ᠦᠯᠦ ᠲᠠᠨᠢᠬᠤ ᠡᠮᠡᠭᠲᠡᠢ-ᠲ• ᠠᠷᠢᠭᠤᠨ᠎ᠠ Ül tanikh emegtei-T AgiimaaҮл таних эмэгтэй-T Агиймаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠯᠦ ᠲᠠᠨᠢᠬᠤ ᠡᠮᠡᠭᠲᠡᠢ-ᠲ• ᠠᠷᠢᠭᠤᠨ᠎ᠠ Ül tanikh emegtei-T AgiimaaҮл таних эмэгтэй-T Агиймаа

ᠦᠯᠦ ᠲᠠᠨᠢᠬᠤ ᠡᠮᠡᠭᠲᠡᠢ-ᠲ• ᠠᠷᠢᠭᠤᠨ᠎ᠠ Ül tanikh emegtei-T AgiimaaҮл таних эмэгтэй-T Агиймаа

ᠠᠩᠭᠢᠯᠠᠯ:ᠳᠠᠭᠤᠤ ᠬᠥᠭᠵᠢᠮ
2025-08-01

321

ᠦᠯᠦ ᠲᠠᠨᠢᠬᠤ ᠡᠮᠡᠭᠲᠡᠢ


     ᠦᠭᠡ᠄  ᠬ • ᠪᠣᠯᠣᠷᠡᠷᠳᠡᠨᠢ   
     ᠠᠶ᠎ᠠ᠄ ᠴ• ᠪᠠᠢᠳᠠᠷᠠᠭ    
     ᠳᠠᠭᠤᠴᠢᠨ᠄ ᠲ• ᠠᠷᠢᠭᠤᠨ᠎ᠠ    

ᠠᠮᠢᠳᠤᠷᠠᠵᠤ ᠪᠠᠢᠭᠰᠠᠨ ᠢ᠋ ᠮᠢᠨᠢ ᠮᠡᠳᠡᠭᠡ ᠦᠭᠡᠢ ᠠ᠋᠂ ᠴᠢ    
ᠬᠠᠢᠷᠠᠯᠠᠵᠤ ᠪᠠᠢᠭᠰᠠᠨ ᠢ᠋ ᠮᠢᠨᠢ ᠠᠩᠵᠠᠭᠠᠷᠠᠭ᠎ᠠ ᠦᠭᠡᠢ ᠠ᠋   
ᠬᠠᠷᠠᠩᠭᠤᠢ ᠳ᠋ᠤ᠌ ᠨᠢᠭᠤᠭᠳᠠᠭᠰᠠᠨ ᠰᠡᠳᠬᠢᠯ ᠢ᠋ᠶ᠋ᠡᠨ ᠪᠢ ᠨᠡᠭᠡᠭᠡᠵᠦ   
ᠬᠠᠢᠷ᠎ᠠ ᠶ᠋ᠢᠨ ᠡᠨᠡ ᠵᠠᠬᠢᠶ᠎ᠠ ᠪᠠᠨ ᠨᠢᠯᠪᠤᠰᠤ ᠪᠠᠷ ᠢ᠋ᠶ᠋ᠠᠨ ᠴᠢᠮ᠎ᠠ ᠳ᠋ᠤ᠌ ᠪᠢᠴᠢᠯ᠎ᠡ᠃   
ᠬᠠᠭᠠᠯᠭᠠᠨ ᠤ᠋ ᠴᠢᠨᠢ ᠴᠠᠭᠠᠨ᠎ᠠ ᠲᠠᠭᠠᠷᠠᠭᠰᠠᠨ ᠵᠢᠷᠦᠬᠡ   
ᠬᠠᠮᠢᠭᠠᠰᠢ ᠪᠠᠨ ᠴᠣᠬᠢᠯᠠᠳᠠᠭ ᠢ᠋ ᠴᠢ ᠮᠡᠳᠡᠬᠦ ᠤᠤ?  
ᠴᠢᠮ᠎ᠠ ᠶ᠋ᠢ ᠬᠠᠢᠷᠠᠯᠠᠭᠰᠠᠨ ᠲᠡᠷᠡ ᠯᠠ ᠡᠳᠦᠷ ᠦ᠋ᠳ    
ᠭᠠᠭᠴᠠᠬᠠᠨ ᠮᠢᠨᠦᠬᠢ ᠪᠠᠢᠯ᠎ᠠ   
ᠴᠢᠨᠦ ᠬᠡᠯᠡᠭᠡ ᠦᠭᠡᠢ ᠬᠠᠢᠷ᠎ᠠ ᠶ᠋ᠢᠨ ᠦᠭᠡ   
ᠴᠡᠴᠡᠭ ᠪᠣᠯᠤᠨ ᠤᠷᠭᠤᠭᠰᠠᠨ
ᠮᠢᠨᠦᠬᠢ ᠪᠣᠯᠤᠭ᠎ᠠ ᠦᠭᠡᠢ ᠴᠢᠨᠦ ᠥᠯᠮᠡᠢ ᠳ᠋ᠦ᠍
ᠬᠠᠢᠷ᠎ᠠ ᠪᠠᠨ ᠪᠢ ᠴᠢᠨᠢ ᠳᠡᠪᠢᠰᠦᠯ᠎ᠡ᠃

