠰᠤᠮ ᠤ᠋ᠨ ᠭᠠᠵᠢᠭ ᠡᠭᠦᠰᠦᠨ᠎ᠡ᠃ ᠡᠢᠮᠦ ᠡᠪᠡᠳᠴᠢᠨ ᠲᠡᠢ ᠬᠡᠦᠬᠡᠳ ᠭᠢᠯᠠᠭᠠᠷ ᠨᠢᠳᠦ ᠲᠡᠢ᠂ ᠴᠢᠬᠢᠨ ᠦ᠌ ᠪᠠᠢᠷᠢᠯᠠᠯ ᠳᠣᠣᠷ᠎ᠠ᠂ ᠲᠠᠩᠨᠠᠢ ᠥᠨᠳᠥᠷ᠂ ᠬᠡᠯᠡ ᠨᠢ ᠬᠥᠰᠢᠭᠦᠨ ᠪᠦᠳᠦᠭᠦᠨ᠂ ᠣᠭᠳᠣᠷ ᠨᠠᠮᠬᠠᠨ ᠬᠠᠮᠠᠷ ᠲᠠᠢ ᠲᠣᠯᠣᠭᠠᠢ ᠵᠢᠵᠢᠭ᠂ ᠣᠶᠤᠨ ᠤᠬᠠᠭᠠᠨ ᠤ᠋ ᠬᠥᠭᠵᠢᠯ ᠮᠠᠰᠢ ᠳᠣᠣᠷ᠎ᠠ᠂ ᠶᠡᠬᠡᠪᠴᠢᠯᠡᠨ《ᠤᠰᠤᠨ ᠲᠡᠨᠡᠭ》 ᠪᠠᠢᠨ᠎ᠠ᠃ ᠣᠯᠠᠨ ᠤᠯᠤᠰ ᠣᠷᠣᠨ ᠢ᠋ᠶ᠋ᠠᠷ ᠬᠢᠭᠳᠡᠭᠰᠡᠨ ᠰᠤᠳᠤᠯᠤᠯ ᠠ᠋ᠴᠠ ᠦᠵᠡᠬᠦ ᠳ᠋ᠦ᠍ ᠬᠣᠷᠣᠮᠰᠤᠮ ᠤ᠋ᠨ ᠭᠠᠵᠢᠭ ᠢ᠋ ᠡᠭᠦᠰᠬᠡᠳᠡᠭ ᠪᠣᠳᠠᠰ ᠤ᠋ᠨ ᠲᠣᠭᠠᠨ ᠳ᠋ᠤ᠌ ᠠᠷᠢᠬᠢ ᠣᠷᠣᠵᠤ ᠪᠠᠢᠨ᠎ᠠ᠃ ᠮᠠᠨ ᠤ᠋ ᠰᠤᠳᠤᠯᠤᠭᠴᠢᠳ( ᠢ· ᠫᠦᠷᠦᠪᠳᠤᠷᠵᠢ᠂ ᠬ᠌· ᠳ᠋ᠡᠰᠢᠵᠢᠭᠪᠡ᠂ ᠮ· ᠣᠳᠬᠣᠨ ᠨᠠᠷ) ᠲᠤᠷᠰᠢᠯᠭ᠎ᠠ ᠶ᠋ᠢᠨ ᠬᠤᠯᠤᠭᠠᠨ᠎ᠠ ᠶ᠋ᠢ ᠠᠷᠢᠬᠢ ᠪᠠ ᠲᠡᠭᠦᠨ ᠦ᠌ ᠵᠠᠳᠠᠷᠠᠯ ᠤ᠋ᠨ ᠪᠦᠲᠦᠭᠡᠭᠳᠡᠬᠦᠨ ᠠᠼᠸᠲ᠋ᠠᠯᠢᠳᠧᠬᠢᠳ᠋ ᠢ᠋ᠶ᠋ᠡᠷ ᠤᠳᠠᠭᠠᠨ ᠬᠤᠭᠤᠴᠠᠭᠠᠨ ᠳ᠋ᠤ᠌ ᠬᠣᠣᠷᠠᠳᠠᠭᠤᠯᠤᠭᠰᠠᠨ ᠤ᠋ ᠡᠴᠦᠰ ᠲᠦ᠍ ᠰᠢᠨᠵᠢᠯᠡᠨ ᠦᠵᠡᠬᠦ ᠳ᠋ᠦ᠍ ᠬᠣᠷᠣᠮᠰᠤᠮ ᠶᠡᠬᠡ ᠪᠡᠷ ᠭᠡᠮᠲᠦᠭᠰᠡᠨ ᠪᠠᠢᠵᠠᠢ᠃ ᠵᠢᠷᠮᠦᠰᠦᠨ ᠦᠶ᠎ᠡ ᠳ᠋ᠦ᠍ ᠠᠷᠢᠬᠢ ᠤᠤᠭᠤᠬᠤ ᠳ᠋ᠤ᠌ ᠴᠢᠰᠤᠨ ᠳ᠋ᠤ᠌ ᠪᠠᠢᠭ᠎ᠠ ᠠᠷᠢᠬᠢᠨ ᠤ᠋ ᠲᠤᠩ ᠤ᠋ᠨ70-80 ᠬᠤᠪᠢ ᠲᠠᠢ ᠲᠡᠩᠴᠡᠬᠦ ᠲᠡᠢᠮᠦ ᠬᠡᠮᠵᠢᠶᠡᠨ ᠦ᠌ ᠠᠷᠢᠬᠢ ᠡᠬᠡ ᠶ᠋ᠢᠨ ᠬᠡᠪᠡᠯᠢ ᠳ᠋ᠦ᠍ ᠪᠠᠢᠭ᠎ᠠ ᠬᠡᠦᠬᠡᠳ ᠦ᠋ᠨ ᠴᠢᠰᠤᠨ ᠳ᠋ᠤ᠌ ᠣᠷᠣᠳᠠᠭ᠃  ᠠᠷᠢᠬᠢᠴᠢᠨ ᠡᠮᠡᠭᠲᠡᠢ ᠡᠴᠡ ᠲᠥᠷᠥᠭᠰᠡᠨ ᠬᠡᠦᠬᠡᠳ ᠶᠡᠬᠡᠩᠬᠢ ᠳ᠋ᠡᠭᠡᠨ ᠵᠢᠵᠢᠭᠬᠡᠨ ᠲᠣᠯᠣᠭᠠᠢ ᠲᠠᠢ᠂ ᠨᠢᠳᠦ᠂ ᠡᠷᠡᠦ ᠨᠢᠭᠤᠷ ᠨᠢ ᠲᠥᠷᠥᠯᠬᠢ ᠭᠠᠵᠢᠭ ᠲᠠᠢ᠂ ᠥᠰᠦᠯᠲᠡ ᠬᠥᠭᠵᠢᠯ ᠤᠳᠠᠭᠠᠨ᠂ ᠤᠬᠠᠭᠠᠨ ᠬᠣᠮᠰᠠᠳᠠᠯ ᠲᠠᠢ ᠪᠠᠢᠳᠠᠭ᠃ ᠡᠭᠦᠨ ᠡᠴᠡ ᠭᠠᠳᠠᠨ᠎ᠠ ᠬᠡᠦᠬᠡᠳ ᠡᠬᠡ ᠶ᠋ᠢᠨ ᠬᠡᠪᠡᠯᠢ ᠳ᠋ᠦ᠍ ᠪᠠᠢᠬᠤ ᠦᠶ᠎ᠡ ᠳ᠋ᠡᠭᠡᠨ ᠠᠷᠢᠬᠢᠨ ᠳ᠋ᠤ᠌ ᠬᠣᠣᠷᠳᠠᠭᠰᠠᠨ ᠤ᠋ ᠤᠯᠠᠮ ᠠ᠋ᠴᠠ ᠠᠷᠬᠠᠭ ᠠᠷᠢᠬᠢᠴᠢᠨ ᠰᠢᠨᠵᠢ ᠲᠡᠢ ᠲᠥᠷᠥᠵᠦ ᠪᠣᠯᠤᠨ᠎ᠠ᠃ ᠬᠡᠦᠬᠡᠳ ᠥᠰᠴᠦ ᠲᠣᠮᠣᠷᠠᠬᠤ ᠳ᠋ᠠᠭᠠᠨ ᠶᠠᠷᠳᠠᠭ ᠳᠣᠭᠰᠢᠨ ᠠᠪᠤᠷᠢ ᠲᠠᠢ᠂ ᠬᠡᠷᠡᠭᠦᠯᠴᠢ᠂ ᠲᠡᠨᠦᠭᠦᠯᠴᠢ᠂ ᠬᠢᠴᠢᠶᠡᠯ ᠨᠣᠮ ᠳ᠋ᠠᠭᠠᠨ ᠮᠠᠭᠤ᠂ ᠠᠷᠢᠬᠢ ᠳᠠᠷᠠᠰᠤ ᠤᠤᠭᠤᠬᠤ᠂ ᠬᠡᠪ ᠵᠢᠷᠤᠮ ᠵᠥᠷᠢᠴᠡᠬᠦ ᠵᠡᠷᠭᠡ ᠪᠡᠷ ᠬᠥᠮᠦᠵᠢᠯ᠂ ᠶᠣᠰᠣ ᠰᠤᠷᠲᠠᠬᠤᠨ ᠤ᠋ ᠳᠣᠭᠣᠯᠳᠠᠯ ᠳ᠋ᠤ᠌ ᠣᠷᠣᠬᠤ ᠨᠢ ᠡᠯᠪᠡᠭ ᠪᠠᠢᠳᠠᠭ᠃ ᠠᠷᠢᠬᠢ ᠨᠢ ᠪᠡᠯᠭᠡ ᠶ᠋ᠢᠨ ᠡᠰ᠂ ᠦᠷ᠎ᠡ ᠤᠳᠤᠮ᠂ ᠮᠡᠳᠡᠷᠡᠯ ᠰᠡᠳᠬᠢᠴᠡ ᠳ᠋ᠦ᠍ ᠨᠥᠯᠥᠭᠡᠯᠡᠭᠡᠳ ᠵᠣᠭᠰᠣᠬᠤ ᠦᠭᠡᠢ ᠪᠡᠯᠭᠡ ᠶ᠋ᠢᠨ ᠰᠤᠯᠠᠷᠠᠯ ᠡᠭᠦᠰᠬᠡᠨ᠎ᠡ᠃ ᠡᠭᠦᠨ ᠢ᠋ ᠶᠠᠭᠤ ᠲᠠᠢ ᠬᠣᠯᠪᠣᠵᠤ ᠲᠠᠢᠯᠪᠤᠷᠢᠯᠠᠬᠤ ᠪᠣᠢ? ᠬᠤᠷᠢᠴᠠᠯ ᠤ᠋ᠨ ᠦᠢᠯᠡᠳᠦᠯ ᠵᠢᠮ᠎ᠡ ᠶᠣᠰᠣ ᠪᠠᠷ ᠢ᠋ᠶ᠋ᠠᠨ ᠬᠡᠪ ᠦ᠋ᠨ ᠪᠣᠯᠵᠤ ᠥᠩᠭᠡᠷᠡᠬᠦ ᠳ᠋ᠦ᠍ ᠮᠡᠳᠡᠷᠡᠯ ᠦ᠋ᠨ ᠰᠢᠰᠲ᠋ᠧᠮ᠂ ᠳᠣᠲᠣᠭᠠᠳᠤ ᠱᠦᠭᠦᠷᠡᠯ ᠦ᠋ᠨ ᠪᠤᠯᠴᠢᠷᠬᠠᠢ᠂ ᠰᠢᠭᠡᠰᠦ ᠪᠡᠯᠭᠡ ᠶ᠋ᠢᠨ ᠲᠣᠭᠲᠠᠯᠴᠠᠭ᠎ᠠ᠂ ᠬᠥᠮᠦᠨ ᠦ᠌ ᠰᠡᠳᠬᠢᠴᠡ ᠨᠢᠭᠡᠨ ᠵᠡᠷᠭᠡ ᠣᠷᠣᠯᠴᠠᠳᠠᠭ ᠢ᠋ ᠳᠡᠭᠡᠷ᠎ᠡ ᠥᠭᠦᠯᠡᠭᠰᠡᠨ ᠪᠢᠯᠡ᠃ ᠲᠡᠭᠡᠪᠡᠯ ᠠᠷᠢᠬᠢᠨ ᠤ᠋ ᠬᠣᠣᠷᠳᠠᠯᠭ᠎ᠠ ᠡᠳᠡᠭᠡᠷ ᠪᠦᠬᠦ ᠲᠣᠭᠲᠠᠯᠴᠠᠭ᠎ᠠ ᠶ᠋ᠢ ᠭᠡᠮᠲᠦᠭᠡᠳᠡᠭ᠃ ᠡᠳᠡᠭᠡᠷ ᠡᠴᠡ ᠬᠠᠮᠤᠭ ᠤ᠋ᠨ ᠶᠡᠬᠡ ᠭᠡᠮᠲᠦᠳᠡᠭ ᠨᠢ ᠮᠡᠳᠡᠷᠡᠯ— ᠰᠢᠩᠭᠡᠨ ᠦ᠌ ᠪᠠ ᠰᠡᠳᠬᠢᠴᠡ ᠶ᠋ᠢᠨ ᠲᠣᠭᠲᠠᠯᠴᠠᠭ᠎ᠠ ᠶᠤᠮ᠃ ᠠᠷᠢᠬᠢᠨ ᠤ᠋ ᠠᠷᠬᠠᠭ ᠬᠣᠣᠷᠳᠠᠯᠭ᠎ᠠ ᠶ᠋ᠢᠨ ᠤᠯᠠᠮ ᠠ᠋ᠴᠠ ᠲᠥᠮᠥᠰᠥᠭ᠂ ᠪᠥᠭᠡᠷ᠎ᠡ ᠶ᠋ᠢᠨ ᠳᠡᠭᠡᠷᠡᠬᠢ ᠪᠤᠯᠴᠢᠷᠬᠠᠢ᠂ ᠥᠨᠥᠴᠢᠨ ᠲᠠᠷᠢᠬᠢ᠂ ᠪᠠᠮᠪᠠᠢ ᠪᠤᠯᠴᠢᠷᠬᠠᠢ ᠵᠡᠷᠭᠡ ᠳᠣᠲᠣᠭᠠᠳᠤ ᠱᠦᠭᠦᠷᠡᠯ ᠦ᠋ᠨ ᠴᠢᠬᠤᠯᠠ ᠡᠭᠦᠷᠭᠡ ᠲᠡᠢ ᠪᠤᠯᠴᠢᠷᠬᠠᠢ ᠨᠤᠭᠤᠳ ᠤ᠋ᠨ ᠦᠢᠯᠡ ᠠᠵᠢᠯᠯᠠᠭ᠎ᠠ ᠪᠠᠭᠤᠷᠠᠵᠤ᠂ ᠡᠨᠡ ᠪᠡᠯᠭᠡ ᠶ᠋ᠢᠨ ᠦᠢᠯᠡ ᠠᠵᠢᠯᠯᠠᠭ᠎ᠠ ᠶ᠋ᠢ ᠬᠢᠮᠤᠷᠠᠯ ᠳ᠋ᠤ᠌ ᠣᠷᠣᠭᠤᠯᠳᠠᠭ᠃ ᠢᠩᠭᠢᠭᠰᠡᠨ ᠢ᠋ᠶ᠋ᠡᠷ ᠬᠤᠷᠢᠴᠠᠬᠤ ᠳᠤᠷ᠎ᠠ ᠬᠦᠰᠡᠯ ᠪᠠᠭᠤᠷᠠᠵᠤ᠂ ᠡᠷ᠎ᠡ ᠪᠡᠯᠭᠡ ᠡᠷᠬᠡᠲᠡᠨ ᠬᠥᠪᠴᠢᠷᠡᠬᠦ ᠨᠢ ᠮᠠᠭᠤᠳᠠᠵᠤ᠂ ᠦᠷ᠎ᠡ ᠶ᠋ᠢᠨ ᠰᠢᠩᠭᠡᠨ ᠢ᠋ᠶ᠋ᠡᠨ ᠬᠤᠷᠳᠤᠨ ᠠᠯᠳᠠᠨ᠎ᠠ᠃ ᠠᠷᠢᠬᠢ ᠡᠷᠡᠭᠲᠡᠢᠴᠦᠳ ᠲᠦ᠍ ᠪᠡᠯᠭᠡ ᠶ᠋ᠢᠨ ᠰᠤᠯᠠᠷᠠᠯ ᠡᠭᠦᠰᠬᠦ ᠳ᠋ᠦ᠍ ᠭᠤᠷᠪᠠᠨ ᠬᠦᠴᠦᠨ ᠵᠦᠢᠯ ᠦ᠋ᠨ ᠭᠣᠣᠯ ᠡᠭᠦᠷᠭᠡ ᠭᠦᠢᠴᠡᠳᠬᠡᠵᠦ ᠪᠠᠢᠭ᠎ᠠ ᠶ᠋ᠢ ᠡᠷᠳᠡᠮᠲᠡᠳ ᠲᠣᠭᠲᠠᠭᠠᠭᠰᠠᠨ ᠶᠤᠮ᠃ 
       ᠡᠭᠦᠨ ᠳ᠋ᠦ᠍᠄ ᠨᠢᠭᠡᠳᠦᠭᠡᠷ ᠲᠦ᠍᠂ ᠤᠭ ᠠ᠋ᠴᠠ ᠪᠡᠯᠭᠡ ᠶ᠋ᠢᠨ ᠴᠢᠯᠬ᠎ᠠ ᠰᠤᠯᠠ ᠳᠣᠷᠣᠢ ᠪᠠᠢᠭᠰᠠᠨ ᠪᠠᠢᠬᠤ(ᠥᠭᠡᠷ᠎ᠡ ᠪᠡᠷ ᠬᠡᠯᠡᠪᠡᠯ᠂ ᠬᠥᠮᠦᠨ ᠦ᠌ ᠲᠥᠷᠥᠯᠬᠢ ᠶ᠋ᠢᠨ ᠣᠨᠴᠠᠯᠢᠭ)᠃ ᠬᠣᠶᠠᠳᠤᠭᠠᠷ ᠲᠤ᠌᠂ ᠳᠡᠭᠡᠳᠦ ᠮᠡᠳᠡᠷᠡᠯ ᠦ᠋ᠨ ᠦᠢᠯᠡ ᠠᠵᠢᠯᠯᠠᠭᠠᠨ ᠤ᠋ ᠬᠡᠪ ᠰᠢᠨᠵᠢ᠂ ᠭᠠᠯᠪᠢᠷ᠂ ᠵᠠᠩ ᠲᠥᠷᠬᠦ ᠶ᠋ᠢᠨ ᠰᠣᠳᠣᠨ ᠣᠨᠴᠠᠯᠢᠭ ᠣᠷᠣᠨ᠎ᠠ᠃ ᠳᠡᠭᠡᠳᠦ ᠮᠡᠳᠡᠷᠡᠯ ᠦ᠋ᠨ ᠦᠢᠯᠡ ᠠᠵᠢᠯᠯᠠᠭᠠᠨ ᠤ᠋ ᠭᠠᠯᠪᠢᠷ ᠤ᠋ᠨ ᠬᠤᠪᠢ ᠳ᠋ᠤ᠌ ᠬᠣᠯᠸᠷᠢᠺ ᠶᠤᠮ ᠤᠤ ᠮᠸᠯᠠᠩᠬᠤᠯᠢᠺ ᠠᠪᠤᠷᠢ ᠲᠠᠢ ᠡᠷᠡᠴᠦᠳ᠂ ᠮᠥᠨ ᠲᠡᠭᠦᠨᠴᠢᠯᠡᠨ ᠥᠪᠡᠷᠲᠡᠭᠡᠨ ᠢᠲᠡᠭᠡᠯ ᠮᠠᠭᠤᠲᠠᠢ᠂ ᠢᠴᠢᠮᠡᠬᠡᠢ ᠪᠦᠷᠦᠭ᠂ ᠦᠷᠭᠦᠯᠵᠢ ᠡᠷᠡᠭᠡᠯᠵᠡᠨ ᠲᠡᠭᠡᠨᠡᠭᠡᠯᠵᠡᠳᠡᠭ ᠵᠠᠩ ᠲᠥᠷᠬᠦ ᠶ᠋ᠢᠨ ᠣᠨᠴᠠᠯᠢᠭ ᠲᠠᠢ ᠬᠥᠮᠦᠰ ᠪᠡᠯᠭᠡ ᠶ᠋ᠢᠨ ᠰᠤᠯᠠᠷᠠᠯ ᠳ᠋ᠤ᠌ ᠬᠢᠯᠪᠠᠷᠬᠠᠨ ᠥᠷᠲᠥᠳᠡᠭ᠃ ᠭᠤᠷᠪᠠᠳᠤᠭᠠᠷ ᠲᠤ᠌᠂ ᠠᠷᠢᠬᠢ ᠤᠤᠭᠤᠭᠰᠠᠨ ᠬᠤᠭᠤᠴᠠᠭ᠎ᠠ᠃ ᠬᠡᠳᠦᠢ ᠴᠢᠨᠡᠭᠡ ᠣᠯᠠᠨ ᠵᠢᠯ ᠠᠷᠢᠬᠢ ᠤᠤᠭᠤᠪᠠᠯ ᠲᠡᠳᠦᠢ ᠴᠢᠨᠡᠭᠡ ᠪᠡᠯᠭᠡ ᠶ᠋ᠢᠨ ᠰᠤᠯᠠᠷᠠᠯ ᠳ᠋ᠤ᠌ ᠠᠮᠠᠷᠬᠠᠨ ᠣᠷᠣᠨ᠎ᠠ᠃ 
