ᠪᠤᠤ ᠶ᠋ᠢᠨ ᠬᠤᠸᠠ - ᠴᠠᠭᠠᠨᠪᠠᠷᠰБоо жин хува-Цагаанбар ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠤᠤ ᠶ᠋ᠢᠨ ᠬᠤᠸᠠ - ᠴᠠᠭᠠᠨᠪᠠᠷᠰБоо жин хува-Цагаанбар

ᠪᠤᠤ ᠶ᠋ᠢᠨ ᠬᠤᠸᠠ - ᠴᠠᠭᠠᠨᠪᠠᠷᠰБоо жин хува-Цагаанбар

ᠠᠩᠭᠢᠯᠠᠯ:ᠳᠠᠭᠤᠤ ᠬᠥᠭᠵᠢᠮ
2025-08-04

566

ᠪᠤᠤ ᠶ᠋ᠢᠨ ᠬᠤᠸᠠ

   ᠬᠣᠷᠴᠢᠨ ᠠᠷᠠᠳ ᠤ᠋ᠨ ᠳᠠᠭᠤᠤ 
      ᠴᠠᠭᠠᠨᠪᠠᠷᠰ ᠳᠠᠭᠤᠯᠠᠨ᠎ᠠ 

ᠨᠠᠷᠠᠨ ᠤ᠋ ᠪᠠᠨ ᠳᠣᠲᠣᠷ᠎ᠠ ᠪᠠᠨ ᠨᠠᠷᠠᠰᠤᠨ ᠰᠠᠢᠬᠠᠨ ᠮᠣᠳᠣ ᠶ᠋ᠢ ᠪᠡᠨ 
ᠨᠠᠮᠠᠭ᠎ᠠ ᠦᠭᠡᠢ ᠪᠡᠷ ᠵᠣᠬᠢᠶᠠᠭᠠᠳ ᠲᠡᠭᠡᠶ᠎ᠡ ᠪᠣᠯᠬᠤ ᠦᠭᠡᠢ ᠶᠦᠮ ᠤᠤ ᠬᠦᠢ 
ᠨᠠᠮᠤᠭᠤᠬᠠᠨ ᠲᠥᠷᠥᠭᠡᠳ ᠲᠡᠭᠡᠭᠰᠡᠨ ᠪᠤᠤ ᠶ᠋ᠢᠨ ᠬᠤᠸᠠ ᠠᠩᠭ᠎ᠠ ᠲᠠᠢ ᠮᠢᠨᠢ ᠠ᠋ 
ᠨᠠᠰᠤᠨ ᠤ᠋ ᠬᠠᠨᠢ ᠪᠠᠷ ᠵᠣᠬᠢᠶᠠᠭᠠᠳ ᠲᠡᠭᠡᠶ᠎ᠡ ᠳᠡ ᠰᠠᠢᠬᠠᠨ ᠪᠢᠰᠢ ᠤᠤ ᠳᠠ ᠬᠦᠢ 

ᠰᠠᠷᠠᠨ ᠤ᠋ ᠪᠠᠨ ᠳᠣᠲᠣᠷ᠎ᠠ ᠽᠠᠨᠳᠠᠨ ᠰᠠᠢᠬᠠᠨ ᠮᠣᠳᠣ ᠶ᠋ᠢ ᠪᠡᠨ 
ᠰᠠᠯᠠᠭ᠎ᠠ ᠦᠭᠡᠢ ᠪᠡᠷ ᠵᠣᠬᠢᠶᠠᠭᠠᠳ ᠲᠡᠭᠡᠶ᠎ᠡ ᠳᠡ ᠪᠣᠯᠬᠤ ᠦᠭᠡᠢ ᠶᠦᠮ ᠤᠤ ᠬᠦᠢ 
ᠰᠠᠢᠬᠠᠨ ᠲᠥᠷᠥᠭᠡᠳ ᠲᠡᠭᠡᠭᠰᠡᠨ ᠪᠤᠤ ᠶ᠋ᠢᠨ ᠬᠤᠸᠠ ᠠᠩᠭ᠎ᠠ ᠲᠠᠢ ᠮᠢᠨᠢ ᠳᠡ 
ᠰᠠᠯᠤᠰᠢ ᠦᠭᠡᠢ ᠪᠡᠷ ᠵᠣᠬᠢᠶᠠᠭᠠᠳ ᠲᠡᠭᠡᠶ᠎ᠡ ᠳᠡ ᠪᠣᠯᠬᠤ ᠦᠭᠡᠢ ᠶᠦᠮ ᠤᠤ ᠶᠠ ᠬᠦᠢ

