ᠮᠣᠩᠭᠣᠯ ᠡᠮ ᠡᠮᠨᠡᠯᠭᠡ – (ᠠᠷᠪᠠᠨ ᠳᠥᠷᠪᠡ) Монгол эм эмнэлэг (14) ᠡᠷᠡᠭᠦᠯ ᠡᠩᠬᠡ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠣᠩᠭᠣᠯ ᠡᠮ ᠡᠮᠨᠡᠯᠭᠡ – (ᠠᠷᠪᠠᠨ ᠳᠥᠷᠪᠡ) Монгол эм эмнэлэг (14)

ᠮᠣᠩᠭᠣᠯ ᠡᠮ ᠡᠮᠨᠡᠯᠭᠡ – (ᠠᠷᠪᠠᠨ ᠳᠥᠷᠪᠡ) Монгол эм эмнэлэг (14)

ᠠᠩᠭᠢᠯᠠᠯ:ᠡᠷᠡᠭᠦᠯ ᠡᠩᠬᠡ
2025-07-30

556

ᠰᠤᠳᠠᠯ ᠤ᠋ᠨ ᠴᠢᠭᠢᠬ᠎ᠠ ᠶ᠋ᠢ ᠡᠮᠴᠢᠯᠡᠭᠰᠡᠨ ᠨᠢ


                         ᠡᠷᠳᠡᠨᠢᠴᠤᠭᠲᠤ᠂ ᠹᠦ ᠢᠦᠢ ᠰᠢᠶᠣᠤ ᠂ ᠬᠠᠢ ᠢᠦᠢ ᠯᠠᠨ 

       ᠲᠤᠰ ᠡᠪᠡᠳᠴᠢᠨ ᠨᠢ ᠭᠤᠷᠪᠠᠨ ᠮᠠᠬᠠᠪᠣᠳ ᠬᠢᠮᠤᠷᠠᠵᠤ᠂ ᠭᠡᠰᠢᠭᠦᠨ ᠦ᠌ ᠰᠤᠳᠠᠯ ᠢ᠋ ᠨᠥᠯᠥᠭᠡᠯᠡᠵᠦ᠂ ᠡᠪᠡᠳᠬᠦ᠂ ᠶᠠᠷᠠᠰᠢᠬᠤ ᠪᠠᠷ ᠢᠯᠡᠷᠡᠬᠦ ᠤᠳᠠᠭᠠᠨ ᠴᠢᠨᠠᠷᠲᠠᠢ ᠦᠷᠭᠦᠯᠵᠢ ᠲᠣᠬᠢᠶᠠᠯᠳᠤᠬᠤ ᠡᠪᠡᠳᠴᠢᠨ ᠪᠣᠯᠤᠨ᠎ᠠ᠃ ᠧᠦ᠋ᠷᠣᠫᠠ ᠡᠮᠨᠡᠯᠭᠡ ᠶ᠋ᠢᠨ 《ᠰᠤᠳᠠᠯ ᠤ᠋ᠨ ᠦᠷᠪᠢᠰᠦᠯ》 ᠲᠡᠢ ᠠᠳᠠᠯᠢᠪᠲᠤᠷ᠃ ᠮᠣᠩᠭᠣᠯ ᠡᠮ ᠢ᠋ᠶ᠋ᠡᠷ ᠵᠠᠰᠠᠭᠠᠳ ᠮᠠᠰᠢ ᠰᠠᠢᠨ ᠦᠷ᠎ᠡ ᠳ᠋ᠦᠩ ᠣᠯᠤᠭᠰᠠᠨ ᠲᠤᠯᠠ ᠳᠣᠣᠷᠠᠬᠢ ᠮᠡᠲᠦ ᠥᠭᠦᠯᠡᠶ᠎ᠡ᠃ 