       ᠡᠭᠦᠨ ᠡᠴᠡ ᠭᠠᠳᠠᠨ᠎ᠠ ᠠᠷᠢᠬᠢᠨ ᠤ᠋ ᠠᠷᠬᠠᠭ ᠬᠣᠣᠷᠳᠠᠯᠭ᠎ᠠ ᠶ᠋ᠢᠨ ᠨᠥᠯᠥᠭᠡ ᠪᠡᠷ ᠬᠥᠮᠦᠨ ᠦ᠌ ᠰᠡᠳᠬᠢᠴᠡ ᠶ᠋ᠢᠨ ᠦᠢᠯᠡ ᠠᠵᠢᠯᠯᠠᠭᠠᠨ ᠤ᠋ ᠪᠦᠷᠢᠯᠳᠦᠬᠦᠨ ᠬᠡᠰᠡᠭ ᠪᠣᠯᠬᠤ ᠲᠠᠨᠢᠨ ᠮᠡᠳᠡᠬᠦ ᠣᠶᠤᠨ ᠤᠬᠠᠭᠠᠨ᠂ ᠵᠠᠩ ᠰᠡᠳᠬᠢᠯ᠂ ᠵᠣᠷᠢᠭ᠂ ᠤᠬᠠᠮᠰᠠᠷ ᠪᠦᠬᠦᠯᠢ ᠳ᠋ᠡᠭᠡᠨ ᠬᠤᠪᠢᠷᠠᠨ ᠥᠭᠡᠷᠴᠢᠯᠡᠭᠳᠡᠳᠡᠭ᠃ ᠠᠷᠢᠬᠢᠨ ᠤ᠋ ᠠᠷᠬᠠᠭ ᠬᠣᠣᠷᠳᠠᠯᠭ᠎ᠠ ᠶ᠋ᠢᠨ ᠤᠯᠠᠮ ᠠ᠋ᠴᠠ ᠬᠥᠮᠦᠨ ᠦ᠌ ᠵᠠᠩ ᠲᠥᠯᠥᠪ ᠡᠪᠳᠡᠷᠡᠵᠦ᠂ ᠨᠢᠭᠡ ᠬᠡᠰᠡᠭ ᠨᠢ ᠠᠭᠤᠷᠲᠠᠢ᠂ ᠲᠣᠭᠰᠢᠨ ᠪᠦᠳᠦᠭᠦᠯᠢᠭ᠂ ᠪᠤᠰᠤᠳ ᠠ᠋ᠴᠠ ᠦ᠋ ᠰᠡᠪ ᠡᠷᠢᠬᠦ᠂ ᠠᠭᠰᠤᠮ ᠲᠠᠯᠪᠢᠬᠤ᠂ ᠵᠣᠳᠣᠭᠠᠨ ᠴᠣᠬᠢᠭᠠᠨ ᠬᠢᠬᠦ ᠵᠡᠷᠭᠡ ᠶᠣᠰᠣ ᠵᠦᠢ ᠶ᠋ᠢᠨ ᠪᠣᠯᠤᠨ ᠡᠷᠬᠡ ᠵᠦᠢ ᠶ᠋ᠢᠨ ᠵᠥᠷᠢᠴᠡᠯ ᠭᠠᠷᠭᠠᠳᠠᠭ ᠲᠠᠩᠬᠠᠢ ᠪᠠᠯᠠᠮᠠᠳ ᠠᠪᠤᠷᠢ ᠲᠠᠢ ᠬᠥᠮᠦᠰ ᠪᠣᠯᠤᠨ ᠬᠤᠪᠢᠷᠠᠳᠠᠭ᠃ ᠭᠡᠲᠡᠯ᠎ᠡ ᠨᠥᠭᠦᠭᠡ ᠨᠢᠭᠡ ᠬᠡᠰᠡᠭ ᠨᠢ ᠬᠥᠩᠭᠡᠨ ᠬᠡᠢᠰᠪᠦᠷᠢ᠂ ᠬᠤᠳᠠᠯᠴᠢ᠂ ᠮᠠᠭᠤ ᠵᠠᠯᠢᠷᠬᠠᠭ᠂ ᠵᠣᠬᠢᠰ ᠦᠭᠡᠢ ᠮᠠᠭᠤᠬᠠᠢ᠂ ᠭᠤᠲᠤᠮᠰᠢᠭ ᠲᠠᠢ ᠬᠥᠮᠦᠨ ᠦ᠌ ᠶᠣᠰᠣᠨ ᠠ᠋ᠴᠠ ᠭᠠᠵᠢᠭᠤᠳᠠ ᠬᠡᠷᠡᠭ ᠦᠢᠯᠡᠳᠴᠦ ᠬᠥᠯᠴᠥᠭᠦᠷᠬᠡᠳᠡᠭ ᠪᠡᠷᠲᠡᠭᠴᠢᠨ ᠠᠮᠢᠳᠤᠷᠠᠯ ᠲᠠᠢ ᠬᠥᠮᠦᠰ ᠪᠣᠯᠤᠨ᠎ᠠ᠃ ᠭᠤᠷᠪᠠᠳᠠᠬᠢ ᠬᠡᠨᠡᠭ ᠦᠭᠡᠢ ᠭᠥᠯᠢᠭᠡᠷ᠂ ᠰᠠᠨᠠᠭ᠎ᠠ ᠠᠮᠤᠷᠯᠢᠩᠭᠤᠢ᠂ ᠨᠢᠩᠵᠢᠨ ᠰᠡᠳᠬᠢᠯ ᠦᠭᠡᠢ᠂ ᠬᠠᠢᠬᠤᠷᠤᠮᠵᠢ ᠦᠭᠡᠢ ᠬᠥᠮᠦᠰ ᠪᠣᠯᠤᠨ᠎ᠠ᠃ ᠠᠷᠢᠬᠢ ᠶ᠋ᠢ ᠬᠡᠲᠦᠷᠡᠭᠦᠯᠦᠨ ᠬᠡᠷᠡᠭᠯᠡᠪᠡᠯ ᠦᠷ᠎ᠡ ᠬᠡᠦᠬᠡᠳ ᠢᠳᠡᠵᠦ ᠤᠤᠭᠤᠬᠤ ᠡᠮᠦᠰᠴᠦ ᠵᠡᠭᠦᠬᠦ ᠪᠡᠷ ᠳᠤᠲᠠᠭᠳᠠᠬᠤ ᠲᠡᠳᠦᠢ ᠦᠭᠡᠢ ᠡᠬᠡᠨᠡᠷ ᠨᠥᠬᠥᠷ ᠬᠣᠶᠠᠷ ᠬᠣᠭᠣᠷᠣᠨᠳᠣ ᠪᠠᠨ ᠬᠠᠷᠢᠴᠠᠭ᠎ᠠ ᠮᠠᠭᠤᠳᠠᠨ᠎ᠠ᠃ ᠠᠷᠢᠬᠢᠨ ᠳ᠋ᠤ᠌ ᠣᠷᠣᠭᠰᠠᠨ ᠬᠥᠮᠦᠨ ᠭᠡᠷ ᠲᠡᠭᠡᠨ ᠣᠷᠣᠢᠲᠠᠵᠤ ᠢᠷᠡᠳᠡᠭ ᠪᠣᠯᠵᠤ᠂ ᠬᠡᠦᠬᠡᠳ ᠦ᠋ᠨ ᠬᠥᠮᠦᠵᠢᠯ ᠳ᠋ᠦ᠍ ᠪᠠᠷᠤᠭ ᠣᠷᠣᠯᠴᠠᠬᠤ ᠪᠠᠨ ᠪᠣᠯᠢᠵᠤ᠂ ᠰᠥᠨᠢ ᠶ᠋ᠢᠨ ᠭᠡᠢᠴᠢᠨ ᠰᠢᠭ ᠰᠥᠨᠢ ᠳᠦᠯᠢ ᠪᠡᠷ ᠰᠣᠭᠲᠣᠭᠤ ᠢᠷᠡᠵᠦ᠂ ᠡᠬᠡᠨᠡᠷ ᠢ᠋ᠶ᠋ᠡᠨ 《ᠵᠣᠪᠠᠭᠠᠨ᠎ᠠ》᠃ ᠠᠷᠢᠬᠢᠨ ᠤ᠋ ᠮᠠᠭᠤᠬᠠᠢ ᠡᠬᠡᠭᠦᠨ ᠦᠨᠦᠷ ᠠᠮᠠᠨ ᠠ᠋ᠴᠠ ᠬᠠᠩᠬᠤᠯᠬᠤ ᠨᠢ ᠡᠮᠡᠭᠲᠡᠢ ᠬᠥᠮᠦᠨ ᠦ᠌ ᠳᠤᠷ᠎ᠠ ᠶ᠋ᠢ ᠭᠤᠲᠤᠭᠠᠵᠤ᠂ ᠣᠢᠷᠠᠳᠬᠤ ᠬᠦᠰᠡᠯ ᠦᠭᠡᠢ ᠪᠣᠯᠭᠠᠨ᠎ᠠ᠃ ᠡᠢᠮᠦ ᠳ᠋ᠦ᠍ ᠡᠮᠡᠭᠲᠡᠢ ᠬᠥᠮᠦᠨ ᠡᠷ᠎ᠡ ᠨᠥᠬᠥᠷ ᠢ᠋ᠶ᠋ᠡᠨ ᠰᠣᠭᠲᠣᠭᠤ ᠬᠥᠯᠴᠥᠭᠦᠦ ᠦᠶ᠎ᠡ ᠳ᠋ᠦ᠍ ᠣᠢᠷᠠᠳᠬᠤ ᠠ᠋ᠴᠠ ᠢᠯᠡᠳᠲᠡ ᠳᠤᠷ᠎ᠠ ᠦᠭᠡᠢ ᠨᠢ ᠬᠦᠷᠬᠦ ᠡᠴᠡ ᠪᠢᠰᠢ᠂ ᠰᠠᠢᠬᠠᠨ ᠵᠠᠩ ᠶᠠᠭᠠᠬᠢᠪᠠᠴᠤ ᠭᠠᠷᠭᠠᠬᠤ ᠦᠭᠡᠢ ᠶᠦᠮ᠃ ᠭᠡᠪᠡᠴᠦ ᠡᠭᠦᠨ ᠢ᠋ ᠰᠣᠭᠲᠣᠭᠤ ᠲᠣᠯᠣᠭᠠᠢ ᠣᠢᠯᠠᠭᠠᠬᠤ ᠦᠭᠡᠢ᠂ ᠬᠠᠷᠠᠳᠠᠵᠤ ᠰᠡᠷᠡᠳᠡᠵᠦ ᠡᠬᠢᠯᠡᠨ᠎ᠡ᠃ ᠨᠥᠭᠥᠭᠡᠲᠡᠭᠡᠭᠦᠷ᠂ ᠠᠷᠢᠬᠢᠴᠢᠨ ᠬᠥᠮᠦᠨ ᠦ᠌ ᠪᠡᠯᠭᠡ ᠶ᠋ᠢᠨ ᠦᠢᠯᠡ ᠠᠵᠢᠯᠯᠠᠭ᠎ᠠ ᠰᠤᠯᠠᠷᠠᠬᠤ ᠨᠢ ᠠᠷᠢᠬᠢᠨ ᠤ᠋ ᠬᠠᠷᠠᠳᠠᠯᠲᠠ ᠳᠡᠮᠡᠢᠷᠡᠯ ᠡᠭᠦᠰᠬᠦ ᠳ᠋ᠦ᠍ ᠴᠢᠬᠤᠯᠠ ᠨᠥᠯᠥᠭᠡ ᠦᠵᠡᠭᠦᠯᠳᠡᠭ᠃ ᠡᠬᠡᠨᠡᠷ ᠢ᠋ᠶ᠋ᠡᠨ ᠬᠠᠷᠠᠳᠠᠨ ᠰᠡᠷᠡᠳᠡᠵᠦ᠂ ᠥᠪᠡᠷ ᠡᠴᠡ ᠪᠡᠨ ᠬᠥᠨᠳᠡᠢᠷᠡᠵᠦ᠂ ᠥᠭᠡᠷ᠎ᠡ ᠬᠥᠮᠦᠨ ᠲᠡᠢ ᠬᠣᠯᠪᠣᠭ᠎ᠠ ᠲᠠᠢ ᠪᠣᠯᠵᠤ ᠪᠠᠢᠨ᠎ᠠ ᠭᠡᠵᠦ ᠠᠭᠰᠤᠮ ᠲᠠᠯᠪᠢᠨ᠎ᠠ᠃ ᠤᠯᠠᠮ ᠢ᠋ᠶ᠋ᠠᠷ ᠬᠠᠷ᠎ᠠ ᠰᠠᠨᠠᠭ᠎ᠠ ᠪᠣᠳᠣᠯ ᠨᠢ ᠤᠯᠠᠮ ᠭᠠᠭᠠᠷᠠᠵᠤ᠂ ᠨᠢᠭᠤᠴᠠ ᠠᠮᠠᠷᠠᠭ ᠲᠠᠢ ᠪᠣᠯᠤᠭᠰᠠᠨ ᠭᠡᠮᠡᠨ ᠬᠠᠷᠠᠳᠠᠵᠤ᠂ ᠬᠣᠯᠠ ᠣᠢᠷ᠎ᠠ ᠶ᠋ᠢᠨ ᠲᠠᠨᠢᠬᠤ ᠲᠠᠨᠢᠬᠤ ᠦᠭᠡᠢ ᠪᠦᠬᠦ ᠬᠥᠮᠦᠨ ᠲᠡᠢ ᠬᠠᠷᠠᠳᠠᠵᠤ᠂ ᠭᠠᠳᠠᠭᠤᠷ ᠳᠣᠲᠣᠭᠤᠷ ᠬᠤᠪᠴᠠᠰᠤ ᠶ᠋ᠢ ᠨᠢ ᠰᠢᠯᠭᠠᠬᠤ ᠵᠡᠷᠭᠡ ᠪᠡᠷ ᠡᠪ ᠦᠭᠡᠢ ᠵᠠᠩ ᠭᠠᠷᠭᠠᠨ᠎ᠠ᠃ ᠰᠡᠭᠦᠯ ᠰᠡᠭᠦᠯ ᠳ᠋ᠡᠭᠡᠨ ᠬᠠᠷᠠᠳᠠᠬᠤ ᠳᠡᠮᠡᠢᠷᠡᠯ ᠨᠢ ᠤᠯᠠᠮ ᠳᠠᠭᠠᠭᠠᠮᠵᠢᠷᠠᠵᠤ᠂ ᠡᠬᠡᠨᠡᠷ ᠢ᠋ᠶ᠋ᠡᠨ ᠮᠥᠷᠳᠡᠨ ᠮᠥᠰᠬᠢᠬᠦ᠂ ᠲᠠᠨᠢᠬᠤ ᠲᠠᠨᠢᠬᠤ ᠦᠭᠡᠢ ᠬᠥᠮᠦᠨ ᠲᠡᠢ ᠵᠠᠪᠬᠠᠢᠷᠠᠵᠤ ᠪᠠᠢᠨ᠎ᠠ ᠭᠡᠮᠡᠨ ᠬᠠᠭᠤᠷᠮᠠᠴᠢ ᠢᠲᠡᠭᠡᠯ ᠦᠨᠡᠮᠰᠢᠯ ᠳ᠋ᠡᠭᠡᠨ ᠬᠥᠲᠥᠯᠦᠭᠳᠡᠵᠦ᠂ ᠣᠷᠣ ᠦᠭᠡᠢ ᠬᠣᠭᠣᠰᠠ ᠵᠠᠷᠭᠤ ᠮᠡᠳᠡᠭᠦᠯᠵᠦ᠂ ᠡᠳᠦᠷ ᠪᠦᠷᠢ《ᠲᠡᠩᠨᠡᠵᠦ》᠂ ᠠᠵᠢᠯ ᠳᠡᠭᠡᠷ᠎ᠡ ᠪᠠᠢᠭ᠎ᠠ ᠡᠰᠡᠬᠦ ᠶ᠋ᠢ ᠤᠲᠠᠰᠤ ᠪᠠᠷ ᠯᠠᠪᠯᠠᠵᠤ᠂ ᠡᠰᠡᠪᠡᠯ ᠣᠴᠢᠵᠤ ᠰᠢᠯᠭᠠᠬᠤ᠂ ᠭᠡᠷ ᠡᠴᠡ ᠭᠠᠳᠠᠭᠤᠷ ᠥᠩᠭᠡᠷᠡᠭᠰᠡᠨ ᠴᠠᠭ ᠮᠥᠴᠡ ᠪᠦᠷᠢ ᠳ᠋ᠦ᠍ ᠲᠣᠭᠠᠴᠠᠭ᠎ᠠ ᠬᠢᠵᠦ᠂ ᠬᠠᠮᠢᠭ᠎ᠠ᠂ ᠬᠡᠨ ᠲᠡᠢ ᠪᠠᠢᠭᠰᠠᠨ ᠲᠤᠬᠠᠢ《ᠲᠠᠢᠯᠤᠨ》 ᠲᠠᠯᠪᠢᠬᠤ ᠶ᠋ᠢ ᠱᠠᠭᠠᠷᠳᠠᠨ᠎ᠠ᠃ ᠬᠠᠷᠠᠳᠠᠬᠤ ᠳᠡᠮᠡᠢᠷᠡᠯ ᠠᠳᠠᠭ ᠰᠡᠭᠦᠯ ᠳ᠋ᠡᠭᠡᠨ ᠡᠬᠡᠨᠡᠷ ᠢ᠋ᠶ᠋ᠡᠨ ᠲᠡᠳᠦᠢ ᠦᠭᠡᠢ ᠦᠷ᠎ᠡ ᠬᠡᠦᠬᠡᠳ ᠢ᠋ᠶ᠋ᠡᠨ ᠬᠠᠷᠠᠳᠠᠨ᠂《ᠮᠢᠨᠦ ᠬᠡᠦᠬᠡᠳ》 ᠪᠢᠰᠢ ᠭᠡᠰᠡᠨ ᠡᠷᠡᠭᠦᠯ ᠪᠢᠰᠢ ᠦᠵᠡᠯ ᠰᠠᠨᠠᠭᠠᠨ ᠳ᠋ᠤ᠌ ᠠᠪᠲᠠᠨ ᠲᠡᠭᠦᠨ ᠢ᠋ᠶ᠋ᠡᠨ ᠪᠠᠲᠤᠯᠠᠬᠤ ᠡᠯᠳᠡᠪ ᠣᠷᠣᠯᠳᠣᠯᠭ᠎ᠠ ᠬᠢᠳᠡᠭ᠃ ᠬᠡᠦᠬᠡᠳ ᠡᠬᠡ ᠶ᠋ᠢᠨ ᠢ᠋ᠶ᠋ᠡᠨ ᠲᠠᠯ᠎ᠠ ᠳ᠋ᠤ᠌ ᠣᠷᠣᠵᠤ᠂ ᠥᠮᠥᠭᠯᠡᠨ ᠬᠠᠮᠠᠭᠠᠯᠠᠬᠤ ᠶ᠋ᠢ ᠡᠭᠦᠨ ᠦ᠌ ᠨᠤᠲᠠᠯᠠᠭ᠎ᠠ ᠭᠡᠵᠦ ᠲᠣᠭᠠᠴᠠᠳᠠᠭ᠃ ᠡᠨᠡ ᠪᠦᠬᠦ ᠪᠠᠢᠳᠠᠯ ᠡᠴᠦᠰ ᠲᠡᠭᠡᠨ ᠡᠬᠡᠨᠡᠷ ᠢ᠋ᠶ᠋ᠡᠨ ᠪᠣᠯᠤᠨ ᠬᠠᠭᠤᠷᠮᠠᠴᠢ ᠠᠮᠠᠷᠠᠭ ᠬᠣᠯᠪᠣᠭ᠎ᠠ ᠲᠠᠢ ᠬᠥᠮᠦᠰ ᠦ᠋ᠨ ᠠᠮᠢ ᠨᠠᠰᠤᠨ ᠳ᠋ᠤ᠌ ᠬᠦᠷᠬᠦ ᠳ᠋ᠦ᠍ ᠴᠦ᠍ ᠬᠦᠷᠭᠡᠬᠦ ᠨᠢ ᠪᠣᠢ᠃ 