ᠥᠭᠡᠳᠡᠩ ᠲᠣᠷᠭᠠᠨ ᠴᠠᠮᠴᠠ ᠶᠤᠮ ᠠ᠋ ᠪᠤᠤ ᠶ᠋ᠢᠨ ᠬᠤᠸᠠ ᠬᠦᠢ
ᠡᠮᠦᠰᠬᠦ ᠴᠦ᠍ ᠦᠭᠡᠢ ᠪᠡᠷ ᠬᠤᠷᠢᠶᠠᠭᠰᠠᠭᠠᠷ ᠪᠠᠢᠭᠠᠳ ᠦᠵᠢᠷᠡᠭᠡᠭᠡᠳ ᠥᠭᠴᠡᠢ ᠬᠦᠢ
ᠡᠪᠯᠢᠭ ᠲᠥᠷᠥᠭᠡᠳ ᠲᠡᠭᠡᠭᠰᠡᠨ ᠪᠤᠤ ᠶ᠋ᠢᠨ ᠬᠤᠸᠠ ᠴᠢᠮ᠎ᠠ ᠶ᠋ᠢ ᠪᠡᠨ
ᠡᠲᠡᠭᠡᠳ ᠦ᠋ᠨ ᠬᠣᠯᠠ ᠮᠣᠷᠳᠠᠭᠠᠳ ᠶᠠᠪᠣᠠᠠᠣ ᠯᠠᠢ ᠭᠣᠮᠣᠳᠠᠭᠠᠳ ᠪᠠᠢᠨ᠎ᠠ ᠬᠦᠢ

ᠬᠠᠯᠠ ᠲᠣᠷᠭᠠᠨ ᠴᠠᠮᠴᠠ ᠶᠤᠮ ᠠ᠋ ᠪᠤᠤ ᠶ᠋ᠢᠨ ᠬᠤᠸᠠ ᠠ᠋
ᠬᠤᠷᠢᠶᠠᠭᠠᠳ ᠲᠠᠯᠪᠢᠭᠰᠠᠭᠠᠷ ᠪᠠᠢᠭᠠᠳ ᠪᠡᠶ᠎ᠡ ᠮᠢᠨᠢ ᠠ᠋ ᠂ ᠦᠵᠢᠷᠡᠭᠡᠭᠡᠳ ᠥᠭᠴᠡᠢ ᠬᠦᠢ
ᠬᠠᠢᠷᠠᠯᠠᠵᠤ ᠰᠠᠨᠠᠭᠠᠳ ᠯᠠ ᠬᠣᠪᠢᠨ ᠤ᠋ ᠪᠠᠨ ᠭᠡᠵᠦ ᠯᠡ ᠪᠣᠳᠣᠵᠤ ᠪᠠᠢᠲᠠᠯ᠎ᠠ
ᠬᠣᠯᠠ ᠭᠠᠵᠠᠷ ᠰᠠᠯᠤᠭᠠᠳ ᠶᠠᠪᠣᠠᠠᠣ ᠯᠠᠢ ᠭᠣᠮᠣᠳᠠᠭᠠᠳ ᠪᠠᠢᠨ᠎ᠠ ᠬᠦᠢ

ᠰᠠᠭᠠᠷᠠᠯ ᠮᠣᠷᠢᠨ ᠳ᠋ᠤ᠌ ᠪᠠᠨ ᠡᠮᠡᠭᠡᠯ ᠢ᠋ ᠪᠡᠨ ᠳᠠᠷᠤᠴᠢᠬᠠᠶ᠎ᠠ ᠳᠠ
ᠰᠠᠨ ᠪᠠ ᠰᠧ ᠬᠤᠷᠳᠤᠨ ᠫᠤᠤ ᠳ᠋ᠤ᠌ ᠪᠠᠨ ᠮᠦᠽᠢ ᠪᠡᠨ ᠳᠠᠷᠤᠶ᠎ᠠ ᠬᠦᠢ
ᠰᠠᠢᠬᠠᠨ ᠲᠥᠷᠥᠭᠡᠳ ᠲᠡᠭᠡᠭᠰᠡᠨ ᠪᠤᠤ ᠶ᠋ᠢᠨ ᠬᠤᠸᠠ ᠶᠠ ᠠᠩᠭ᠎ᠠ ᠪᠠᠨ
ᠰᠠᠨ ᠪᠠ ᠱᠠᠨ ᠢ᠋ ᠭᠠᠷᠬᠤ ᠠ᠋ᠴᠠ ᠤᠷᠢᠲᠠᠢ ᠪᠤᠯᠢᠶᠠᠭᠠᠳ ᠠᠪᠤᠶ᠎ᠠ ᠬᠦᠢ

ᠦᠷᠢᠶ᠎ᠡ ᠬᠦᠯᠦᠭ ᠮᠣᠷᠢᠨ ᠤ᠋ ᠳᠡᠭᠡᠷ᠎ᠡ ᠪᠡᠨ ᠡᠮᠡᠭᠡᠯ ᠢ᠋ ᠪᠡᠨ ᠳᠠᠷᠤᠴᠢᠬᠠᠶ᠎ᠠ
ᠥᠨᠳᠥᠷ ᠫᠤᠤ ᠦ ᠶᠠᠨ ᠴᠢᠶᠠᠩ ᠢ᠋ᠶ᠋ᠠᠨ ᠡᠭᠦᠷᠦᠭᠡᠳ ᠭᠠᠷᠤᠶ᠎ᠠ ᠬᠦᠢ
ᠡᠪᠯᠢᠭ ᠲᠥᠷᠥᠭᠰᠡᠨ ᠲᠡᠭᠡᠭᠰᠡᠨ ᠪᠤᠤ ᠶ᠋ᠢᠨ ᠬᠤᠸᠠ ᠶᠠ ᠴᠢᠮ᠎ᠠ ᠶ᠋ᠢ ᠪᠡᠨ
ᠦ ᠬᠤᠸᠠ ᠱᠠᠨ ᠢ᠋ ᠬᠦᠷᠬᠦ ᠡᠴᠡ ᠤᠷᠢᠲᠠᠢ ᠪᠤᠯᠢᠶᠠᠭᠠᠳ ᠠᠪᠤᠶ᠎ᠠ ᠬᠦᠢ

( ᠪᠤᠤ ᠶ᠋ᠢᠨ ᠬᠤᠸᠠ ᠬᠠᠷᠢᠭᠤ ᠬᠡᠯᠡᠵᠦ ᠪᠠᠢᠨ᠎ᠠ )

