ᠪᠡᠶ᠎ᠡ ᠪᠡᠨ ᠪᠡᠶᠡᠯᠡᠶᠡ -ᠳ ∙ ᠮᠢᠳᠣᠭᠪᠠᠳᠠᠮ Бийгээ биелэе Biigee Bielie Уртын Дуучин Д.Мядагбадам
ᠪᠡᠶ᠎ᠡ ᠪᠡᠨ ᠪᠡᠶᠡᠯᠡᠶᠡ
ᠦᠭᠡ᠄ ᠳ• ᠬᠣᠩᠭᠣᠷᠵᠤᠯᠠ
ᠠᠶ᠎ᠠ᠄ ᠵ• ᠪᠤᠶᠠᠨᠳᠣᠭᠲᠠᠬᠤ
ᠳᠠᠭᠤᠴᠢᠨ᠄ ᠳ• ᠮᠢᠳᠠᠭᠪᠠᠳᠮᠠ
ᠨᠠᠭᠠᠳᠤᠨ ᠪᠡᠶᠡᠰᠴᠦ ᠨᠠᠢᠷᠠᠭ ᠢ᠋ᠶ᠋ᠠᠨ ᠬᠡᠯᠡᠶ᠎ᠡ
ᠨᠠᠢᠭᠤᠨ ᠭᠠᠩᠬᠤᠵᠤ ᠨᠠᠢᠷᠠᠰᠠ ᠪᠥᠵᠢᠶᠡ
ᠤᠷᠠᠨ ᠬᠥᠭᠵᠢᠮ ᠢ᠋ᠶ᠋ᠡᠨ ᠤᠶᠠᠩᠭᠠᠯᠠᠭᠤᠯᠤᠨ ᠲᠠᠲᠠᠶ᠎ᠠ
ᠥᠪ ᠢᠵᠠᠭᠤᠷᠲᠤ ᠪᠡᠶ᠎ᠡ ᠪᠡᠨ ᠪᠠᠶᠠᠯᠠᠶᠠ᠃
ᠵᠢᠪᠠᠷ ᠢ᠋ᠶ᠋ᠠᠨ ᠦᠷᠭᠦᠭᠡᠵᠦ ᠬᠤᠭᠤᠷ ᠢ᠋ᠶ᠋ᠠᠨ ᠲᠠᠲᠠᠶ᠎ᠠ
ᠵᠢᠷᠭᠠᠯ ᠬᠤᠷᠤᠢᠯᠠᠵᠤ ᠳᠠᠭᠤᠤ ᠪᠠᠨ ᠳᠠᠭᠤᠯᠠᠶ᠎ᠠ
ᠳᠡᠪᠡᠯ ᠦ᠋ᠨ ᠬᠣᠷᠮᠣᠢ ᠴᠡᠴᠡᠷᠡᠭᠡᠯ ᠦᠭᠡᠢ
ᠳᠡᠭᠡᠳᠦᠰ ᠡᠴᠡ ᠥᠪᠯᠡᠭᠰᠡᠨ ᠪᠡᠶ᠎ᠡ ᠪᠡᠨ ᠪᠡᠶᠡᠯᠡᠶᠡ᠃
ᠰᠠᠳᠤᠨ ᠰᠠᠨᠠᠵᠤ ᠰᠡᠳᠬᠢᠯ ᠢ᠋ᠶ᠋ᠡᠨ ᠰᠡᠷᠭᠦᠭᠡᠶ᠎ᠡ
ᠰᠡᠷᠭᠦᠨ ᠬᠥᠭᠡᠷᠴᠦ ᠪᠡᠶ᠎ᠡ ᠪᠡᠨ ᠪᠠᠶᠠᠯᠠᠶᠠ
ᠴᠤᠭᠤᠷ ᠬᠥᠭᠵᠢᠮ ᠢ᠋ᠶ᠋ᠡᠨ ᠴᠤᠤᠷᠢᠶᠠᠳᠠᠭᠤᠯᠤᠨ ᠲᠠᠲᠠᠶ᠎ᠠ
