ᠨᠤᠲᠤᠭ ᠢ᠋ᠶ᠋ᠠᠨ ᠰᠠᠨᠠᠬᠤ ᠶᠤᠮ-ᠤᠶᠠᠬᠠᠨНутгаа санах- Уяхан
ᠨᠤᠲᠤᠭ ᠢ᠋ᠶ᠋ᠠᠨ ᠰᠠᠨᠠᠬᠤ ᠶᠤᠮ
ᠦᠭᠡ ᠂ ᠠᠶ᠎ᠠ᠄ ᠲᠤᠭᠴᠢ ᠯᠤᠪᠰᠠᠩ
ᠳᠠᠭᠤᠴᠢᠨ᠄ ᠤᠶᠠᠬᠠᠨ
ᠪᠠᠯᠠᠷ ᠬᠥᠳᠡᠭᠡ ᠪᠡᠨ ᠪᠣᠳᠣᠨ ᠪᠣᠳᠣᠭᠰᠠᠭᠠᠷ
ᠪᠠᠭ᠎ᠠ ᠶ᠋ᠢᠨ ᠦᠶ᠎ᠡ ᠪᠡᠨ ᠰᠠᠨᠠᠬᠤ ᠶᠤᠮ ᠠ᠋
ᠪᠤᠷᠭᠠᠰᠤᠨ ᠳᠥᠭᠥᠮ ᠰᠢᠪᠠᠭ ᠵᠠᠳᠠᠭᠠᠢ ᠪᠠᠨ
ᠪᠠᠢᠬᠤ ᠶᠤᠮ ᠭᠡᠵᠦ ᠦᠭᠡᠢᠯᠡᠬᠦ ᠶᠦ᠍ᠮ ᠠ᠋
ᠨᠤᠲᠤᠭ ᠢ᠋ᠶ᠋ᠠᠨ ᠡᠷᠭᠢᠵᠦ ᠬᠠᠷᠠᠭᠠᠳ
ᠨᠢᠯᠪᠤᠰᠤ ᠪᠠᠨ ᠤᠨᠠᠭᠠᠮᠠᠷ ᠪᠠᠢᠨ᠎ᠠ
ᠤᠨᠠᠭᠠᠨ ᠨᠠᠰᠤᠨ ᠤ᠋ ᠳᠤᠷᠠᠰᠤᠯ ᠪᠦᠬᠦᠨ
ᠤᠬᠠᠭᠠᠨ ᠪᠣᠳᠣᠯ ᠤ᠋ᠨ ᠮᠢᠨᠢ ᠨᠢᠯᠪᠤᠰᠤ ᠶᠤᠮ ᠠ᠋
ᠡᠪᠦᠭᠡᠨ ᠬᠠᠢᠯᠠᠰᠤ ᠪᠠᠨ ᠪᠣᠳᠣᠨ ᠪᠣᠳᠣᠭᠰᠠᠭᠠᠷ
ᠦᠳᠡᠯᠦᠭᠡ ᠠᠪᠤ ᠪᠠᠨ ᠰᠠᠨᠠᠬᠤ ᠶᠤᠮ
ᠦᠷ᠎ᠡ ᠪᠡᠨ ᠢᠷᠡᠬᠦ ᠶ᠋ᠢ ᠬᠦᠰᠡᠨ ᠬᠦᠰᠡᠭᠡᠳ
ᠡᠳᠦᠷ ᠲᠦ᠍ ᠪᠡᠨ ᠬᠠᠷᠠᠳᠠᠭ ᠨᠢ ᠡᠷᠢᠭᠳᠡᠬᠦ ᠶᠤᠮ
( ᠳᠠᠬᠢᠯᠲᠠ )
ᠪᠣᠷᠣ ᠲᠣᠯᠣᠭᠠᠢ ᠪᠠᠨ ᠪᠣᠳᠣᠨ ᠪᠣᠳᠣᠭᠰᠠᠭᠠᠷ
ᠪᠤᠭᠤᠷᠤᠯ ᠡᠵᠢ ᠪᠡᠨ ᠰᠠᠨᠠᠬᠤ ᠶᠤᠮ ᠠ᠋
ᠪᠢᠳᠡᠨ ᠦ᠌ ᠬᠠᠷᠢᠬᠤ ᠶ᠋ᠢ ᠰᠠᠷᠠᠪᠴᠢᠯᠠᠨ ᠰᠠᠷᠠᠪᠴᠢᠯᠠᠭᠠᠳ
ᠪᠠᠷᠠᠯᠠᠨ ᠪᠠᠢᠳᠠᠭ ᠨᠢ ᠰᠠᠨᠠᠭᠳᠠᠭᠠᠳ ᠪᠠᠢᠨ᠎ᠠ
( ᠳᠠᠬᠢᠯᠲᠠ )
ᠦᠰᠦᠭ ᠠᠮᠢᠯᠠᠭᠤᠯᠤᠭᠴᠢ ᠄ ᠲᠤᠭᠴᠢ ᠯᠤᠪᠰᠠᠩ
ᠦᠰᠦᠭ ᠬᠠᠲᠠᠭᠴᠢ ᠄ ᠪᠠᠢ ᠰᠠᠷᠠᠨ᠎ᠠ
ᠬᠢᠨᠠᠭᠴᠢ ᠪᠠᠭᠰᠢ ᠄ ᠲᠤᠭᠴᠢ ᠯᠤᠪᠰᠠᠩ