ᠵᠡᠭᠦᠳᠦᠨ ᠳ᠋ᠦ᠍ ᠴᠢᠨᠢ ᠰᠣᠨᠣᠰᠤᠭᠳᠠᠭᠰᠠᠨ ᠠᠶᠠᠯᠭᠤ ᠪᠠᠢᠯ᠎ᠠ ᠪᠢ
ᠰᠡᠭᠦᠳᠡᠷ ᠲᠦ᠍ ᠴᠢᠨᠢ ᠨᠢᠭᠤᠭᠳᠠᠭᠰᠠᠨ ᠭᠡᠷᠡᠯ ᠪᠠᠢᠯ᠎ᠠ ᠪᠢ
ᠡᠮᠵᠡᠭᠬᠡᠨ ᠵᠢᠷᠦᠬᠡᠨ ᠳ᠋ᠦ᠍ ᠪᠡᠨ ᠴᠢᠮ᠎ᠠ ᠶ᠋ᠢ ᠪᠡᠨ ᠬᠠᠢᠷᠠᠯᠠᠭᠰᠠᠨ
ᠪᠠᠭ᠎ᠠ ᠶ᠋ᠢᠨ ᠢ᠋ᠶ᠋ᠡᠨ ᠮᠥᠷᠥᠭᠡᠳᠦᠯ ᠡᠴᠡ ᠪᠢ ᠠᠵᠠ ᠵᠢᠷᠭᠠᠯ ᠢ᠋ᠶ᠋ᠠᠨ ᠣᠯᠤᠯ᠎ᠠ᠃
ᠬᠠᠭᠠᠯᠭᠠᠨ ᠤ᠋ ᠴᠢᠨᠢ ᠴᠠᠭᠠᠨ᠎ᠠ ᠲᠠᠭᠠᠷᠠᠭᠰᠠᠨ ᠵᠢᠷᠦᠬᠡ
ᠬᠠᠮᠢᠭᠠᠰᠢ ᠪᠠᠨ ᠴᠣᠬᠢᠯᠠᠳᠠᠭ ᠢ᠋ ᠴᠢ ᠮᠡᠳᠡᠬᠦ ᠤᠤ?
ᠴᠢᠮ᠎ᠠ ᠶ᠋ᠢ ᠬᠠᠢᠷᠠᠯᠠᠭᠰᠠᠨ ᠲᠡᠷᠡ ᠯᠠ ᠡᠳᠦᠷ ᠦ᠋ᠳ
ᠭᠠᠭᠴᠠᠬᠠᠨ ᠮᠢᠨᠦᠬᠢ ᠪᠠᠢᠯ᠎ᠠ
ᠴᠢᠨᠦ ᠬᠡᠯᠡᠭᠡ ᠦᠭᠡᠢ ᠬᠠᠢᠷ᠎ᠠ ᠶ᠋ᠢᠨ ᠦᠭᠡ
ᠴᠡᠴᠡᠭ ᠪᠣᠯᠤᠨ ᠤᠷᠭᠤᠭᠰᠠᠨ
ᠮᠢᠨᠦᠬᠢ ᠪᠣᠯᠤᠭ᠎ᠠ ᠦᠭᠡᠢ ᠴᠢᠨᠦ ᠥᠯᠮᠡᠢ ᠳ᠋ᠦ᠍
ᠬᠠᠢᠷ᠎ᠠ ᠪᠠᠨ ᠪᠢ ᠴᠢᠨᠢ ᠳᠡᠪᠢᠰᠦᠯ᠎ᠡ᠃

ᠬᠠᠭᠠᠯᠭᠠᠨ ᠤ᠋ ᠴᠢᠨᠢ ᠴᠠᠭᠠᠨ᠎ᠠ ᠲᠠᠭᠠᠷᠠᠭᠰᠠᠨ ᠵᠢᠷᠦᠬᠡ
ᠬᠠᠮᠢᠭᠠᠰᠢ ᠪᠠᠨ ᠴᠣᠬᠢᠯᠠᠳᠠᠭ ᠢ᠋ ᠴᠢ ᠮᠡᠳᠡᠬᠦ ᠤᠤ?
ᠴᠢᠮ᠎ᠠ ᠶ᠋ᠢ ᠬᠠᠢᠷᠠᠯᠠᠭᠰᠠᠨ ᠲᠡᠷᠡ ᠯᠠ ᠡᠳᠦᠷ ᠦ᠋ᠳ
ᠭᠠᠭᠴᠠᠬᠠᠨ ᠮᠢᠨᠦᠬᠢ ᠪᠠᠢᠯ᠎ᠠ
ᠴᠢᠨᠦ ᠬᠡᠯᠡᠭᠡ ᠦᠭᠡᠢ ᠬᠠᠢᠷ᠎ᠠ ᠶ᠋ᠢᠨ ᠦᠭᠡ
ᠴᠡᠴᠡᠭ ᠪᠣᠯᠤᠨ ᠤᠷᠭᠤᠭᠰᠠᠨ
ᠮᠢᠨᠦᠬᠢ ᠪᠣᠯᠤᠭ᠎ᠠ ᠦᠭᠡᠢ ᠴᠢᠨᠦ ᠥᠯᠮᠡᠢ ᠳ᠋ᠦ᠍
ᠬᠠᠢᠷ᠎ᠠ ᠪᠠᠨ ᠪᠢ ᠴᠢᠨᠢ ᠳᠡᠪᠢᠰᠦᠯ᠎ᠡ᠃