ᠴᠤᠭᠯᠠᠨ ᠴᠢᠭᠤᠯᠤᠭᠠᠳ ᠪᠡᠶ᠎ᠡ ᠪᠡᠨ ᠪᠠᠶᠠᠯᠠᠶᠠ᠃
ᠵᠢᠪᠠᠷ ᠢ᠋ᠶ᠋ᠠᠨ ᠦᠷᠭᠦᠭᠡᠵᠦ ᠬᠤᠭᠤᠷ ᠢ᠋ᠶ᠋ᠠᠨ ᠲᠠᠲᠠᠶ᠎ᠠ
ᠵᠢᠷᠭᠠᠯ ᠬᠤᠷᠤᠢᠯᠠᠵᠤ ᠳᠠᠭᠤᠤ ᠪᠠᠨ ᠳᠠᠭᠤᠯᠠᠶ᠎ᠠ
ᠳᠡᠪᠡᠯ ᠦ᠋ᠨ ᠬᠣᠷᠮᠣᠢ ᠴᠡᠴᠡᠷᠡᠭᠡᠯ ᠦᠭᠡᠢ
ᠳᠡᠭᠡᠳᠦᠰ ᠡᠴᠡ ᠥᠪᠯᠡᠭᠰᠡᠨ ᠪᠡᠶ᠎ᠡ ᠪᠡᠨ ᠪᠡᠶᠡᠯᠡᠶᠡ᠃
ᠡᠷᠬᠢᠮᠯᠡᠨ ᠳᠡᠭᠡᠳᠦᠯᠡᠬᠦ ᠥᠪ ᠤᠯᠠᠮᠵᠢᠯᠠᠯ ᠢ᠋
ᠡᠪᠰᠡᠨ ᠨᠠᠢᠭᠤᠵᠤ ᠪᠡᠶ᠎ᠡ ᠪᠡᠨ ᠪᠡᠶᠡᠯᠡᠶᠡ
ᠢᠺᠸᠯ ᠬᠥᠭᠵᠢᠮ ᠢ᠋ᠶ᠋ᠡᠨ ᠡᠭᠡᠰᠢᠭᠯᠡᠭᠦᠯᠦᠨ ᠲᠠᠲᠠᠶ᠎ᠠ
ᠡᠪᠯᠡᠨ ᠴᠢᠭᠤᠯᠤᠭᠠᠳ ᠪᠡᠶ᠎ᠡ ᠪᠡᠨ ᠪᠡᠶᠡᠯᠡᠶᠡ᠃
ᠵᠢᠪᠠᠷ ᠢ᠋ᠶ᠋ᠠᠨ ᠦᠷᠭᠦᠭᠡᠵᠦ ᠬᠤᠭᠤᠷ ᠢ᠋ᠶ᠋ᠠᠨ ᠲᠠᠲᠠᠶ᠎ᠠ
ᠵᠢᠷᠭᠠᠯ ᠬᠤᠷᠤᠢᠯᠠᠵᠤ ᠳᠠᠭᠤᠤ ᠪᠠᠨ ᠳᠠᠭᠤᠯᠠᠶ᠎ᠠ
ᠳᠡᠪᠡᠯ ᠦ᠋ᠨ ᠬᠣᠷᠮᠣᠢ ᠴᠡᠴᠡᠷᠡᠭᠡᠯ ᠦᠭᠡᠢ
ᠳᠡᠭᠡᠳᠦᠰ ᠡᠴᠡ ᠥᠪᠯᠡᠭᠰᠡᠨ ᠪᠡᠶ᠎ᠡ ᠪᠡᠨ ᠪᠡᠶᠡᠯᠡᠶᠡ᠃
ᠥᠪ ᠢᠵᠠᠭᠤᠷᠲᠤ ᠪᠡᠶ᠎ᠡ ᠪᠡᠨ ᠪᠡᠶᠡᠯᠡᠶᠡ
ᠥᠨᠳᠥᠷ ᠳᠡᠭᠡᠳᠦ ᠰᠣᠶᠣᠯ ᠢ᠋ᠶ᠋ᠠᠨ ᠬᠠᠳᠠᠭᠠᠯᠠᠶ᠎ᠠ
