ᠶᠠᠭᠤᠲᠠᠢ ᠰᠠᠢᠬᠠᠨ -ᠴᠠᠩᠴᠠᠯᠳᠤᠯᠮ᠎ᠠErdenebat.B Altan urag - Yutai saihan Юутай сайхан ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠶᠠᠭᠤᠲᠠᠢ ᠰᠠᠢᠬᠠᠨ -ᠴᠠᠩᠴᠠᠯᠳᠤᠯᠮ᠎ᠠErdenebat.B Altan urag - Yutai saihan Юутай сайхан

ᠶᠠᠭᠤᠲᠠᠢ ᠰᠠᠢᠬᠠᠨ -ᠴᠠᠩᠴᠠᠯᠳᠤᠯᠮ᠎ᠠErdenebat.B Altan urag - Yutai saihan Юутай сайхан

ᠠᠩᠭᠢᠯᠠᠯ:ᠳᠠᠭᠤᠤ ᠬᠥᠭᠵᠢᠮ
2025-07-31

386

ᠶᠠᠭᠤᠲᠠᠢ ᠰᠠᠢᠬᠠᠨ

              ᠦᠭᠡ ᠠᠶ᠎ᠠ᠄ ᠡᠷᠳᠡᠨᠢᠪᠠᠲᠤ 
              ᠴᠠᠩᠴᠠᠯᠳᠤᠯᠮ᠎ᠠ ᠳᠠᠭᠤᠯᠠᠨ᠎ᠠ 

ᠥᠷᠯᠥᠭᠡᠨ ᠨᠠᠷᠠᠨ ᠤ᠋ ᠵᠥᠭᠡᠯᠡᠨ ᠲᠤᠶᠠᠭ᠎ᠠ ᠲᠣᠭᠣᠨᠣ ᠪᠠᠷ ᠲᠣᠰᠤᠭᠠᠳ 
ᠥᠭᠡᠵᠡᠭ ᠳᠣᠲᠣᠷ᠎ᠠ ᠪᠠᠨ ᠵᠢᠭᠠᠬᠠᠨ ᠦᠷ᠎ᠡ ᠮᠢᠨᠢ ᠦᠨᠡᠭᠡᠴᠢᠯᠡᠨ ᠮᠦᠰᠢᠶᠡᠭᠡᠳ 
ᠥᠩᠭᠡ ᠥᠩᠭᠡ ᠶ᠋ᠢᠨ ᠴᠡᠴᠡᠭᠡᠰ ᠪᠣᠯᠤᠭᠰᠠᠨ ᠦᠷᠡᠰ ᠮᠢᠨᠢ ᠱᠤᠯᠤᠭᠠᠨᠠᠭᠠᠳ 
ᠥᠷᠭᠥᠭᠡ ᠭᠡᠷ ᠮᠢᠨᠢ ᠵᠢᠷᠭᠠᠯ ᠢ᠋ᠶ᠋ᠠᠷ ᠳᠦᠭᠦᠷᠦᠭᠡᠳ ᠶᠠᠭᠤᠲᠠᠢ ᠰᠠᠢᠬᠠᠨ ᠪᠣᠢ 