ᠬᠠᠭᠠᠯᠭᠠᠨ ᠤ᠋ ᠴᠢᠨᠢ ᠴᠠᠭᠠᠨ᠎ᠠ ᠲᠠᠭᠠᠷᠠᠭᠰᠠᠨ ᠵᠢᠷᠦᠬᠡ
ᠬᠠᠮᠢᠭᠠᠰᠢ ᠪᠠᠨ ᠴᠣᠬᠢᠯᠠᠳᠠᠭ ᠢ᠋ ᠴᠢ ᠮᠡᠳᠡᠬᠦ ᠤᠤ?
ᠴᠢᠮ᠎ᠠ ᠶ᠋ᠢ ᠬᠠᠢᠷᠠᠯᠠᠭᠰᠠᠨ ᠲᠡᠷᠡ ᠯᠠ ᠡᠳᠦᠷ ᠦ᠋ᠳ
ᠭᠠᠭᠴᠠᠬᠠᠨ ᠮᠢᠨᠦᠬᠢ ᠪᠠᠢᠯ᠎ᠠ
ᠴᠢᠨᠦ ᠬᠡᠯᠡᠭᠡ ᠦᠭᠡᠢ ᠬᠠᠢᠷ᠎ᠠ ᠶ᠋ᠢᠨ ᠦᠭᠡ
ᠴᠡᠴᠡᠭ ᠪᠣᠯᠤᠨ ᠤᠷᠭᠤᠭᠰᠠᠨ
ᠮᠢᠨᠦᠬᠢ ᠪᠣᠯᠤᠭ᠎ᠠ ᠦᠭᠡᠢ ᠴᠢᠨᠦ ᠥᠯᠮᠡᠢ ᠳ᠋ᠦ᠍
ᠬᠠᠢᠷ᠎ᠠ ᠪᠠᠨ ᠪᠢ ᠴᠢᠨᠢ ᠳᠡᠪᠢᠰᠦᠯ᠎ᠡ᠃

ᠬᠠᠷᠠᠴᠠ ᠳ᠋ᠤ᠌ ᠮᠢᠨᠢ ᠨᠢᠭᠤᠭᠳᠠᠭᠰᠠᠨ ᠬᠠᠢᠷ᠎ᠠ ᠶ᠋ᠢᠨ ᠭᠡᠷᠡᠯ ᠢ᠋
ᠠᠩᠵᠠᠭᠠᠷᠠᠵᠤ ᠬᠠᠷᠠᠭ᠎ᠠ ᠦᠭᠡᠢ ᠴᠦ᠍ ᠭᠣᠮᠣᠳᠠᠭ᠎ᠠ ᠦᠭᠡᠢ ᠠ᠋᠂ ᠪᠢ
ᠳᠤᠷᠠᠯᠠᠭᠰᠠᠨ ᠪᠦᠰᠡᠭᠦᠢ ᠶ᠋ᠢᠨ ᠦᠭᠡ ᠶ᠋ᠢ ᠰᠠᠨᠠᠵᠤ ᠶᠠᠪᠤᠭᠠᠷᠠᠢ ᠭᠤᠶᠤᠶ᠎ᠠ
ᠬᠡᠵᠢᠶ᠎ᠡ ᠴᠦ᠍ ᠬᠡᠨ ᠴᠦ᠍ ᠴᠢᠮ᠎ᠠ ᠶ᠋ᠢ ᠨᠠᠳᠠ ᠰᠢᠭ᠋ ᠬᠠᠢᠷᠠᠯᠠᠬᠤ ᠦᠭᠡᠢ ᠠ᠋᠃

       ᠦᠰᠦᠭ ᠬᠠᠳᠠᠭᠴᠢ᠄ ᠵᠢᠷᠠᠨᠲᠠᠢ
       ᠦᠰᠦᠭ ᠠᠮᠢᠯᠠᠭᠤᠯᠤᠭᠴᠢ᠄ ᠤᠤᠭᠠᠨᠵᠢᠳ
       ᠬᠢᠨᠠᠭᠴᠢ᠄ ᠮᠡᠷᠭᠡᠨᠪᠢᠯᠢᠭ