ᠦᠷ᠎ᠡ ᠶ᠋ᠢᠨ ᠦᠷ᠎ᠡ ᠪᠡᠨ ᠦᠯᠢᠭᠡᠷᠯᠡᠨ ᠳᠠᠭᠠᠭᠤᠯᠤᠶ᠎ᠠ
ᠦᠶ᠎ᠡ ᠶ᠋ᠢᠨ ᠦᠶ᠎ᠡ ᠳ᠋ᠡᠭᠡᠨ ᠦᠯᠡᠳᠡᠭᠡᠨ ᠲᠠᠮᠠᠭᠠᠯᠠᠶᠠ᠃
ᠵᠢᠪᠠᠷ ᠢ᠋ᠶ᠋ᠠᠨ ᠦᠷᠭᠦᠭᠡᠵᠦ ᠬᠤᠭᠤᠷ ᠢ᠋ᠶ᠋ᠠᠨ ᠲᠠᠲᠠᠶ᠎ᠠ
ᠵᠢᠷᠭᠠᠯ ᠬᠤᠷᠤᠢᠯᠠᠵᠤ ᠳᠠᠭᠤᠤ ᠪᠠᠨ ᠳᠠᠭᠤᠯᠠᠶ᠎ᠠ
ᠳᠡᠪᠡᠯ ᠦ᠋ᠨ ᠬᠣᠷᠮᠣᠢ ᠴᠡᠴᠡᠷᠡᠭᠡᠯ ᠦᠭᠡᠢ
ᠳᠡᠭᠡᠳᠦᠰ ᠡᠴᠡ ᠥᠪᠯᠡᠭᠰᠡᠨ ᠪᠡᠶ᠎ᠡ ᠪᠡᠨ ᠪᠡᠶᠡᠯᠡᠶᠡ᠃
ᠪᠡᠶ᠎ᠡ ᠪᠡᠨ ᠪᠡᠶᠡᠯᠡᠶᠡ ᠁
ᠪᠡᠶ᠎ᠡ ᠪᠡᠨ ᠪᠠᠶᠠᠯᠠᠶᠠ ᠁
ᠵᠢᠪᠠᠷ ᠢ᠋ᠶ᠋ᠠᠨ ᠦᠷᠭᠦᠭᠡᠵᠦ ᠬᠤᠭᠤᠷ ᠢ᠋ᠶ᠋ᠠᠨ ᠲᠠᠲᠠᠶ᠎ᠠ
ᠵᠢᠷᠭᠠᠯ ᠬᠤᠷᠤᠢᠯᠠᠵᠤ ᠳᠠᠭᠤᠤ ᠪᠠᠨ ᠳᠠᠭᠤᠯᠠᠶ᠎ᠠ
ᠳᠡᠪᠡᠯ ᠦ᠋ᠨ ᠬᠣᠷᠮᠣᠢ ᠴᠡᠴᠡᠷᠡᠭᠡᠯ ᠦᠭᠡᠢ
ᠳᠡᠭᠡᠳᠦᠰ ᠡᠴᠡ ᠥᠪᠯᠡᠭᠰᠡᠨ ᠪᠡᠶ᠎ᠡ ᠪᠡᠨ ᠪᠡᠶᠡᠯᠡᠶᠡ᠃
ᠪᠡᠶ᠎ᠡ ᠪᠡᠨ ᠪᠠᠶᠠᠯᠠᠶᠠ ᠁
ᠪᠡᠶ᠎ᠡ ᠪᠡᠨ ᠪᠡᠶᠡᠯᠡᠶᠡ ᠁
ᠦᠰᠦᠭ ᠬᠠᠳᠠᠭᠴᠢ᠄ ᠵᠢᠷᠠᠨᠲᠠᠢ
ᠦᠰᠦᠭ ᠠᠮᠢᠯᠠᠭᠤᠯᠤᠭᠴᠢ᠄ ᠤᠤᠭᠠᠨᠵᠢᠳ
ᠬᠢᠨᠠᠭᠴᠢ᠄ ᠮᠡᠷᠭᠡᠨᠪᠢᠯᠢᠭ
