ᠬᠣᠷᠸ᠎ᠠ ᠶ᠋ᠢ ᠳᠦᠭᠦᠷᠭᠡᠵᠦ ᠳᠡᠷᠭᠡᠳᠡ ᠯᠡ ᠪᠠᠢᠭᠠᠷᠠᠢ-ᠢᠳᠠᠮЯдам Хорвоог дүүргэж дэргэд л байгаарай Immortal Songs S.3 ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠬᠣᠷᠸ᠎ᠠ ᠶ᠋ᠢ ᠳᠦᠭᠦᠷᠭᠡᠵᠦ ᠳᠡᠷᠭᠡᠳᠡ ᠯᠡ ᠪᠠᠢᠭᠠᠷᠠᠢ-ᠢᠳᠠᠮЯдам Хорвоог дүүргэж дэргэд л байгаарай Immortal Songs S.3

ᠬᠣᠷᠸ᠎ᠠ ᠶ᠋ᠢ ᠳᠦᠭᠦᠷᠭᠡᠵᠦ ᠳᠡᠷᠭᠡᠳᠡ ᠯᠡ ᠪᠠᠢᠭᠠᠷᠠᠢ-ᠢᠳᠠᠮЯдам Хорвоог дүүргэж дэргэд л байгаарай Immortal Songs S.3

ᠠᠩᠭᠢᠯᠠᠯ:ᠳᠠᠭᠤᠤ ᠬᠥᠭᠵᠢᠮ
2025-08-04

433

ᠬᠣᠷᠸ᠎ᠠ ᠶ᠋ᠢ ᠳᠦᠭᠦᠷᠭᠡᠵᠦ ᠳᠡᠷᠭᠡᠳᠡ ᠯᠡ ᠪᠠᠢᠭᠠᠷᠠᠢ

   ᠦᠭᠡ᠄ ᠴ· ᠬᠤᠯᠠᠨ
   ᠠᠶ᠎ᠠ᠄ ᠯ· ᠪᠠᠯᠾᠵᠠᠪ
   ᠳᠠᠭᠤᠴᠢᠨ᠄ ᠢᠳᠠᠮ
ᠴᠢᠨᠦ ᠡᠵᠡᠭᠦᠢ ᠳ᠋ᠦ᠍ ᠪᠢ ᠴᠠᠮᠴᠠ ᠶ᠋ᠢ ᠴᠢᠨᠢ ᠳᠡᠷᠡᠯᠡᠵᠦ ᠤᠨᠲᠠᠳᠠᠭ
ᠡᠢᠮᠦ ᠯᠡ ᠳᠣᠲᠣᠨᠣᠬᠠᠨ ᠦᠨᠦᠷ ᠬᠣᠷᠸ᠎ᠠ ᠠ᠋ᠴᠠ ᠣᠯᠳᠠᠬᠤ ᠦᠭᠡᠢ
ᠨᠡᠷ᠎ᠡ ᠶ᠋ᠢ ᠴᠢᠨᠢ ᠭᠡᠢᠭᠦᠯᠳᠡᠭ ᠡᠭᠡᠰᠢᠭ ᠪᠠᠢᠬᠤ ᠰᠠᠨ
ᠵᠠᠮ ᠢ᠋ ᠴᠢᠨᠢ ᠠᠷᠢᠭᠤᠯᠠᠬᠤ ᠴᠠᠭᠠᠨ ᠰᠦ ᠪᠠᠢᠬᠤ ᠰᠠᠨ
ᠮᠢᠨᠦ ᠥᠯᠮᠡᠢ ᠳ᠋ᠦ᠍ ᠴᠢ ᠬᠠᠢᠷ᠎ᠠ ᠪᠠᠨ ᠠᠰᠬᠠᠵᠤ ᠠᠮᠢᠳᠤᠷᠠᠳᠠᠭ
ᠡᠢᠮᠦ ᠯᠡ ᠦᠨᠡᠨ ᠰᠡᠳᠬᠢᠯ ᠢ᠋ ᠬᠡᠨ ᠡᠴᠡ ᠴᠦ᠍ ᠪᠢ ᠣᠯᠬᠤ ᠦᠭᠡᠢ
ᠠᠯᠳᠠᠭ᠎ᠠ ᠶ᠋ᠢ ᠴᠢᠨᠢ ᠠᠭᠤᠴᠢᠯᠠᠳᠠᠭ ᠴᠠᠭᠠᠳᠬᠠᠯ ᠪᠠᠢᠬᠤ ᠰᠠᠨ
ᠠᠢᠳᠠᠰ ᠢ᠋ ᠴᠢᠨᠢ ᠦᠷᠭᠦᠭᠡᠬᠦ ᠵᠠᠯᠪᠠᠷᠢᠯ ᠪᠠᠢᠬᠤ ᠰᠠᠨ ᠪᠢ
ᠬᠠᠨᠢ ᠮᠢᠨᠢ ᠴᠢᠮ᠎ᠠ ᠳ᠋ᠠᠭᠠᠨ ᠪᠢ ᠶᠠᠮᠠᠷ ᠬᠠᠢᠷᠠᠲᠠᠢ ᠭᠡᠵᠦ ᠰᠠᠨᠠᠨ᠎ᠠ
ᠴᠢᠮ᠎ᠠ ᠦᠭᠡᠢ ᠪᠡᠷ ᠠᠮᠢᠳᠤᠷᠠᠨ᠎ᠠ ᠭᠡᠵᠦ ᠰᠠᠨᠠᠭᠠᠨ ᠳ᠋ᠤ᠌ ᠪᠠᠭᠲᠠᠬᠤ ᠦᠭᠡᠢ
ᠬᠠᠨᠢ ᠮᠢᠨᠢ ᠴᠢᠮ᠎ᠠ ᠳ᠋ᠠᠭᠠᠨ ᠪᠢ ᠶᠠᠮᠠᠷ ᠬᠠᠢᠷᠠᠲᠠᠢ ᠭᠡᠵᠦ ᠪᠣᠳᠣᠨ᠎ᠠ
ᠬᠡᠨ ᠳ᠋ᠦ᠍ ᠴᠦ᠍ ᠡᠨᠡ ᠦᠭᠡ ᠪᠡᠨ ᠪᠢ ᠳᠠᠬᠢᠨ ᠬᠡᠯᠡᠬᠦ ᠦᠭᠡᠢ
ᠡᠩᠭᠡᠷ ᠲᠦ᠍ ᠮᠢᠨᠢ ᠤᠷᠲᠤ ᠨᠠᠰᠤᠯᠠᠭᠠᠷᠠᠢ
ᠡᠩᠬᠦᠷᠡᠢᠯᠡᠯ ᠳ᠋ᠦ᠍ ᠮᠢᠨᠢ ᠤᠳᠠᠭᠠᠨ ᠵᠢᠷᠭᠠᠭᠠᠷᠠᠢ
ᠬᠣᠩᠭᠣᠷᠬᠠᠨ ᠵᠢᠷᠦᠬᠡᠨ ᠡᠴᠡ ᠪᠡᠨ ᠭᠤᠶᠤᠶ᠎ᠠ
ᠬᠣᠷᠸ᠎ᠠ ᠶ᠋ᠢ ᠳᠦᠭᠦᠷᠭᠡᠵᠦ ᠳᠡᠷᠭᠡᠳᠡ ᠪᠠᠢᠭᠠᠷᠠᠢ
ᠬᠣᠷᠸ᠎ᠠ ᠶ᠋ᠢ ᠳᠦᠭᠦᠷᠭᠡᠵᠦ ᠳᠡᠷᠭᠡᠳᠡ ᠪᠠᠢᠭᠠᠷᠠᠢ

ᠴᠢ ᠮᠢᠨᠢ ᠰᠠᠯᠬᠢ ᠪᠣᠯᠪᠠ ᠤᠤ᠂ ᠪᠢ ᠰᠠᠯᠬᠢ ᠪᠣᠯᠤᠨ᠎ᠠ
ᠴᠢᠮᠡᠭᠡ ᠦᠭᠡᠢ ᠪᠣᠷᠣᠭᠠᠨ ᠤ᠋ ᠳᠤᠰᠤᠯ ᠢ᠋ᠶ᠋ᠠᠷ ᠮᠡᠯᠮᠡᠷᠡᠨ ᠤᠷᠤᠰᠤᠨ᠎ᠠ
ᠴᠢᠮᠠᠶ᠋ᠢ ᠣᠳᠣ ᠪᠣᠯᠵᠤ ᠲᠩᠷᠢ ᠳ᠋ᠦ᠍ ᠠᠰᠠᠪᠠᠯ
ᠴᠠᠩᠬ᠎ᠠ ᠳᠡᠷᠭᠡᠳᠡ ᠴᠢᠨᠢ ᠪᠠᠰᠠ ᠣᠳᠣ ᠪᠣᠯᠵᠤ ᠭᠡᠷᠡᠯᠲᠦᠨ᠎ᠡ
ᠬᠠᠨᠢ ᠮᠢᠨᠢ ᠴᠢᠮ᠎ᠠ ᠳ᠋ᠠᠭᠠᠨ ᠪᠢ ᠶᠠᠮᠠᠷ ᠬᠠᠢᠷᠠᠲᠠᠢ ᠭᠡᠵᠦ ᠰᠠᠨᠠᠨ᠎ᠠ
ᠴᠢᠮ᠎ᠠ ᠦᠭᠡᠢ ᠪᠡᠷ ᠠᠮᠢᠳᠤᠷᠠᠨ᠎ᠠ ᠭᠡᠵᠦ ᠰᠠᠨᠠᠭᠠᠨ ᠳ᠋ᠤ᠌ ᠪᠠᠭᠲᠠᠬᠤ ᠦᠭᠡᠢ
ᠬᠠᠨᠢ ᠮᠢᠨᠢ ᠴᠢᠮ᠎ᠠ ᠳ᠋ᠠᠭᠠᠨ ᠪᠢ ᠶᠠᠮᠠᠷ ᠬᠠᠢᠷᠠᠲᠠᠢ ᠭᠡᠵᠦ ᠪᠣᠳᠣᠨ᠎ᠠ
ᠬᠡᠨ ᠳ᠋ᠦ᠍ ᠴᠦ᠍ ᠡᠨᠡ ᠦᠭᠡ ᠪᠡᠨ ᠪᠢ ᠳᠠᠬᠢᠨ ᠬᠡᠯᠡᠬᠦ ᠦᠭᠡᠢ
ᠡᠩᠭᠡᠷ ᠲᠦ᠍ ᠮᠢᠨᠢ ᠤᠷᠲᠤ ᠨᠠᠰᠤᠯᠠᠭᠠᠷᠠᠢ
ᠡᠩᠬᠦᠷᠡᠢᠯᠡᠯ ᠳ᠋ᠦ᠍ ᠮᠢᠨᠢ ᠤᠳᠠᠭᠠᠨ ᠵᠢᠷᠭᠠᠭᠠᠷᠠᠢ
ᠬᠣᠩᠭᠣᠷᠬᠠᠨ ᠵᠢᠷᠦᠬᠡᠨ ᠡᠴᠡ ᠪᠡᠨ ᠭᠤᠶᠤᠶ᠎ᠠ
ᠬᠣᠷᠸ᠎ᠠ ᠶ᠋ᠢ ᠳᠦᠭᠦᠷᠭᠡᠵᠦ ᠳᠡᠷᠭᠡᠳᠡ ᠪᠠᠢᠭᠠᠷᠠᠢ

ᠡᠩᠭᠡᠷ ᠲᠦ᠍ ᠮᠢᠨᠢ ᠤᠷᠲᠤ ᠨᠠᠰᠤᠯᠠᠭᠠᠷᠠᠢ
ᠡᠩᠬᠦᠷᠡᠢᠯᠡᠯ ᠳ᠋ᠦ᠍ ᠮᠢᠨᠢ ᠤᠳᠠᠭᠠᠨ ᠵᠢᠷᠭᠠᠭᠠᠷᠠᠢ
ᠬᠣᠩᠭᠣᠷᠬᠠᠨ ᠵᠢᠷᠦᠬᠡᠨ ᠡᠴᠡ ᠪᠡᠨ ᠭᠤᠶᠤᠶ᠎ᠠ
ᠬᠣᠷᠸ᠎ᠠ ᠶ᠋ᠢ ᠳᠦᠭᠦᠷᠭᠡᠵᠦ ᠳᠡᠷᠭᠡᠳᠡ ᠯᠡ ᠪᠠᠢᠭᠠᠷᠠᠢ
ᠬᠣᠷᠸ᠎ᠠ ᠶ᠋ᠢ ᠳᠦᠭᠦᠷᠭᠡᠵᠦ ᠳᠡᠷᠭᠡᠳᠡ ᠪᠠᠢᠭᠠᠷᠠᠢ!

   ᠦᠰᠦᠭ ᠠᠮᠢᠯᠠᠭᠤᠯᠤᠭᠰᠠᠨ ᠨᠢ᠄ ᠰᠤᠨᠢᠨᠪᠠᠶᠠᠷ
   ᠦᠰᠦᠭ ᠬᠠᠲᠠᠭᠰᠠᠨ ᠨᠢ᠄ ᠪᠠᠢ ᠰᠠᠷᠠᠨ᠎ᠠ
   ᠬᠢᠨᠠᠭᠴᠢ᠄ ᠰᠤᠨᠢᠨᠪᠠᠶᠠᠷ