ᠬᠠᠯᠠᠭᠤᠨ ᠭᠣᠯᠣᠮᠲᠠ ᠶ᠋ᠢ ᠢᠪᠡᠭᠡᠨ ᠪᠠᠢᠳᠠᠭ ᠭᠠᠯ ᠢ᠋ᠶ᠋ᠠᠨ ᠳᠠᠬᠢᠭᠠᠳ 
ᠬᠠᠢᠷᠠᠲᠠᠢ ᠪᠦᠬᠦᠨ ᠢ᠋ᠶ᠋ᠡᠨ ᠬᠠᠷᠠᠴᠠ ᠪᠠᠷ ᠢ᠋ᠶ᠋ᠠᠨ ᠡᠨᠡᠷᠢᠭᠡᠳ ᠬᠣᠢᠮᠣᠷ ᠢ᠋ᠶ᠋ᠠᠨ ᠳᠦᠭᠦᠷᠭᠡᠨ᠎ᠡ 
ᠬᠠᠲᠠᠭᠤ ᠪᠦᠬᠦᠨ ᠡᠴᠡ ᠬᠠᠮᠠᠭᠠᠯᠠᠵᠤ ᠪᠠᠢᠳᠠᠭ ᠰᠠᠢᠬᠠᠨ ᠬᠠᠨᠢ ᠳ᠋ᠠᠭᠠᠨ ᠪᠢ 
ᠬᠠᠩᠭᠠᠢ ᠶ᠋ᠢᠨ ᠬᠡᠰᠢᠭ ᠢ᠋ᠶ᠋ᠡᠨ ᠳᠡᠭᠡᠵᠢᠯᠡᠨ ᠪᠠᠷᠢᠬᠤ ᠨᠢ ᠶᠠᠭᠤᠲᠠᠢ ᠰᠠᠢᠬᠠᠨ ᠪᠣᠢ 

ᠡᠪᠦᠭᠡ ᠳᠡᠭᠡᠳᠦᠰ ᠡᠴᠡ ᠥᠪᠯᠡᠨ ᠢᠷᠡᠭᠰᠡᠨ ᠥᠪ ᠶᠡᠬᠡ ᠡᠷᠳᠡᠨᠢ ᠳᠧ
ᠥᠭᠭᠦᠭᠰᠡᠨ ᠵᠠᠶᠠᠭ᠎ᠠ ᠪᠤᠶᠠᠨ ᠪᠦᠷᠢ ᠳ᠋ᠦ᠍ ᠨᠢ ᠰᠦᠰᠦᠭᠯᠡᠨ ᠵᠠᠯᠪᠠᠷᠢᠭᠠᠳ
ᠥᠨᠢᠷ ᠪᠦᠯᠢ ᠥᠷᠭᠡᠨ ᠲᠦᠮᠡᠨ ᠦ᠌ ᠪᠡᠨ ᠬᠣᠢᠴᠢ ᠶ᠋ᠢ ᠳᠠᠭᠠᠳᠬᠠᠭᠠᠳ
ᠥᠨᠳᠥᠷ ᠲᠩᠷᠢ ᠳ᠋ᠡᠭᠡᠨ ᠰᠦ ᠪᠡᠨ ᠡᠷᠭᠦᠬᠦ ᠨᠢ ᠶᠠᠭᠤᠲᠠᠢ ᠰᠠᠢᠬᠠᠨ ᠪᠣᠢ᠃
ᠥᠨᠢᠷ ᠪᠦᠯᠢ ᠥᠷᠭᠡᠨ ᠲᠦᠮᠡᠨ ᠦ᠌ ᠪᠡᠨ ᠬᠣᠢᠴᠢ ᠶ᠋ᠢ ᠳᠠᠭᠠᠳᠬᠠᠭᠠᠳ
ᠥᠨᠳᠥᠷ ᠲᠩᠷᠢ ᠳ᠋ᠡᠭᠡᠨ ᠰᠦ ᠪᠡᠨ ᠡᠷᠭᠦᠬᠦ ᠨᠢ ᠶᠠᠭᠤᠲᠠᠢ ᠰᠠᠢᠬᠠᠨ ᠪᠣᠢ᠃

          ᠦᠰᠦᠭ ᠠᠮᠢᠯᠠᠭᠤᠯᠤᠭᠴᠢ᠄ ᠤᠤᠭᠠᠨᠵᠢᠳ
          ᠬᠢᠨᠠᠭᠴᠢ᠄ ᠠᠯᠲᠠᠨᠴᠢᠮᠡᠭ᠂ ᠳᠠᠯᠠᠨᠲᠠᠢ