ᠰᠠᠭᠠᠷᠠᠯ ᠮᠣᠷᠢᠨ ᠳ᠋ᠤ᠌ ᠪᠠᠨ ᠡᠮᠡᠭᠡᠯ ᠢ᠋ᠶ᠋ᠡᠨ ᠳᠠᠷᠤ ᠳᠠ ᠠ ᠬᠡ ᠬᠡ ᠠ᠋
ᠰᠠᠨ ᠪᠠ ᠰᠧ ᠶᠠ ᠬᠤᠷᠳᠤᠨ ᠫᠤᠤ ᠪᠠᠨ ᠭᠡᠷ ᠲᠦ᠍ ᠪᠡᠨ ᠬᠠᠶᠠ ᠳᠠ ᠬᠦᠢ
ᠰᠠᠨᠠᠵᠤ ᠪᠣᠳᠣᠭᠰᠠᠨ ᠪᠤᠤ ᠶ᠋ᠢᠨ ᠬᠤᠸᠠ ᠪᠠᠨ ᠪᠣᠳᠣᠶ᠎ᠠ ᠭᠡᠵᠦ ᠯᠡ ᠪᠣᠳᠣᠪᠠᠯ ᠠ᠋
ᠰᠠᠨ ᠪᠠ ᠱᠠᠨ ᠢ᠋ ᠥᠩᠭᠡᠷᠡᠭᠡᠳ ᠭᠠᠷᠲᠠᠯ᠎ᠠ ᠬᠦᠷᠭᠡᠭᠡᠳ ᠲᠡᠭᠡ ᠳᠡ ᠬᠦᠢ

ᠦᠷᠢᠶ᠎ᠡ ᠬᠦᠯᠦᠭ ᠮᠣᠷᠢᠨ ᠤ᠋ ᠳᠡᠭᠡᠷ᠎ᠡ ᠪᠡᠨ ᠡᠮᠡᠭᠡᠯ ᠢ᠋ ᠪᠡᠨ ᠳᠠᠷᠤᠴᠢᠬ᠎ᠠ ᠳᠠ
ᠥᠨᠳᠥᠷ ᠫᠤᠤ ᠦ ᠶᠠᠨ ᠴᠢᠶᠠᠩ ᠢ᠋ᠶ᠋ᠠᠨ ᠡᠷᠦᠬᠡ ᠳ᠋ᠦ᠍ ᠪᠡᠨ ᠬᠠᠶᠠ ᠳᠠ ᠬᠦᠢ
ᠡᠪᠯᠢᠭ ᠲᠥᠷᠥᠭᠰᠡᠨ ᠲᠡᠭᠡᠭᠰᠡᠨ ᠪᠤᠤ ᠶ᠋ᠢᠨ ᠬᠤᠸᠠ ᠪᠠᠨ ᠪᠣᠳᠣᠪᠠᠯ ᠳᠠ
ᠡᠦ ᠬᠤᠸᠠᠨ ᠱᠠᠨ ᠢ᠋ᠶ᠋ᠠᠨ ᠥᠩᠭᠡᠷᠡᠭᠡᠳ ᠭᠠᠷᠲᠠᠯ᠎ᠠ ᠬᠦᠷᠭᠡᠭᠡᠳ ᠲᠡᠭᠡ ᠳᠡ ᠬᠦᠢ

ᠰᠠᠭᠠᠲᠠ ᠪᠠᠨ ᠬᠡ ᠬᠡ ᠶ᠋ᠢ ᠨᠢ ᠰᠠᠴᠤᠵᠤ ᠰᠠᠴᠤᠭᠠᠳ ᠯᠠ ᠬᠠᠶᠠᠴᠢᠬᠠᠯ᠎ᠠ ᠳᠠ
ᠰᠠᠯᠠᠭᠠᠯᠠᠠᠠᠣ ᠶᠤᠮ ᠤᠤ ? ᠰᠠᠯᠠᠭᠠᠯᠠᠠᠠᠣ ᠨᠢ ᠦᠭᠡᠢ ᠶᠦ᠍ᠮ ᠤᠤ ᠰᠠᠭᠠᠲᠠ ᠨᠢ ᠮᠡᠳᠡᠭ ᠠ᠋ ᠬᠦᠢ
ᠰᠠᠨᠠᠭᠠᠳ ᠯᠠ ᠪᠣᠳᠣᠭᠰᠠᠨ ᠬᠣᠶᠠᠷ ᠦᠭᠡ ᠪᠡᠨ ᠬᠦᠢ ᠪᠤᠤ ᠶ᠋ᠢᠨ ᠬᠤᠸᠠ ᠴᠢᠮ᠎ᠠ ᠳ᠋ᠤ᠌ ᠪᠠᠨ ᠬᠡᠯᠡᠵᠦ ᠪᠠᠢᠨ᠎ᠠ ᠰᠢᠦ
ᠰᠠᠨᠠᠭᠠᠳ ᠶᠠᠪᠤᠨ᠎ᠠ ᠤᠤ ᠰᠠᠨᠠᠬᠤ ᠦᠭᠡᠢ ᠪᠡᠷ ᠶᠠᠪᠤᠨ᠎ᠠ ᠤᠤ᠂ ᠪᠤᠤ ᠶ᠋ᠢᠨ ᠬᠤᠸᠠ ᠮᠡᠳᠡᠭ ᠠ᠋ ᠬᠦᠢ

