ᠠᠪᠤ ᠡᠵᠢ ᠮᠢᠨᠢ-ᠲ᠂ ᠬᠠᠯᠲᠠᠷАав ээж минь-Т, Халтар
ᠠᠪᠤ ᠡᠵᠢ ᠮᠢᠨᠢ
ᠦᠭᠡ᠄ ᠭᠥᠷᠥᠭᠡᠴᠢᠨ ᠣᠪᠣᠭᠲᠤ ᠣᠳᠣᠩᠭᠣᠸᠠ
ᠬᠥᠭᠵᠢᠮ ᠦ᠋ᠨ ᠨᠠᠢᠷᠠᠭᠤᠯᠭ᠎ᠠ᠄ ᠷᠠ᠊᠂ ᠪᠢᠯᠢᠭᠲᠦ( ᠮᠣᠩᠭᠣᠯ)
ᠠᠶ᠎ᠠ ᠄ ᠲ᠂ ᠬᠠᠯᠲᠠᠷ( ᠮᠣᠩᠭᠣᠯ ᠤᠯᠤᠰ)
ᠳᠠᠭᠤᠴᠢᠨ᠄ ᠲ᠂ ᠬᠠᠯᠲᠠᠷ
ᠠᠯᠲᠠᠨ ᠳᠡᠯᠡᠬᠡᠢ ᠳ᠋ᠦ᠍ ᠡᠩᠬᠦᠷᠡᠢᠯᠡᠵᠦ ᠨᠠᠮᠠᠶ᠋ᠢ ᠪᠠᠨ ᠥᠰᠬᠡᠭᠰᠡᠨ
ᠠᠪᠤ ᠡᠵᠢ ᠮᠢᠨᠢ ᠦᠷ᠎ᠡ ᠨᠠᠳᠠ ᠳ᠋ᠠᠭᠠᠨ ᠠᠮᠢᠳᠤ ᠪᠤᠷᠬᠠᠨ
ᠠᠯᠳᠠᠭ᠎ᠠ ᠤᠨᠤᠭ᠎ᠠ ᠲᠠᠢ ᠣᠷᠴᠢᠯᠠᠩ ᠤ᠋ᠨ ᠵᠢᠮ᠎ᠡ ᠶ᠋ᠢ ᠲᠠᠨᠢᠭᠤᠯᠤᠭᠰᠠᠨ
ᠠᠭᠤᠤ ᠳᠡᠭᠡᠳᠦᠰ ᠦ᠋ᠨ ᠠᠯᠲᠠᠨ ᠰᠤᠷᠭᠠᠯ ᠤ᠋ᠨ ᠨᠣᠮ ᠨᠢ ᠪᠢᠯᠡ ᠳᠠ
ᠳᠠᠬᠢᠯᠲᠠ
ᠪᠤᠷᠬᠠᠨ ᠰᠡᠳᠬᠢᠯ ᠲᠡᠢ ᠬᠣᠶᠠᠷ ᠪᠤᠭᠤᠷᠤᠯ ᠤ᠋ᠨ ᠢ᠋ᠶ᠋ᠠᠨ
ᠪᠤᠶᠠᠨ ᠬᠡᠰᠢᠭ ᠲᠤᠨᠢ ᠰᠥᠬᠥᠷᠡᠨ ᠮᠥᠷᠭᠥᠶ᠎ᠡ
ᠦᠷ᠎ᠡ ᠳ᠋ᠡᠭᠡᠨ ᠨᠠᠷᠠᠨ ᠪᠣᠯᠤᠭᠰᠠᠨ ᠬᠣᠶᠠᠷ ᠮᠢᠨᠢ
ᠥᠨᠢ ᠡᠭᠦᠷᠢᠳᠡ ᠰᠢᠩᠭᠡᠰᠢ ᠦᠭᠡᠢ ᠬᠡᠷᠡᠯᠳᠦᠬᠦ ᠪᠣᠯᠤᠭᠠᠰᠠᠢ
ᠡᠪ ᠦ᠋ᠨ ᠬᠣᠷᠸ᠎ᠠ ᠶ᠋ᠢᠨ ᠵᠥᠪ ᠪᠤᠷᠤᠭᠤ ᠶ᠋ᠢ ᠰᠤᠷᠭᠠᠭᠰᠠᠨ
ᠡᠷᠬᠢᠮ ᠤᠬᠠᠭᠠᠨ ᠢ᠋ ᠨᠢ ᠪᠡᠶ᠎ᠡ ᠳ᠋ᠡᠭᠡᠨ ᠰᠢᠩᠭᠡᠭᠡᠵᠦ ᠴᠢᠳᠠᠭ᠎ᠠ ᠦᠭᠡᠢ
ᠡᠷᠭᠢᠵᠦ ᠣᠯᠳᠠᠬᠤ ᠦᠭᠡᠢ ᠡᠷᠬᠢᠮ ᠳᠡᠭᠡᠳᠦ ᠲᠠᠨᠠᠷ ᠤ᠋ᠨ ᠢ᠋ᠶ᠋ᠠᠨ
ᠡᠷᠳᠡᠨᠢᠲᠦ ᠪᠡᠶ᠎ᠡ ᠶ᠋ᠢ ᠲᠠᠨᠢ ᠠᠰᠠᠷᠠᠵᠤ ᠶᠡᠷᠦ ᠨᠢ ᠴᠢᠳᠠᠭ᠎ᠠ ᠦᠭᠡᠢ
ᠳᠠᠬᠢᠯᠲᠠ
ᠪᠥᠮᠪᠥᠷᠴᠡᠭ ᠳᠡᠯᠡᠬᠡᠢ ᠶ᠋ᠢ ᠭᠠᠭᠴᠠᠬᠠᠨ ᠨᠠᠷᠠᠨ ᠭᠡᠢᠭᠦᠯᠳᠡᠭ ᠳᠡ
ᠪᠤᠯᠪᠠᠷᠠᠢ ᠨᠠᠮᠠᠶ᠋ᠢ ᠪᠠᠨ ᠬᠣᠶᠠᠷ ᠨᠠᠷᠠᠨ ᠬᠡᠷᠡᠯᠳᠦᠭᠦᠯᠳᠡᠭ ᠶᠦ᠍ᠮ ᠳᠡ
ᠠᠯᠲᠠᠨ ᠳᠡᠯᠡᠬᠡᠢ ᠶ᠋ᠢᠨ ᠰᠢᠵᠢᠷ ᠨᠠᠷᠠᠨ ᠮᠥᠩᠬᠡ ᠶ᠋ᠢᠨ ᠪᠠᠢᠳᠠᠭ ᠰᠢᠭ᠋
ᠠᠴᠢᠯᠠᠯ ᠤ᠋ᠨ ᠲᠡᠭᠷᠢ ᠠᠪᠤ ᠡᠵᠢ ᠮᠢᠨᠢ ᠮᠥᠩᠬᠡ ᠪᠠᠢᠭᠠᠰᠠᠢ ᠳᠠ
ᠳᠠᠬᠢᠯᠲᠠ
ᠦᠰᠦᠭ ᠠᠮᠢᠯᠠᠭᠤᠯᠤᠭᠴᠢ᠄ ᠭᠥᠷᠥᠭᠡᠴᠢᠨ ᠣᠪᠣᠭᠲᠤ ᠣᠳᠣᠩᠭᠤᠸ᠎ᠠ