       ᠠᠷᠬᠠᠭ ᠠᠷᠢᠬᠢᠳᠠᠯᠲᠠ ᠡᠪᠡᠳᠴᠢᠨ ᠦ᠌ ᠳᠤᠮᠳᠠ ᠦᠶ᠎ᠡ ᠪᠣᠯᠤᠨ ᠲᠡᠭᠦᠰᠬᠡᠯ ᠦ᠋ᠨ ᠱᠠᠲᠤᠨ ᠳ᠋ᠤ᠌ ᠰᠡᠳᠬᠢᠴᠡ ᠶ᠋ᠢᠨ ᠥᠭᠡᠷᠡᠴᠢᠯᠡᠯᠲᠡ ᠤᠯᠠᠮ ᠭᠦᠨᠵᠡᠭᠡᠢᠷᠡᠳᠡᠭ᠃ ᠡᠭᠦᠨ ᠦ᠌ ᠨᠢᠭᠡ ᠨᠢ ᠠᠷᠢᠬᠢᠨ ᠰᠣᠯᠢᠶ᠎ᠠ ᠶᠤᠮ᠃ 
       ᠁ ᠡᠪᠡᠳᠴᠢᠲᠡᠨ ᠨ·44 ᠨᠠᠰᠤᠲᠠᠢ᠂ ᠠᠷᠢᠬᠢᠳᠠᠬᠤ ᠪᠠᠷ ᠭᠡᠷ ᠣᠷᠣᠨ ᠠ᠋ᠴᠠ ᠪᠠᠨ ᠵᠢᠭᠤᠲᠠᠨ ᠬᠣᠲᠠ ᠠ᠋ᠴᠠ ᠬᠥᠳᠡᠭᠡ ᠶᠠᠪᠤᠵᠤ᠂ ᠠᠮᠠᠷᠠᠯᠲᠠ ᠶ᠋ᠢᠨ900 ᠲᠦᠬᠦᠢᠭ ᠢ᠋ᠶ᠋ᠡᠷ5 ᠬᠣᠨᠣᠭ ᠤ᠋ᠨ ᠲᠤᠷᠰᠢ ᠲᠠᠩᠳᠠ ᠬᠥᠯᠴᠥᠭᠦᠷᠡᠵᠦ᠂ ᠡᠴᠦᠰ ᠲᠦ᠋ᠨᠢ ᠠᠷᠢᠬᠢᠨ ᠤ᠋ ᠰᠣᠯᠢᠶ᠎ᠠ ᠲᠣᠰᠴᠤ ᠭᠡᠷ ᠲᠡᠭᠡᠨ ᠡᠷᠭᠢᠵᠦ ᠢᠷᠡᠭᠡᠳ᠂ ᠰᠡᠳᠬᠢᠯ ᠮᠡᠳᠡᠷᠡᠯ ᠦ᠋ᠨ ᠡᠮᠨᠡᠯᠭᠡ ᠳ᠋ᠦ᠍ ᠬᠦᠷᠭᠡᠭᠳᠡᠵᠦ ᠬᠡᠪᠲᠡᠵᠡᠢ᠃ ᠡᠨᠡ ᠠᠷᠢᠬᠢᠴᠢᠨ ᠡᠮᠨᠡᠯᠭᠡ ᠳ᠋ᠦ᠍ ᠪᠠᠢᠬᠤ ᠦᠶ᠎ᠡ ᠶ᠋ᠢᠨ3 ᠡᠳᠦᠷ ᠦ᠋ᠨ ᠰᠡᠳᠬᠢᠴᠡ ᠶ᠋ᠢᠨ ᠪᠠᠢᠳᠠᠯ ᠢ᠋ ᠥᠭᠦᠯᠡᠪᠡᠯ᠄ — ᠰᠡᠭᠦᠯ ᠤᠳᠠᠭ᠎ᠠ ᠲᠠᠩᠳᠠ ᠠᠷᠢᠬᠢᠳᠠᠵᠤ ᠶᠠᠪᠤᠬᠤ ᠳ᠋ᠠᠭᠠᠨ《ᠨᠠᠮ᠎ᠠ ᠶᠢ ᠬᠥᠮᠦᠨ ᠠᠯᠠᠬᠤ ᠭᠡᠵᠦ ᠪᠠᠢᠨ᠎ᠠ》 ᠭᠡᠵᠦ ᠶᠠᠷᠢᠨ ᠣᠷᠣᠨ ᠳᠣᠣᠭᠤᠷ ᠬᠥᠨᠵᠢᠯᠡ ᠲᠡᠢ ᠪᠡᠨ ᠮᠥᠯᠬᠥᠨ ᠣᠷᠣᠵᠤ᠂ ᠨᠢᠭᠤᠭᠳᠠᠬᠤ ᠪᠠᠢᠳᠠᠯ ᠢ᠋ᠶ᠋ᠠᠷ ᠰᠣᠯᠢᠶᠠᠷᠠᠯ ᠡᠬᠢᠯᠡᠵᠡᠢ᠃ ᠭᠡᠷ ᠲᠡᠭᠡᠨ ᠢᠷᠡᠭᠰᠡᠨ ᠣᠷᠣᠢ ᠪᠠᠨ ᠪᠠᠢᠰᠢᠩ ᠤ᠋ᠨ ᠬᠠᠨ᠎ᠠ ᠳ᠋ᠤ᠌ ᠴᠢᠬᠢ ᠪᠡᠨ ᠲᠠᠯᠪᠢᠨ《ᠮᠠᠨ ᠤ᠋ ᠡᠬᠡᠨᠡᠷ ᠶᠠᠷᠢᠭᠠᠳ ᠪᠠᠢᠨ᠎ᠠ᠃ ᠨᠠᠳᠠ ᠠ᠋ᠴᠠ ᠰᠠᠯᠵᠤ ᠥᠭᠡᠷ᠎ᠡ ᠪᠠᠶᠠᠨ ᠬᠥᠮᠦᠨ ᠲᠡᠢ ᠰᠠᠭᠤᠬᠤ ᠭᠡᠳ ᠪᠠᠢᠨ᠎ᠠ᠃ ᠴᠢ ᠰᠣᠨᠣᠰ!》 ᠭᠡᠵᠦ ᠬᠡᠯᠡᠭᠡᠳ ᠬᠥᠷᠰᠢ ᠠᠢᠯ ᠤ᠋ᠨ ᠢ᠋ᠶ᠋ᠠᠨ ᠨᠢᠭᠡᠨ ᠡᠮᠡᠭᠲᠡᠢ ᠶ᠋ᠢᠨ ᠲᠣᠯᠣᠭᠠᠢ ᠶ᠋ᠢ ᠪᠠᠢᠰᠢᠩ ᠤ᠋ᠨ ᠬᠠᠨ᠎ᠠ ᠳ᠋ᠤ᠌ ᠮᠥᠷᠭᠥᠭᠦᠯᠦᠭᠰᠡᠨ ᠪᠠᠢᠨ᠎ᠠ᠃
       ᠰᠥᠨᠢ ᠶ᠋ᠢᠨ22 ᠴᠠᠭ ᠠ᠋ᠴᠠ3 ᠴᠠᠭ ᠤ᠋ᠨ ᠬᠣᠭᠣᠷᠣᠨᠳᠣ ᠪᠦᠭᠦᠳᠡ5 ᠴᠠᠭ ᠤ᠋ᠨ ᠲᠤᠷᠰᠢ ᠳᠡᠭᠡᠳᠦ ᠳᠠᠪᠬᠤᠷ ᠤ᠋ᠨ ᠠᠢᠯ ᠳ᠋ᠤᠨᠢ ᠠᠵᠢᠯ ᠤ᠋ᠨ ᠭᠠᠵᠠᠷ ᠤ᠋ᠨ ᠨᠡᠷ᠎ᠡ ᠪᠦᠬᠦᠢ8 ᠬᠥᠮᠦᠨ ᠢ᠋ ᠴᠤᠭᠯᠠᠭᠤᠯᠤᠨ ᠠᠪᠠᠭᠠᠢ ᠶ᠋ᠢ ᠨᠢ ᠰᠠᠯᠭᠠᠨ ᠲᠡᠳᠬᠦᠪᠦᠷᠢ ᠳ᠋ᠦ᠍ ᠭᠠᠷᠤᠭᠰᠠᠨ᠂ ᠪᠠᠶᠠᠨ ᠳ᠋ᠤ᠌— ᠲᠠᠢ ᠰᠠᠭᠤᠯᠭᠠᠬᠤ ᠪᠠᠷ ᠵᠣᠬᠢᠶᠠᠨ ᠪᠠᠢᠭᠤᠯᠤᠯᠲᠠ ᠲᠠᠢ ᠦᠢᠯᠡ ᠠᠵᠢᠯᠯᠠᠭ᠎ᠠ ᠶᠠᠪᠤᠭᠤᠯᠵᠤ ᠪᠠᠢᠭ᠎ᠠ ᠲᠤᠬᠠᠢ ᠶᠠᠷᠢᠶ᠎ᠠ ᠰᠣᠨᠣᠰᠤᠭᠳᠠᠵᠠᠢ᠃ ᠲᠡᠳᠡ ᠲᠣᠯᠣᠭᠠᠢ ᠬᠣᠯᠪᠣᠨ ᠰᠢᠯᠦᠭᠯᠡᠵᠦ᠂ ᠲᠡᠭᠦᠨ ᠢ᠋《ᠠᠷᠢᠬᠢᠴᠢᠨ》 ᠭᠡᠵᠦ ᠮᠠᠭᠤᠯᠠᠭᠠᠳ᠂ ᠲᠡᠭᠦᠨ ᠦ᠌ ᠠᠮᠢᠳᠤᠷᠠᠯ ᠳ᠋ᠤ᠌ ᠲᠣᠬᠢᠶᠠᠯᠳᠤᠭᠰᠠᠨ ᠰᠢᠪᠰᠢᠭᠲᠦ ᠪᠦᠬᠦ ᠦᠢᠯᠡ ᠶᠠᠪᠤᠳᠠᠯ ᠢ᠋ ᠵᠢᠮᠡᠯᠡᠨ ᠪᠤᠷᠤᠭᠤᠰᠢᠶᠠᠨ ᠶᠠᠷᠢᠭᠠᠳ ᠪᠠᠢᠵᠠᠢ᠃ ᠲᠡᠳᠡ ᠮᠠᠭᠨᠢᠲ᠋ᠣᠹᠣᠨ ᠠᠵᠢᠯᠯᠠᠭᠤᠯᠤᠨ ᠬᠥᠭᠵᠢᠮ ᠦ᠋ᠨ ᠠᠶ᠎ᠠ ᠲᠠᠯᠪᠢᠨ ᠪᠥᠵᠢᠭᠯᠡᠵᠦ᠂ ᠨᠠᠷᠭᠢᠨ ᠴᠡᠩᠭᠡᠵᠦ ᠪᠠᠢᠭ᠎ᠠ ᠨᠢ ᠰᠣᠨᠣᠰᠤᠭᠳᠠᠵᠠᠢ᠃ ᠠᠪᠠᠭᠠᠢ ᠨᠢ ᠲᠡᠳᠡᠨ ᠲᠡᠢ ᠨᠡᠢᠯᠡᠵᠦ ᠵᠠᠪᠬᠠᠢ ᠵᠠᠢᠳᠠᠩ ᠶᠠᠪᠤᠳᠠᠯ ᠦᠢᠯᠡᠳᠴᠦ ᠪᠠᠢᠭ᠎ᠠ ᠶᠤᠮ ᠰᠢᠭ᠋ ᠰᠠᠨᠠᠭᠳᠠᠭᠰᠠᠨ᠃ ᠲᠡᠭᠦᠨ ᠳ᠋ᠦ᠍ ᠬᠠᠨᠳᠤᠵᠤ《ᠡᠰᠡᠪᠡᠯ ᠥᠪᠡᠷ ᠢ᠋ ᠴᠢᠨᠢ᠂ ᠡᠰᠡᠪᠡᠯ ᠬᠣᠶᠠᠷ ᠬᠡᠦᠬᠡᠳ ᠦ᠋ᠨ ᠨᠢᠭᠡ ᠶ᠋ᠢ ᠠᠯᠠᠨ᠎ᠠ》 ᠭᠡᠵᠦ ᠲᠡᠳᠡ ᠶᠠᠷᠢᠭᠠᠳ ᠪᠠᠢᠵᠠᠢ᠃ ᠲᠡᠳᠡ ᠬᠤᠤᠪᠢᠯᠳᠤᠨ ᠲᠡᠭᠦᠨ ᠢ᠋ ᠠᠯᠠᠭᠠᠳ᠂ ᠡᠬᠡᠨᠡᠷ ᠢ᠋ ᠨᠢ ᠳ᠋ᠦ᠍— ᠲᠡᠢ ᠰᠠᠭᠤᠯᠭᠠᠬᠤ ᠦᠢᠯᠡ ᠠᠵᠢᠯᠯᠠᠭ᠎ᠠ ᠶᠠᠪᠤᠭᠤᠯᠵᠤ ᠪᠠᠢᠨ᠎ᠠ ᠭᠡᠵᠦ ᠲᠡᠷᠡ ᠪᠡᠷ ᠣᠢᠯᠠᠭᠠᠭᠠᠳ ᠡᠨᠡ ᠪᠠᠢᠳᠠᠯ ᠢ᠋ ᠲᠡᠭᠦᠷᠭᠡ ᠶ᠋ᠢᠨ ᠢ᠋ᠶ᠋ᠡᠨ ᠰᠡᠷᠭᠡᠢᠯᠡᠬᠦ ᠳ᠋ᠦ᠍ ᠤᠲᠠᠰᠤ ᠪᠠᠷ ᠮᠡᠳᠡᠭᠳᠡᠭᠡᠳ ᠬᠢᠲᠤᠭ᠎ᠠ᠂ ᠵᠠᠭᠠᠵᠤᠤᠷ ᠪᠠᠷᠢᠭᠠᠳ ᠭᠠᠳᠠᠭᠰᠢ ᠭᠠᠷᠬᠤ ᠳ᠋ᠤ᠌ ᠲᠡᠳᠡᠭᠡᠷ ᠬᠥᠮᠦᠰ ᠠᠯᠠᠭ᠎ᠠ ᠪᠣᠯᠴᠢᠬᠠᠭᠰᠠᠨ ᠪᠠᠢᠵᠠᠢ᠃ ᠮᠠᠷᠭᠠᠰᠢ ᠥᠷᠯᠥᠭᠡ ᠨᠢ《ᠥᠴᠥᠭᠡᠳᠦᠷ ᠣᠷᠣᠢ ᠶᠠᠭᠤᠨ ᠤ᠋ ᠬᠥᠮᠥᠨ ᠱᠤᠤᠭᠢᠭᠠᠳ ᠪᠠᠢᠪᠠ ᠠ᠋?》 ᠭᠡᠵᠦ ᠰᠢᠯᠭᠠᠵᠤ᠂ ᠭᠡᠷ ᠣᠷᠣᠨ ᠤ᠋ ᠪᠠᠨ ᠬᠥᠮᠦᠰ ᠢ᠋ ᠰᠠᠨᠳᠤᠷᠭᠠᠪᠠ᠃ ᠪᠣᠰᠤᠩᠭᠤᠲᠠ ᠠᠵᠢᠯ ᠤ᠋ᠨ ᠭᠠᠵᠠᠷ ᠤᠷᠤᠭᠤ ᠪᠠᠨ ᠶᠠᠪᠤᠵᠤ᠂ ᠥᠩᠭᠡᠷᠡᠭᠰᠡᠨ ᠰᠥᠨᠢ ᠶ᠋ᠢᠨ ᠶᠠᠪᠤᠳᠠᠯ ᠢ᠋ ᠳᠠᠷᠤᠭ᠎ᠠ ᠨᠠᠷ ᠲᠠᠭᠠᠨ ᠨᠢᠭᠡᠳ ᠨᠢᠭᠡ ᠦᠭᠡᠢ ᠮᠡᠳᠡᠭᠳᠡᠪᠡ᠃ ᠡᠳᠦᠷ ᠨᠢ ᠺᠣᠰᠲ᠋ᠢᠶᠣᠮ ᠳᠡᠭᠡᠷ᠎ᠡ ᠪᠡᠨ ᠳᠡᠪᠡᠯ ᠡᠮᠦᠰᠦᠭᠡᠳ2 ᠬᠡᠦᠬᠡᠳ ᠢ᠋ᠶ᠋ᠡᠨ ᠳᠠᠭᠠᠭᠤᠯᠤᠨ ᠡᠬᠡᠨᠡᠷ ᠳᠡᠭᠡᠷ᠎ᠡ ᠪᠡᠨ ᠣᠴᠢᠭᠠᠳ《ᠪᠢᠳᠡ ᠭᠤᠷᠪᠠ ᠶ᠋ᠢ ᠮᠠᠨ ᠤ᠋ ᠣᠷᠴᠢᠨ ᠤ᠋ ᠳ ᠠᠯᠠᠬᠤ ᠭᠡᠵᠦ ᠪᠠᠢᠨ᠎ᠠ》 ᠭᠡᠵᠡᠢ᠃ ᠲᠡᠷᠡ ᠡᠳᠦᠷ ᠲᠡᠭᠦᠨ ᠢ᠋ ᠬᠠᠮᠢᠭᠠᠰᠢ ᠯᠠ ᠶᠠᠪᠤᠨ᠎ᠠ ᠨᠢᠭᠡ ᠡᠮᠡᠭᠲᠡᠢ᠂ ᠬᠣᠶᠠᠷ ᠡᠷᠡᠭᠲᠡᠢ ᠬᠥᠮᠦᠨ ᠳᠠᠭᠠᠭᠠᠳ ᠪᠠᠢᠭ᠎ᠠ ᠶᠤᠮ ᠰᠢᠭ᠋ ᠰᠠᠨᠠᠭᠳᠠᠨ᠂ ᠳᠠᠭᠤ ᠨᠢ ᠰᠣᠨᠣᠰᠤᠭᠳᠠᠨ《ᠨᠥᠭᠦᠭᠡ ᠨᠥᠬᠥᠷ ᠴᠢᠨᠢ ᠡᠨᠳᠡ ᠵᠣᠭᠰᠣᠵᠤ ᠪᠠᠢᠨ᠎ᠠ᠃ ᠤᠰᠤᠨ ᠳ᠋ᠤ᠌ ᠣᠷᠣᠵᠤ ᠪᠠᠢᠨ᠎ᠠ》 ᠭᠡᠬᠦᠴᠢᠯᠡᠨ ᠢ᠋ᠶ᠋ᠡᠷ ᠬᠢᠭᠰᠡᠨ ᠪᠦᠭᠦᠳᠡ ᠶ᠋ᠢ ᠨᠢ ᠲᠠᠢᠯᠪᠤᠷᠢᠯᠠᠨ ᠶᠠᠷᠢᠭᠠᠳ ᠪᠠᠢᠵᠠᠢ᠃ ᠮᠥᠨ ᠲᠡᠭᠦᠨᠴᠢᠯᠡᠨ ᠬᠣᠶᠠᠷ ᠬᠥᠮᠦᠨ ᠳᠠᠭᠠᠭᠠᠳ《ᠫᠤᠤᠳᠠᠨ᠎ᠠ᠂ ᠡᠰᠡᠪᠡᠯ ᠫᠤᠤᠵᠢᠩ ᠬᠠᠶᠠᠨ᠎ᠠ᠃ ᠡᠨᠡ ᠨᠥᠬᠥᠷ ᠳᠡᠭᠡᠷ᠎ᠡ ᠲᠤᠷᠰᠢᠯᠭ᠎ᠠ ᠬᠢᠨ᠎ᠡ᠃ ᠬᠣᠶᠠᠷ ᠶᠠᠩᠵᠤ ᠪᠠᠷ ᠬᠢᠮᠡᠯ ᠢ᠋ᠶ᠋ᠡᠷ ᠪᠡᠶ᠎ᠡ ᠵᠠᠰᠠᠭᠤᠯᠤᠨ᠎ᠠ》ᠭᠡᠵᠦ ᠶᠠᠷᠢᠭᠠᠳ ᠪᠠᠢᠬᠤ ᠨᠢ ᠰᠣᠨᠣᠰᠤᠭᠳᠠᠵᠠᠢ᠃ ᠢᠩᠭᠢᠵᠦ ᠠᠷᠢᠬᠢᠳᠠᠨ ᠰᠣᠭᠲᠣᠭᠤᠷᠠᠬᠤ ᠶᠠᠪᠤᠳᠠᠯ ᠨᠢ ᠬᠥᠮᠦᠨ ᠦ᠌ ᠪᠡᠶ᠎ᠡ ᠮᠠᠬᠠᠪᠣᠳ ᠢ᠋ ᠬᠣᠣᠷᠳᠠᠭᠤᠯᠵᠤ ᠲᠠᠬᠢᠷ ᠳᠤᠲᠠᠭᠤ᠂ ᠵᠠᠬ᠎ᠠ ᠶ᠋ᠢᠨ ᠪᠠ ᠲᠥᠪ ᠮᠡᠳᠡᠷᠡᠯ ᠦ᠋ᠨ ᠰᠢᠰᠲ᠋ᠧᠮ ᠢ᠋ ᠬᠣᠣᠷᠳᠠᠭᠤᠯᠵᠤ ᠥᠷᠥᠭᠡᠯ ᠲᠠᠲᠠᠩᠬᠠᠢ᠂ ᠬᠦᠷᠢᠶᠡᠯᠡᠨ ᠪᠠᠢᠭ᠎ᠠ ᠶᠠᠭᠤᠮᠠᠰ ᠦᠵᠡᠭᠳᠡᠯ ᠢ᠋ ᠲᠠᠨᠢᠨ ᠮᠡᠳᠡᠬᠦ ᠴᠢᠳᠠᠪᠤᠷᠢ ᠶ᠋ᠢ ᠠᠯᠳᠠᠭᠳᠠᠭᠤᠯᠵᠤ ᠭᠠᠵᠢᠭᠤ ᠲᠤᠰᠬᠠᠯ᠂ ᠬᠡᠢ ᠦᠵᠡᠭᠳᠡᠯ᠂ ᠳᠡᠮᠡᠢᠷᠡᠯ᠂ ᠡᠯᠪᠡᠭ ᠪᠠᠶᠠᠨ ᠣᠶᠤᠨ ᠤᠬᠠᠭᠠᠨ ᠢ᠋ ᠬᠣᠣᠷᠳᠠᠭᠤᠯᠵᠤ ᠲᠡᠨᠡᠭ᠂ ᠳᠤᠷ᠎ᠠ ᠵᠣᠷᠢᠭ ᠢ᠋ ᠥᠭᠡᠷᠡᠴᠢᠯᠡᠵᠦ ᠠᠷᠢᠬᠢᠨ ᠤ᠋ ᠲᠤᠩ᠂ ᠰᠡᠳᠬᠢᠴᠡ ᠤᠬᠠᠮᠰᠠᠷ ᠢ᠋ ᠬᠤᠪᠢᠷᠠᠭᠤᠯᠵᠤ ᠰᠣᠯᠢᠶ᠎ᠠ᠂ ᠦᠷ᠎ᠡ ᠤᠳᠤᠮ ᠢ᠋ ᠬᠥᠨᠥᠭᠡᠵᠦ ᠤᠬᠠᠭᠠᠨ ᠬᠣᠮᠰᠠᠳᠠᠯ᠂ ᠡᠮᠭᠡᠭ ᠲᠥᠷᠬᠦ᠂ ᠤᠨᠠᠳᠠᠭ ᠡᠪᠡᠳᠴᠢᠨ ᠲᠡᠢ ᠪᠣᠯᠭᠠᠳᠠᠭ ᠪᠢᠣᠯᠣᠭᠢ ᠶ᠋ᠢᠨ ᠬᠣᠣᠷᠲᠤ ᠦᠵᠡᠭᠳᠡᠯ ᠶᠦᠮ᠃ ᠠᠷᠢᠬᠢᠨ ᠤ᠋ ᠬᠣᠣᠷ ᠬᠣᠯᠪᠣᠭᠳᠠᠯ ᠤ᠋ᠨ ᠲᠤᠬᠠᠢ ᠡᠨᠳᠡ ᠲᠡᠨᠳᠡ ᠯᠧᠺᠼᠢ ᠶᠠᠷᠢᠶ᠎ᠠ ᠬᠢᠬᠦ ᠳ᠋ᠦ᠍《ᠠᠷᠢᠬᠢ ᠪᠡᠯᠭᠡ ᠶ᠋ᠢᠨ ᠰᠤᠯᠠᠷᠠᠯ ᠡᠭᠦᠰᠬᠡᠳᠡᠭ ᠭᠡᠳᠡᠭ᠃ ᠲᠡᠢᠮᠦ ᠠᠢᠬᠤᠪᠲᠤᠷ ᠬᠣᠣᠷᠲᠠᠢ ᠯᠠ ᠶᠤᠮ ᠪᠣᠯ ᠮᠢᠨᠦ ᠨᠢᠭᠡ ᠨᠠᠢᠵᠠ ᠠᠷᠢᠬᠢ ᠶ᠋ᠢ ᠨᠠᠰᠤ ᠪᠠᠷ ᠢ᠋ᠶ᠋ᠠᠨ ᠤᠤᠭᠤᠵᠤ ᠪᠠᠢᠨ᠎ᠠ᠃ ᠲᠡᠭᠡᠯ᠎ᠡ ᠭᠡᠳ ᠮᠠᠭᠤᠳᠠᠭᠰᠠᠨ ᠶᠠᠭᠤᠮ᠎ᠠ ᠶᠡᠷᠦ ᠠᠯᠠᠭ᠎ᠠ᠂ ᠡᠳᠦᠷ ᠪᠣᠯᠭᠠᠨ ᠡᠩᠭᠡᠷ ᠵᠥᠷᠢᠭᠦᠯᠵᠦ ᠴᠢᠳᠠᠵᠤ ᠪᠠᠢᠨ᠎ᠠ᠃ ᠤᠤᠭᠤᠭᠰᠠᠨ ᠢ᠋ᠶ᠋ᠠᠷ ᠢ᠋ᠶ᠋ᠠᠨ ᠪᠣᠯᠳᠠᠭ ᠪᠣᠯ ᠲᠡᠷᠡ ᠯᠠ ᠶᠣᠰᠣᠲᠠᠢ ᠪᠡᠯᠭᠡ ᠶ᠋ᠢᠨ ᠰᠤᠯᠠᠷᠠᠯ ᠳ᠋ᠤ᠌ ᠬᠠᠮᠤᠭ ᠤ᠋ᠨ ᠲᠦᠷᠦᠭᠦᠨ ᠣᠷᠣᠬᠤ ᠶᠤᠮ ᠪᠢᠰᠢ ᠤᠤ?》 ᠭᠡᠵᠦ ᠮᠤᠰᠬᠢᠬᠤ ᠨᠢ ᠴᠥᠭᠡᠨ ᠦᠭᠡᠢ ᠪᠠᠢᠳᠠᠭ᠃ ᠡᠢᠮᠦ ᠪᠠᠢᠵᠤ ᠪᠣᠯᠤᠨ᠎ᠠ ᠠ᠋᠂ ᠲᠡᠭᠦᠨ ᠢ᠋ ᠪᠢ ᠦᠭᠡᠢᠰᠬᠡᠬᠦ ᠦᠭᠡᠢ᠃ ᠶᠠᠭᠠᠬᠢᠭᠠᠳ ᠭᠡᠪᠡᠯ ᠬᠡᠴᠢᠨᠡᠨ ᠴᠦ᠍ ᠤᠤᠭᠤᠭᠰᠠᠨ  ᠬᠤᠷᠢᠴᠠᠬᠤ ᠳᠤᠷ᠎ᠠ ᠲᠠᠴᠢᠶᠠᠯ ᠨᠢ ᠬᠠᠷᠢᠳᠠᠭ ᠦᠭᠡᠢ ᠲᠡᠢᠮᠦ ᠪᠡᠯᠭᠡ ᠶ᠋ᠢᠨ ᠴᠢᠯᠬ᠎ᠠ ᠰᠠᠢᠲᠠᠢ ᠡᠷᠡᠴᠦᠳ ᠪᠠᠢᠳᠠᠭ᠃ ᠭᠡᠪᠡᠴᠦ ᠡᠢᠮᠦ ᠬᠥᠮᠦᠨ ᠲᠤᠩ ᠴᠥᠭᠡᠬᠡᠨ ᠪᠠᠢᠳᠠᠭ ᠤᠴᠢᠷ ᠠ᠋ᠴᠠ ᠠᠷᠢᠬᠢᠳᠠᠨ ᠰᠣᠭᠲᠣᠭᠤᠷᠠᠬᠤ ᠨᠢ ᠶᠡᠬᠡᠪᠴᠢᠯᠡᠨ ᠪᠡᠯᠭᠡ ᠶ᠋ᠢᠨ ᠰᠤᠯᠠᠷᠠᠯ ᠳ᠋ᠤ᠌ ᠣᠷᠣᠭᠤᠯᠳᠠᠭ᠃ ᠪᠡᠯᠭᠡ ᠶ᠋ᠢᠨ ᠦᠢᠯᠡ ᠠᠵᠢᠯᠯᠠᠭ᠎ᠠ ᠪᠣᠯ ᠵᠢᠮ᠎ᠡ ᠶᠣᠰᠣᠭᠠᠷ ᠢ᠋ᠶ᠋ᠠᠨ ᠪᠣᠯ ᠨᠠᠰᠤᠨ ᠥᠨᠳᠥᠷ ᠭᠠᠷᠲᠠᠯ᠎ᠠ ᠬᠡᠪ ᠢ᠋ᠶ᠋ᠡᠷ ᠢ᠋ᠶ᠋ᠡᠨ ᠪᠠᠢᠳᠠᠭ᠃ ᠭᠡᠲᠡᠯ᠎ᠡ ᠠᠷᠢᠬᠢ ᠬᠥᠮᠦᠨ ᠦ᠌ ᠨᠠᠰᠤ ᠶ᠋ᠢ ᠬᠤᠯᠠᠭᠠᠢᠯᠠᠵᠤ ᠠᠷᠢᠬᠢᠴᠢᠳ ᠤ᠋ᠨ ᠳᠣᠲᠣᠷ᠎ᠠ60 ᠳᠡᠭᠡᠭᠰᠢ ᠨᠠᠰᠤᠯᠠᠭᠰᠠᠨ ᠬᠥᠮᠦᠨ ᠪᠠᠷᠤᠭ ᠪᠠᠢᠳᠠᠭ ᠦᠭᠡᠢ᠃ ᠰᠡᠭᠦᠯ ᠦ᠋ᠨ ᠦᠶ᠎ᠡ ᠳ᠋ᠦ᠍ ᠠᠷᠢᠬᠢᠴᠢᠳ ᠤ᠋ᠨ ᠳᠤᠮᠳᠠ ᠠᠷᠢᠬᠢᠨ ᠤ᠋ ᠡᠰᠡᠷᠭᠦ ᠡᠮᠴᠢᠯᠡᠭᠡ ᠬᠢᠯᠭᠡᠭᠰᠡᠨ ᠦ᠌ ᠳᠠᠷᠠᠭ᠎ᠠ᠂ ᠲᠤᠬᠠᠢᠯᠠᠪᠠᠯ ᠲᠸᠲ᠋ᠤᠷᠠᠮ ᠢ᠋ ᠤᠤᠭᠤᠬᠤ ᠪᠠᠷ ᠪᠡᠯᠭᠡ ᠶ᠋ᠢᠨ ᠰᠤᠯᠠᠷᠠᠯ ᠳ᠋ᠤ᠌ ᠣᠷᠣᠳᠠᠭ ᠭᠡᠰᠡᠨ ᠶᠠᠷᠢᠶ᠎ᠠ ᠠᠮᠠ ᠳᠠᠮᠵᠢᠨ ᠳᠡᠯᠭᠡᠷᠡᠵᠦ᠂ ᠡᠭᠦᠪᠡᠷ ᠰᠢᠯᠲᠠᠭᠠᠯᠠᠨ ᠡᠮᠴᠢᠯᠡᠭᠡ ᠬᠢᠬᠦ ᠡᠴᠡ ᠳᠤᠷ᠎ᠠ ᠦᠭᠡᠢᠴᠡᠬᠦ ᠨᠢ ᠦᠵᠡᠭᠳᠡᠬᠦ ᠪᠣᠯᠤᠯ᠎ᠠ᠃ ᠡᠢᠮᠦ ᠬᠤᠳᠠᠯ ᠶᠠᠷᠢᠶᠠᠨ ᠳ᠋ᠤ᠌ ᠢᠲᠡᠭᠡᠵᠦ᠂ ᠠᠷᠢᠬᠢ ᠪᠠᠷ ᠠᠷᠢᠭᠤᠨ ᠪᠡᠶ᠎ᠡ ᠴᠣᠭᠴᠠᠰ ᠢ᠋ᠶ᠋ᠠᠨ ᠬᠣᠣᠷᠳᠠᠭᠤᠯᠬᠤ ᠶ᠋ᠢᠨ ᠬᠡᠷᠡᠭ ᠦᠭᠡᠢ᠃ ᠡᠮᠴᠢᠯᠡᠭᠡ ᠬᠢᠯᠭᠡᠵᠦ᠂ ᠡᠮ ᠳᠠᠩ ᠤᠤᠭᠤᠭᠰᠠᠨ ᠠ᠋ᠴᠠ ᠠ᠋ᠴᠠ ᠪᠣᠯᠵᠤ ᠪᠠᠢᠭ᠎ᠠ ᠶᠤᠮ ᠪᠢᠰᠢ᠂ ᠬᠠᠷᠢᠨ ᠡᠮᠨᠡᠯᠭᠡ ᠳ᠋ᠦ᠍ ᠣᠯᠠᠨ ᠬᠣᠨᠣᠭ ᠡᠮᠴᠢᠯᠡᠭᠦᠯᠬᠦ ᠳ᠋ᠦ᠍《ᠰᠤᠭᠳᠠᠢᠭᠰᠠᠨ ᠠ᠋ᠴᠠ》 ᠦᠷ᠎ᠡ ᠶ᠋ᠢᠨ ᠰᠢᠩᠭᠡᠨ ᠢ᠋ᠶ᠋ᠡᠨ ᠬᠤᠷᠳᠤᠨ ᠠᠯᠳᠠᠬᠤ ᠨᠢ ᠪᠣᠢ᠃ ᠭᠡᠪᠡᠴᠦ ᠡᠭᠦᠨ ᠦ᠌ ᠤᠴᠢᠷ ᠢ᠋ ᠪᠤᠷᠤᠭᠤ ᠣᠢᠯᠠᠭᠠᠨ ᠡᠮᠴᠢᠯᠡᠭᠡ ᠬᠢᠯᠭᠡᠬᠦ ᠡᠴᠡ ᠤᠷᠢᠳᠠ ᠡᠢᠮᠦ ᠪᠠᠢᠭ᠎ᠠ ᠦᠭᠡᠢ᠂ ᠡᠮ ᠤᠤᠭᠤᠭᠠᠳ ᠢᠩᠭᠢᠴᠢᠬᠡᠯ᠎ᠡ ᠭᠡᠵᠦ ᠲᠠᠢᠯᠪᠤᠷᠢᠯᠠᠬᠤ ᠨᠢ ᠴᠥᠭᠡᠨ ᠦᠭᠡᠢ᠃ ᠨᠥᠭᠥᠭᠡᠲᠡᠭᠡᠭᠦᠷ᠂ ᠡᠮᠴᠢᠯᠡᠭᠡ ᠬᠢᠯᠭᠡᠭᠰᠡᠨ ᠦ᠌ ᠳᠠᠷᠠᠭ᠎ᠠ ᠪᠡᠯᠭᠡ ᠶ᠋ᠢᠨ ᠬᠢᠮᠤᠷᠠᠯ ᠡᠭᠦᠰᠬᠦ ᠡᠰᠡᠬᠦ ᠨᠢ ᠬᠣᠣᠰ ᠤ᠋ᠳ ᠤ᠋ᠨ ᠡᠪ ᠳᠦᠨᠵᠡᠨ ᠡᠴᠡ ᠰᠢᠭᠤᠳ ᠬᠠᠮᠢᠶᠠᠷᠤᠨ᠎ᠠ᠃ ᠡᠬᠡᠨᠡᠷ ᠨᠥᠬᠥᠷ ᠬᠣᠶᠠᠷ ᠬᠣᠭᠣᠷᠣᠨᠳᠣ ᠪᠠᠨ ᠬᠡᠳᠦᠢ ᠴᠢᠨᠡᠭᠡ ᠡᠯᠢᠭᠡᠰᠡᠭ᠂ ᠳᠣᠲᠣᠨᠣ᠂ ᠡᠪ ᠳᠦᠨᠵᠡᠨ ᠰᠠᠢᠲᠠᠢ ᠪᠠᠢᠨ᠎ᠠ᠂ ᠲᠡᠳᠦᠢ ᠴᠢᠨᠡᠭᠡ ᠪᠡᠯᠭᠡ ᠶ᠋ᠢᠨ ᠰᠤᠯᠠᠷᠠᠯ ᠳ᠋ᠤ᠌ ᠣᠷᠣᠬᠤ ᠨᠢ ᠬᠣᠪᠣᠷ᠂ ᠡᠮᠴᠢᠯᠡᠭᠡ ᠰᠠᠢᠨ ᠠᠪᠳᠠᠭ᠂ ᠠᠷᠢᠬᠢ ᠪᠡᠯᠭᠡ ᠶ᠋ᠢᠨ ᠰᠤᠯᠠᠷᠠᠯ ᠠ᠋ᠴᠠ ᠬᠡᠵᠢᠶ᠎ᠡ ᠴᠦ᠍᠂ ᠬᠡᠨ ᠴᠦ᠍ ᠠᠪᠤᠷᠠᠵᠤ ᠪᠠᠢᠭ᠎ᠠ ᠦᠭᠡᠢ᠃ ᠡᠢᠮᠦ ᠳ᠋ᠦ᠍ ᠠᠵᠠᠢ ᠪᠤᠭᠤᠷᠤᠯ ᠪᠣᠯᠤᠨ ᠪᠣᠯᠲᠠᠯ᠎ᠠ ᠪᠠᠨ ᠬᠥᠮᠦᠨ ᠢ᠋ ᠶᠣᠰᠣᠨ ᠤ᠋ ᠠᠮᠢᠳᠤᠷᠠᠯ ᠢ᠋ᠶ᠋ᠠᠷ ᠠᠮᠢᠳᠤᠷᠠᠵᠤ᠂ ᠪᠡᠯᠭᠡ ᠶ᠋ᠢᠨ ᠴᠢᠯᠬ᠎ᠠ ᠪᠠᠨ ᠬᠡᠪ ᠢ᠋ᠶ᠋ᠡᠷ ᠪᠠᠢᠯᠭᠠᠬᠤ ᠶ᠋ᠢ ᠬᠦᠰᠡᠪᠡᠯ ᠠᠷᠢᠬᠢ᠂ ᠲᠠᠮᠠᠬᠢ ᠶ᠋ᠢ ᠳᠠᠪᠴᠢ! ᠠᠷᠢᠬᠢ— ᠠᠮᠢᠳᠤᠷᠠᠯ ᠤ᠋ᠨ ᠵᠠᠨᠤᠯᠲᠤ ᠳᠠᠢᠰᠤᠨ ᠭᠡᠳᠡᠭ ᠢ᠋ ᠬᠡᠵᠢᠶ᠎ᠡ ᠴᠦ᠍ ᠪᠦᠦ ᠮᠠᠷᠲᠠ᠃