ᠪᠤᠷᠴᠠᠭ ᠢ᠋ᠶ᠋ᠠᠨ ᠬᠡ ᠬᠡ ᠶ᠋ᠢ ᠨᠢ ᠪᠤᠯᠠᠵᠤ ᠪᠤᠯᠠᠭᠠᠳ ᠬᠠᠶᠠᠴᠢᠬᠠᠯ᠎ᠠ ᠳᠠ
ᠪᠣᠳᠠᠯᠠᠬᠤ ᠶᠤᠮ ᠤᠤ? ᠪᠣᠳᠠᠯᠠᠬᠤ ᠦᠭᠡᠢ ᠶᠦᠮ ᠤᠤ ? ᠪᠤᠷᠴᠠᠭ ᠨᠢ ᠮᠡᠳᠡᠭ ᠠ᠋ ᠬᠦᠢ
ᠪᠣᠳᠣᠵᠤ ᠯᠠ ᠰᠠᠨᠠᠭᠰᠠᠨ ᠬᠡᠳᠦᠨ ᠦᠭᠡ ᠶ᠋ᠢ ᠪᠡᠨ ᠠ᠋ ᠪᠤᠤ ᠶ᠋ᠢᠨ ᠬᠤᠸᠠ ᠴᠢᠮ᠎ᠠ ᠳ᠋ᠤ᠌ ᠪᠠᠨ ᠬᠡᠯᠡᠵᠦ ᠪᠠᠢᠨ᠎ᠠ
ᠪᠣᠳᠣᠭᠠᠳ ᠶᠠᠪᠤᠨ᠎ᠠ ᠤᠤ ᠪᠣᠳᠣᠬᠤ ᠦᠭᠡᠢ ᠪᠡᠷ ᠶᠠᠪᠤᠨ᠎ᠠ ᠤᠤ ᠪᠤᠤ ᠶ᠋ᠢᠨ ᠬᠤᠸᠠ ᠮᠡᠳᠡᠭ ᠠ᠋ ᠬᠦ

   ᠦᠰᠦᠭ ᠠᠮᠢᠯᠠᠭᠤᠯᠤᠭᠰᠠᠨ ᠨᠢ ᠄ᠭᠠᠸᠠ
   ᠦᠰᠦᠭ ᠬᠠᠲᠠᠭᠰᠠᠨ ᠨᠢ᠄ᠭᠠᠸᠠ
   ᠦᠰᠦᠭ ᠬᠢᠨᠠᠭᠴᠢ ᠄ᠢᠷᠡᠭᠡᠳᠦᠢ
   ᠪᠢᠴᠢᠯᠭᠡ ᠵᠢᠷᠤᠭ ᠨᠠᠢᠷᠠᠭᠤᠯᠤᠭᠰᠠᠨ ᠨᠢ ᠄ ᠣᠯᠬᠣᠨᠤᠳ ᠠᠶᠤᠰᠢ