ᠬᠠᠢᠷ᠎ᠠ ᠶ᠋ᠢ ᠮᠢᠨᠢ ᠴᠢ ᠰᠣᠨᠣᠰ-ᠣᠭ᠌ᠶᠤОюу Хайрыг минь чи сонс _ Immortal Songs S.3
ᠬᠠᠢᠷ᠎ᠠ ᠶ᠋ᠢ ᠮᠢᠨᠢ ᠴᠢ ᠰᠣᠨᠣᠰ
ᠣᠭ᠌ᠶᠤ ᠳᠠᠭᠤᠯᠠᠨ᠎ᠠ
ᠵᠡᠭᠦᠳᠦᠨ ᠳᠤᠮᠳᠠ᠎ᠠ᠋ᠴᠠ ᠪᠥᠷᠲᠥᠢᠨ ᠦᠵᠡᠭᠳᠡᠭᠡᠳ
ᠵᠦᠭ ᠦᠭᠡᠢ ᠬᠠᠷᠠᠴᠠ ᠪᠠᠷ ᠨᠠᠮ᠎ᠠ ᠶ᠋ᠢ ᠪᠡᠨ ᠰᠢᠷᠲᠡᠭᠰᠡᠭᠡᠷ
ᠵᠢᠷᠦᠬᠡᠨ ᠦ᠌ ᠬᠠᠢᠷ᠎ᠠ ᠪᠠᠨ ᠥᠭᠭᠦᠭᠰᠡᠨ ᠴᠢᠨᠦᠬᠢ ᠪᠡᠨ
ᠴᠠᠢᠯᠭᠠᠨ ᠬᠠᠯᠠᠭᠤᠨ ᠰᠡᠳᠬᠢᠯ ᠢ᠋ ᠰᠠᠨᠠᠨ ᠪᠠᠢᠵᠤ ᠪᠢ ᠴᠢᠮ᠎ᠠ ᠪᠠᠨ ᠮᠥᠷᠥᠭᠡᠳᠦᠨ᠎ᠡ
ᠬᠠᠢᠷ᠎ᠠ ᠶ᠋ᠢ ᠮᠢᠨᠢ ᠴᠢ ᠰᠣᠨᠣᠰ
ᠬᠠᠢᠷ᠎ᠠ ᠶ᠋ᠢ ᠮᠢᠨᠢ ᠴᠢ ᠰᠣᠨᠣᠰ
ᠬᠠᠢᠷ᠎ᠠ ᠶ᠋ᠢ ᠮᠢᠨᠢ ᠴᠢ
ᠨᠠᠮᠢᠷᠠᠭ᠎ᠠ ᠪᠣᠷᠣᠭ᠎ᠠ ᠴᠢᠮ᠎ᠠ ᠶ᠋ᠢ ᠮᠢᠨᠢ ᠪᠣᠳᠣᠭᠳᠠᠭᠤᠯᠤᠭᠠᠳ ᠪᠠᠢᠨ᠎ᠠ
ᠨᠠᠰᠤᠨ ᠤ᠋ ᠠᠮᠠᠷᠠᠭ ᠴᠢᠮ᠎ᠠ ᠶ᠋ᠢ ᠪᠡᠨ ᠮᠥᠷᠥᠭᠡᠳᠦᠭᠰᠡᠭᠡᠷ ᠰᠠᠭᠤᠨ᠎ᠠ
ᠰᠡᠳᠬᠢᠯ ᠳ᠋ᠦ᠍ ᠰᠢᠩᠭᠡᠭᠰᠡᠨ ᠳᠠᠭᠤᠤ ᠶ᠋ᠢ ᠮᠢᠨᠢ ᠰᠣᠨᠣᠰᠤᠭᠠᠴᠢ ᠠ᠋
ᠰᠥᠨᠢ ᠶ᠋ᠢᠨ ᠣᠳᠣᠳᠠ᠋ᠴᠠ ᠴᠢᠮ᠎ᠠ ᠶ᠋ᠢ ᠪᠡᠨ ᠠᠰᠠᠭᠤᠭᠰᠠᠭᠠᠷ ᠰᠠᠭᠤᠨ᠎ᠠ
ᠡᠷᠭᠢᠭᠡᠳ ᠦᠭᠡᠢᠯᠡᠭᠳᠡᠬᠦ ᠲᠡᠷᠡ ᠨᠢᠭᠡᠨ ᠰᠥᠨᠢ
ᠡᠨᠳᠡᠭᠦᠷᠡᠵᠦ ᠬᠠᠷᠠᠭ᠎ᠠ ᠦᠭᠡᠢ ᠮᠢᠨᠦ ᠰᠡᠳᠬᠢᠯ
ᠰᠠᠨᠠᠭᠠᠨ ᠠ᠋ᠴᠠ ᠰᠠᠯᠤᠰᠢ ᠦᠭᠡᠢ ᠠᠩᠬᠠᠨ ᠤ᠋ ᠮᠢᠨᠢ ᠤᠴᠠᠷᠠᠯ
ᠰᠠᠢᠬᠠᠨ ᠴᠢᠨᠦ ᠨᠢᠭᠤᠴᠠᠬᠠᠨ ᠳᠤᠷᠠᠯᠠᠯ ᠢ
ᠬᠠᠢᠷᠠᠯᠠᠨ ᠪᠠᠢᠵᠤ ᠪᠢ ᠴᠢᠮ᠎ᠠ ᠶ᠋ᠢ ᠪᠡᠨ ᠮᠥᠷᠥᠭᠡᠳᠦᠨ᠎ᠡ
ᠬᠠᠢᠷ᠎ᠠ ᠶ᠋ᠢ ᠮᠢᠨᠢ ᠴᠢ ᠰᠣᠨᠣᠰ
ᠬᠠᠢᠷ᠎ᠠ ᠶ᠋ᠢ ᠮᠢᠨᠢ ᠴᠢ ᠰᠣᠨᠣᠰ
ᠬᠠᠢᠷ᠎ᠠ ᠶ᠋ᠢ ᠮᠢᠨᠢ ᠴᠢ
ᠲᠡᠷᠭᠡᠯ ᠰᠠᠷᠠᠨ ᠴᠢᠮ᠎ᠠ ᠶ᠋ᠢ ᠪᠡᠨ ᠰᠠᠨᠠᠭᠳᠠᠭᠤᠯᠤᠭᠠᠳ ᠪᠠᠢᠨ᠎ᠠ
ᠲᠡᠷᠲᠡᠭᠡᠬᠢ ᠠᠮᠠᠷᠠᠭ ᠴᠢᠮ᠎ᠠ ᠶ᠋ᠢ ᠪᠡᠨ ᠮᠥᠷᠥᠭᠡᠳᠦᠭᠰᠡᠭᠡᠷ ᠰᠠᠭᠤᠨ᠎ᠠ
ᠰᠡᠳᠬᠢᠯ ᠳ᠋ᠦ᠍ ᠰᠢᠩᠭᠡᠭᠰᠡᠨ ᠳᠠᠭᠤᠤ ᠶ᠋ᠢ ᠴᠢᠨᠢ ᠰᠣᠨᠣᠰᠤᠭᠠᠴᠢ ᠠ᠋
ᠰᠥᠨᠢ ᠶ᠋ᠢᠨ ᠣᠳᠣᠳ ᠠ᠋ᠴᠠ ᠴᠢᠮ᠎ᠠ ᠶ᠋ᠢ ᠪᠡᠨ ᠠᠰᠠᠭᠤᠭᠰᠠᠭᠠᠷ ᠰᠠᠭᠤᠨ᠎ᠠ
ᠰᠡᠳᠬᠢᠯ ᠳ᠋ᠦ᠍ ᠰᠢᠩᠭᠡᠭᠰᠡᠨ ᠳᠠᠭᠤᠤ ᠶ᠋ᠢ ᠴᠢᠨᠢ ᠰᠣᠨᠣᠰᠤᠭᠠᠴᠢ ᠠ᠋
ᠰᠥᠨᠢ ᠶ᠋ᠢᠨ ᠣᠳᠣᠳᠠ᠋ᠴᠠ ᠴᠢᠮ᠎ᠠ ᠶ᠋ᠢ ᠪᠡᠨ ᠠᠰᠠᠭᠤᠭᠰᠠᠭᠠᠷ ᠰᠠᠭᠤᠨ᠎ᠠ᠃
ᠦᠰᠦᠭ ᠠᠮᠢᠯᠠᠭᠤᠯᠤᠭᠴᠢ᠄ ᠤᠤᠭᠠᠨᠵᠢᠳ
