ᠴᠠᠭ ᠲᠥᠷᠥ ᠶᠢᠨ ᠦᠢᠮᠡᠭᠡᠨ – ᠳ᠋᠂ ᠨᠠᠮᠲᠠᠭ - ᠠᠮᠢᠳᠤᠷᠠᠯ ᠤᠨ ᠵᠠᠮ ᠂ ᠨᠢᠭᠡᠳᠦᠭᠡᠷ ᠪᠦᠯᠦᠭ 〔ᠠᠷᠪᠠᠨ ᠬᠣᠶᠠᠷ〕 Цаг төрийн үймээн – Д ᠂ Намдаг - Амьдралын зам ᠂ нэгдүгээр бүлэг - 12
ᠠᠶᠤᠮᠰᠢᠭ
ᠡᠪᠦᠭᠡᠨ ᠳᠠᠩᠵᠢᠶᠠᠳ ᠡᠷᠲᠡ ᠤᠷᠢᠳᠤ ᠶ᠋ᠢᠨ ᠦᠶ᠎ᠡ ᠶ᠋ᠢᠨ ᠶᠡᠬᠡ ᠬᠠᠭᠠᠨ ᠴᠢᠩᠭᠢᠰ ᠡᠴᠡ ᠠᠶᠤᠭᠰᠠᠨ ᠦᠭᠡᠢ᠃ ᠣᠳᠣ ᠲᠡᠭᠦᠨ ᠦ᠌ ᠣᠷᠣ ᠰᠠᠭᠤᠷᠢ ᠪᠣᠯᠤᠭᠰᠠᠨ ᠮᠣᠩᠭᠣᠯᠴᠤᠳ ᠢ᠋ ᠪᠣᠰᠤᠨ ᠢᠷᠡᠵᠦ ᠰᠠᠭᠤᠷᠢᠰᠢᠨ ᠲᠣᠭᠲᠠᠭᠠᠭᠰᠠᠨ ᠭᠠᠵᠠᠷ ᠠ᠋ᠴᠠ ᠪᠠᠨ ᠬᠠᠯᠢᠨ ᠭᠠᠷᠴᠤ ᠰᠦᠢᠳᠬᠡᠨ᠎ᠡ ᠭᠡᠵᠦ ᠴᠦ᠍ ᠪᠣᠳᠣᠬᠤ ᠶᠠᠭᠤ ᠪᠢᠯᠡ᠃ ᠭᠠᠭᠴᠠ ᠬᠦ᠌ ᠣᠳᠣ ᠦᠶ᠎ᠡ ᠶ᠋ᠢᠨ ᠪᠠᠭ᠎ᠠ ᠪᠠᠭᠤᠷᠠᠢ ᠤᠯᠤᠰ ᠤ᠋ᠨ ᠠᠷᠠᠳ ᠲᠦᠮᠡᠨ ᠪᠣᠯᠭᠠᠨ ᠢ᠋ᠶ᠋ᠠᠷ ᠢ᠋ᠶ᠋ᠠᠨ ᠡᠷᠬᠡ ᠴᠢᠯᠥᠭᠡ᠂ ᠲᠤᠰᠠᠭᠠᠷ ᠲᠣᠭᠲᠠᠨᠢᠯ ᠤ᠋ᠨ ᠲᠥᠯᠥᠭᠡ ᠲᠡᠮᠡᠴᠡᠨ ᠪᠣᠰᠬᠤ ᠪᠣᠯᠤᠭᠰᠠᠨ ᠨᠢ ᠯᠡ ᠪᠣᠳᠣᠭᠤᠰᠢᠲᠠᠢ ᠪᠣᠯᠵᠠᠢ᠃ ᠸᠠᠩ ᠬᠠᠢ ᠲᠤᠤ ᠭᠠᠷᠤᠭᠰᠠᠨ ᠤ᠋ ᠳᠠᠷᠠᠭ᠎ᠠ ᠶᠡᠬᠡ ᠪᠤᠬᠢᠨᠢᠳᠤᠯ ᠪᠠᠭ᠎ᠠ ᠵᠡᠷᠭᠡ ᠨᠠᠮᠵᠢᠭᠠᠳ᠂ ᠬᠠᠯᠬ᠎ᠠ ᠣᠷᠣᠨ ᠭᠡᠳᠡᠭ ᠮᠠᠨᠢ ᠴᠣᠬᠣᠮ ᠶᠠᠭᠤ ᠪᠠᠢᠳᠠᠭ ᠪᠢᠯᠡ ᠭᠡᠵᠦ ᠪᠣᠳᠣᠬᠤ ᠳ᠋ᠤ᠌ ᠤᠲᠤᠭᠠᠲᠤ ᠢᠰᠡᠭᠡᠢ ᠭᠡᠷ ᠪᠣᠯᠭᠠᠨ ᠤ᠋ ᠬᠣᠢᠮᠣᠷ ᠳᠠᠯᠪᠠᠭᠠᠷ ᠨᠢᠳᠤᠷᠭ᠎ᠠ ᠲᠠᠢ ᠬᠠᠯᠬᠠᠭᠠᠷ ᠳᠡᠪᠡᠯ ᠢ᠋ ᠪᠦᠳᠦᠭᠦᠨ ᠡᠳ᠋ᠯᠡᠯ ᠢ᠋ᠶ᠋ᠡᠷ ᠣᠷᠢᠶᠠᠨ ᠪᠦᠰᠡᠯᠡᠭᠰᠡᠨ ᠥᠷᠭᠡᠨ ᠴᠡᠭᠡᠵᠢᠲᠡᠢ ᠬᠦᠳᠡᠷ ᠡᠷ᠎ᠡ ᠬᠥᠨᠳᠡᠯᠡᠨ ᠰᠠᠭᠤᠨ ᠣᠷᠣᠬᠤ ᠪᠦᠷᠢ ᠳ᠋ᠦ᠍ ᠠᠭᠤᠯᠠ᠂ ᠤᠰᠤ᠂ ᠭᠠᠵᠠᠷ ᠰᠢᠷᠣᠢ᠂ ᠮᠠᠯ ᠬᠥᠷᠥᠩᠭᠡ ᠶᠦ᠍ᠭᠡᠨ ᠨᠢᠭᠡ ᠬᠠᠷᠠᠬᠤ ᠳ᠋ᠤ᠌ ᠬᠠᠷᠠᠮᠯᠠᠭᠰᠠᠨ ᠰᠢᠭ᠋ ᠨᠢᠭᠡ ᠬᠠᠷᠠᠬᠤ ᠳ᠋ᠤ᠌ ᠪᠠᠬᠠᠷᠬᠠᠬᠤ ᠰᠢᠭ᠋ ᠴᠢᠷᠠᠢ ᠪᠠᠷ ᠨᠢᠭᠤᠷ ᠰᠢᠷᠳᠡᠨ ᠰᠠᠭᠤᠳᠠᠭ ᠨᠢ ᠨᠢᠳᠦᠨ ᠳ᠋ᠦ᠍ ᠲᠤᠰᠤᠨ᠎ᠠ᠃ ᠭᠡᠲᠡᠯ᠎ᠡ ᠣᠳᠣ ᠲᠡᠳᠡ ᠵᠥᠪᠬᠡᠨ ᠰᠢᠷᠳᠡᠬᠦ ᠪᠢᠰᠢ ᠬᠢᠯᠠᠢᠵᠤ᠂ ᠲᠡᠷᠡ ᠮᠥᠷᠲᠡᠭᠡᠨ ᠪᠣᠰᠤᠨ ᠬᠠᠷᠠᠢᠵᠤ ᠪᠣᠷᠣᠣᠬᠠᠢ ᠰᠢᠳᠠᠮ᠂ ᠰᠡᠯᠡᠮ᠎ᠡ ᠵᠢᠳᠠ ᠵᠦᠢᠯ ᠪᠦᠷᠢ ᠶ᠋ᠢᠨ ᠶᠠᠭᠤᠮᠠᠰ ᠢ᠋ ᠪᠠᠷᠢᠨ ᠰᠠᠯᠬᠢ ᠰᠢᠭ᠋ ᠬᠤᠷᠳᠤᠨ ᠮᠣᠷᠢᠳ ᠤᠨᠤᠨ᠂ ᠮᠠᠨ ᠤ᠋ ᠴᠡᠷᠢᠭ ᠦ᠋ᠨ ᠡᠰᠡᠷᠭᠦ ᠪᠠᠢᠯᠳᠤᠨ ᠲᠤᠯᠤᠯᠳᠤᠬᠤ ᠭᠡᠵᠦ ᠪᠠᠢᠭ᠎ᠠ ᠰᠢᠦ ᠳᠡ ᠭᠡᠬᠦ ᠡᠴᠡ ᠰᠠᠯᠪᠤᠷᠢ ᠫᠦᠰᠡ ᠨᠦ᠍ᠭᠦᠳ ᠠᠶᠠᠨ ᠳ᠋ᠠᠭᠠᠨ ᠰᠦᠢᠳᠬᠡᠭᠳᠡᠨ ᠭᠠᠯ ᠲᠦᠢᠮᠡᠷ ᠲᠦ᠍ ᠠᠪᠲᠠᠭᠳᠠᠬᠤ ᠨᠢ ᠵᠠᠢᠯᠠᠰᠢ ᠦᠭᠡᠢ ᠠᠵᠢ᠃ ᠡᠢᠮᠦ ᠳ᠋ᠦ᠍ ᠥᠪᠡᠷ ᠢ᠋ᠶ᠋ᠡᠨ ᠵᠠᠩᠴᠢᠬᠦᠦ ᠶ᠋ᠢᠨ ᠪᠦᠬᠦ ᠢᠷᠭᠡᠳ ᠢ᠋ ᠣᠳᠣᠬᠠᠨ ᠬᠡᠳᠦ ᠬᠡᠴᠢᠨᠡᠭᠡᠨ ᠶᠠᠩᠴᠢᠶᠠᠨ ᠢᠶᠠᠷ ᠪᠣᠯᠪᠠᠴᠤ ᠬᠠᠮᠢᠶ᠎ᠠ ᠦᠭᠡᠢ ᠬᠥᠯᠥᠰᠥᠯᠡᠨ ᠬᠥᠳᠡᠯᠭᠡᠵᠦ ᠢᠷᠡᠭᠰᠡᠨ ᠭᠤᠷᠪᠠᠨ ᠵᠢᠩᠴᠢᠳ ᠡᠴᠡ ᠠᠪᠤᠭᠠᠳ ᠪᠦᠬᠦ ᠬᠠᠯᠬ᠎ᠠ ᠶ᠋ᠢ ᠪᠠᠷᠢᠨ ᠶᠠᠩᠭᠢᠨᠠᠲᠠᠯ᠎ᠠ ᠬᠦᠯᠢᠨ ᠬᠠᠶᠠᠭᠤᠰᠢᠲᠠᠢ ᠰᠠᠨᠠᠭᠳᠠᠨ᠎ᠠ᠃ ᠭᠡᠲᠡᠯ᠎ᠡ ᠨᠥᠬᠥᠴᠡᠯ ᠠᠯᠠᠭ᠎ᠠ᠃ ᠳᠠᠩᠴᠤ ᠨᠥᠬᠥᠴᠡᠯ ᠦᠭᠡᠢ ᠲᠤᠯᠠ ᠳᠠᠬᠢᠨ ᠪᠤᠬᠢᠨᠢᠳᠤᠵᠤ ᠪᠣᠰᠤᠨ ᠬᠠᠷᠠᠢᠨ ᠨᠠᠭᠠᠰᠢ ᠴᠠᠭᠠᠰᠢ ᠠᠯᠬᠤᠯᠠᠨ᠎ᠠ᠃ ᠨᠢᠭᠡ ᠮᠡᠳᠡᠬᠦ ᠳ᠋ᠦ᠍ ᠡᠪᠰᠢᠶᠡᠯᠭᠡᠵᠦ ᠪᠠᠢᠪᠠ᠃ ᠨᠢᠳᠦ ᠡᠷᠢᠶᠡᠯᠵᠢᠯᠡᠨ᠂ ᠨᠢᠳᠦᠨ ᠦ᠌ ᠨᠢᠯᠪᠤᠰᠤ ᠪᠥᠭᠡᠮ ᠪᠥᠭᠡᠮ ᠢ᠋ᠶ᠋ᠡᠷ ᠠᠰᠬᠠᠷᠠᠵᠤ᠂ ᠲᠠᠰᠤᠯᠭᠠᠨ ᠤ᠋ ᠳᠥᠷᠪᠡᠨ ᠲᠠᠯ᠎ᠠ ᠶ᠋ᠢᠨ ᠬᠠᠨ᠎ᠠ ᠬᠠᠨᠵᠤ ᠪᠠ ᠰᠢᠷᠡᠭᠡ ᠰᠠᠨᠳᠠᠯᠢ ᠪᠦᠭᠦᠳᠡ ᠶ᠋ᠢᠨ ᠬᠠᠮᠲᠤ ᠳᠠᠢᠪᠠᠯᠵᠠᠨ ᠰᠦᠢᠳ ᠪᠣᠯᠤᠯ᠎ᠠ᠃ ᠡᠴᠦᠰ ᠦ᠋ᠨ ᠢ᠋ᠶ᠋ᠡᠨ ᠴᠢᠳᠠᠯ ᠢ᠋ ᠳᠠᠢᠴᠢᠯᠠᠨ ᠬᠠᠵᠠᠭᠤ ᠳ᠋ᠠᠬᠢ ᠬᠠᠨᠵᠤ ᠪᠠᠨ ᠳᠥᠰᠢᠨ ᠤᠨᠠᠵᠤ᠂ ᠠᠶᠠᠭ᠎ᠠ ᠱᠠᠵᠠᠩ ᠶᠠᠭᠤ ᠲᠠᠭᠠᠷᠠᠯᠳᠤᠭᠰᠠᠨ ᠪᠦᠬᠦᠨ ᠢ᠋ ᠡᠭᠦᠳᠡ ᠤᠷᠤᠭᠤ ᠰᠢᠲᠠᠪᠠ᠃ ᠪᠢᠴᠢᠭᠡᠴᠢ ᠬᠦᠦ ᠤᠬᠠᠭᠠᠨ ᠦᠭᠡᠢ ᠰᠠᠨᠳᠤᠷᠤᠨ ᠭᠦᠶᠦᠨ ᠣᠷᠣᠵᠤ ᠢᠷᠡᠪᠡ᠃ ᠵᠥᠭᠡᠯᠡᠨ ᠭᠠᠷ ᠢ᠋ᠶ᠋ᠠᠷ ᠢ᠋ᠶ᠋ᠠᠨ ᠳᠠᠩᠵᠢᠶᠠᠳ ᠶᠤᠭᠠᠨ ᠳᠥᠰᠢᠨ ᠠᠪᠴᠤ ᠬᠠᠨᠵᠤᠨ ᠳᠡᠭᠡᠷ᠎ᠡ ᠬᠡᠪᠲᠡᠭᠦᠯᠦᠨ ᠲᠣᠰᠣ ᠰᠢᠷᠭᠢᠨ ᠤᠨᠲᠠᠷᠠᠭᠰᠠᠨ ᠳ᠋ᠧᠩ ᠦ᠋ᠨ ᠴᠥᠭᠥᠴᠡ ᠶ᠋ᠢ ᠰᠢᠨ᠎ᠡ ᠪᠡᠷ ᠰᠡᠷᠭᠦᠭᠡᠨ ᠠᠰᠠᠭᠠᠪᠠ᠃ ᠡᠪᠦᠭᠡᠨ ᠳᠠᠩᠵᠢᠶᠠᠳ ᠠᠰᠤᠷᠤ ᠶᠡᠬᠡ ᠬᠡᠷᠡᠭ ᠦ᠋ᠨ ᠲᠥᠯᠥᠭᠡ ᠤᠬᠠᠭᠠᠨ ᠮᠡᠳᠡᠷᠡᠯ ᠢ᠋ᠶ᠋ᠡᠨ ᠬᠡᠲᠦᠷᠬᠡᠢ ᠳᠠᠢᠴᠢᠯᠠᠭᠰᠠᠨ ᠠ᠋ᠴᠠ ᠭᠤᠷᠪᠠᠨ ᠴᠠᠭ ᠳᠣᠳᠣᠮ ᠲᠠᠲᠠᠳᠠᠭ ᠦᠨᠡᠲᠦ ᠲᠠᠮᠠᠬᠢ ᠪᠠᠨ ᠬᠣᠶᠠᠷ ᠴᠠᠭ ᠭᠠᠷᠤᠢ ᠬᠣᠵᠢᠮᠳᠠᠭᠤᠯᠤᠭᠰᠠᠨ ᠠ᠋ᠴᠠ ᠶᠣᠰᠣᠲᠠᠢ ᠠᠶᠤᠯ ᠳ᠋ᠤ᠌ ᠤᠴᠠᠷᠠᠵᠤ ᠪᠠᠢᠭ᠎ᠠ ᠨᠢ ᠡᠨᠡ ᠪᠠᠢᠯ᠎ᠠ᠃