ᠰᠢᠯᠲᠠᠭᠠᠨ ᠨᠥᠬᠥᠴᠡᠯ᠄ ᠪᠠᠳᠬᠠᠨ᠂ ᠴᠢᠰᠤ᠂ ᠰᠢᠷ᠎ᠠ ᠤᠰᠤᠨ ᠠ᠋ᠴᠠ ᠰᠢᠯᠲᠠᠭᠠᠯᠠᠵᠤ᠂ ᠡᠯᠳᠡᠪ ᠨᠥᠬᠥᠴᠡᠯ ᠳ᠋ᠦ᠍ ᠨᠥᠯᠥᠭᠡᠯᠡᠭᠳᠡᠭᠰᠡᠨ ᠭᠤᠷᠪᠠᠨ ᠮᠠᠬᠠᠪᠣᠳ ᠨᠢ ᠳᠦᠷᠢ ᠤᠷᠪᠠᠵᠤ᠂ ᠰᠢᠷ᠎ᠠ ᠤᠰᠤ ᠶ᠋ᠢ ᠨᠥᠯᠥᠭᠡᠯᠡᠨ᠂ ᠰᠢᠷ᠎ᠠ ᠤᠰᠤᠨ ᠡᠪᠡᠳᠴᠢᠨ ᠦ᠌ ᠤᠷᠪᠠᠯᠲᠠ ᠲᠠᠢ ᠪᠣᠯᠵᠤ᠂ ᠰᠤᠳᠠᠯ ᠳ᠋ᠤ᠌ ᠲᠦᠭᠡᠨ ᠰᠤᠳᠠᠯ ᠤ᠋ᠨ ᠬᠡᠢ ᠴᠢᠰᠤᠨ ᠤ᠋ ᠡᠷᠭᠢᠯᠲᠡ ᠶ᠋ᠢ ᠬᠠᠷᠰᠢᠯᠠᠬᠤ᠂ ᠢᠯᠠᠩᠭᠤᠶ᠎ᠠ ᠲᠦᠭᠡᠭᠡᠭᠴᠢ ᠬᠡᠢ ᠶ᠋ᠢᠨ ᠭᠦᠶᠦᠳᠡᠯ ᠢ᠋ ᠰᠠᠭᠠᠲᠠᠭᠤᠯᠬᠤ᠂ ᠰᠤᠳᠠᠯ ᠤ᠋ᠨ ᠰᠢᠮᠡᠵᠢᠯ ᠢ᠋ ᠮᠠᠭᠤᠳᠠᠭᠤᠯᠬᠤ᠂ ᠦᠬᠦᠵᠢᠷᠡᠵᠦ ᠢᠯᠵᠢᠷᠡᠬᠦ ᠮᠡᠲᠦ ᠡᠪᠡᠳᠴᠢᠨ ᠦ᠌ ᠰᠢᠨᠵᠢ ᠴᠢᠨᠠᠷ ᠢ᠋ ᠦᠨᠳᠦᠰᠦᠯᠡᠨ᠂ ᠳᠣᠣᠷᠠᠬᠢ ᠭᠤᠷᠪᠠᠨ ᠬᠡᠯᠪᠡᠷᠢ ᠬᠤᠪᠢᠶᠠᠨ ᠡᠮᠴᠢᠯᠡᠪᠡ᠃ 
1. ᠬᠡᠢ ᠶ᠋ᠢᠨ ᠴᠢᠨᠠᠷᠲᠠᠢ᠄ ᠬᠡᠯᠡ ᠨᠢᠮᠭᠡᠨ᠂ ᠥᠩᠭᠥᠷ ᠦᠭᠡᠢ᠂ ᠦᠵᠦᠭᠦᠷ ᠨᠢ ᠤᠯᠠᠭᠠᠨ᠂ ᠴᠡᠴᠡᠷᠡᠬᠦ᠂ ᠰᠤᠳᠠᠯ ᠨᠠᠷᠢᠨ ᠬᠥᠯᠪᠡᠷᠢᠭᠦᠨ ᠴᠡᠴᠡᠷᠠᠯᠳᠤᠳᠡᠭ᠂ ᠰᠢᠭᠡᠰᠦ ᠴᠠᠢᠪᠤᠷ᠂ ᠬᠥᠭᠡᠰᠦᠲᠡᠢ᠃ ᠡᠪᠡᠳᠴᠢᠯᠡᠭᠰᠡᠨ ᠮᠥᠴᠢ ᠶ᠋ᠢᠨ ᠬᠥᠷᠥᠰᠥ ᠨᠢ ᠬᠥᠬᠡᠪᠲᠦᠷ ᠴᠠᠢᠪᠤᠷ᠂ ᠲᠠᠭᠠᠷᠠᠬᠤ᠂ ᠮᠢᠨᠴᠦᠷᠡᠬᠦ᠂ ᠬᠥᠯ ᠦ᠋ᠨ ᠬᠢᠩᠭᠠᠷ ᠰᠢᠯᠪᠢ ᠲᠣᠭᠲᠠᠮᠠᠯ ᠪᠤᠰᠤ ᠪᠠᠷ ᠱᠠᠷᠬᠢᠷᠠᠵᠤ ᠡᠪᠡᠳᠬᠦ᠂ ᠠᠯᠤᠰᠯᠠᠮᠠᠯ ᠴᠢᠨᠠᠷᠲᠠᠢ ᠪᠠᠷ ᠳᠣᠭᠣᠯᠳᠠᠨ ᠠᠯᠬᠤᠬᠤ᠂ ᠪᠤᠯᠴᠢᠩ ᠰᠢᠷᠪᠥᠰᠥ ᠲᠠᠲᠠᠯᠳᠤᠨ ᠵᠢᠭᠠᠬᠠᠨ ᠠᠮᠢᠰᠬᠤᠪᠠᠯ ᠡᠪᠡᠷᠰᠢᠶᠡᠯ ᠨᠢ ᠨᠠᠮᠳᠠᠳᠠᠭ᠃ ᠠᠷᠠᠰᠤ ᠬᠦᠷᠦᠯᠴᠡᠭᠦᠨ ᠳ᠋ᠦ᠍ᠨᠢ ᠨᠠᠷᠢᠨ ᠳᠡᠭᠡᠰᠦ ᠮᠡᠲᠦ ᠭᠦᠷᠪᠡᠢᠭᠰᠡᠨ ᠰᠤᠳᠠᠯ ᠢᠯᠡᠷᠡᠬᠦ᠂ ᠵᠠᠷᠢᠮ ᠳ᠋ᠠᠭᠠᠨ ᠬᠡᠰᠡᠭ ᠪᠣᠰᠤᠭ ᠭᠦᠪᠳᠦᠷᠦᠦ ᠭᠠᠷᠳᠠᠭ᠃ ᠡᠪᠡᠷᠰᠢᠶᠡᠯ ᠨᠢ ᠰᠥᠨᠢ ᠳ᠋ᠡᠭᠡᠨ ᠬᠦᠨᠳᠦᠷᠡᠬᠦ ᠣᠨᠴᠠᠯᠢᠭ ᠲᠠᠢ᠃ ᠬᠡᠢ ᠶ᠋ᠢᠨ ᠣᠨᠴᠠᠯᠢᠭ ᠠ᠋ᠴᠠ ᠪᠣᠯᠵᠤ ᠬᠡᠰᠡᠭ ᠲᠡᠭᠡᠨ ᠬᠦᠨᠳᠦᠷᠡᠬᠦ᠂ ᠬᠡᠰᠡᠭ ᠲᠡᠭᠡᠨ ᠨᠠᠮᠳᠠᠬᠤ ᠡᠪᠡᠳᠴᠢᠯᠡᠭᠰᠡᠨ ᠬᠥᠯ ᠦ᠋ᠨ ᠥᠯᠮᠡᠢ ᠶ᠋ᠢᠨ ᠯᠤᠭᠰᠢᠬᠤ ᠰᠤᠳᠠᠯ᠂ ᠱᠠᠭ᠎ᠠ ᠶ᠋ᠢᠨ ᠰᠤᠳᠠᠯ ᠤ᠋ᠨ ᠯᠤᠭᠰᠢᠯᠲᠠ ᠨᠢ ᠳᠣᠷᠣᠢ ᠪᠣᠯᠳᠠᠭ᠃ 
2. ᠪᠠᠳᠬᠠᠨ ᠤ᠋ ᠴᠢᠨᠠᠷᠲᠠᠢ᠄ ᠬᠡᠯᠡ ᠴᠠᠢᠪᠤᠷ ᠵᠤᠵᠠᠭᠠᠨ᠂ ᠬᠥᠪᠡᠭᠡ ᠳ᠋ᠦ᠍ᠨᠢ ᠬᠥᠬᠡ ᠲᠣᠯᠪᠣ ᠡᠭᠦᠰᠬᠦ ᠶᠦ᠍ᠮ᠂ ᠰᠤᠳᠠᠯ ᠵᠢᠪᠪᠦᠩᠬᠡᠢ᠂ ᠰᠢᠭᠡᠰᠦ ᠴᠠᠢᠪᠤᠷ ᠥᠳᠬᠡᠨ᠂ ᠬᠡᠮᠵᠢᠶ᠎ᠡ ᠨᠢ ᠣᠯᠠᠨ᠃ ᠡᠨᠡ ᠦᠶ᠎ᠡ ᠶ᠋ᠢᠨ ᠴᠢᠰᠤᠨ ᠰᠤᠳᠠᠯ ᠳ᠋ᠤ᠌ ᠪᠠᠳᠬᠠᠨ ᠤ᠋ ᠬᠦᠴᠦᠨ ᠢ᠋ᠶ᠋ᠡᠷ ᠴᠡᠴᠡᠷᠡᠯᠲᠡ ᠡᠭᠦᠰᠴᠦ᠂ ᠮᠠᠭᠤ ᠴᠢᠰᠤ ᠰᠢᠷ᠎ᠠ ᠤᠰᠤ ᠬᠤᠢᠯᠠᠷᠠᠨ ᠰᠤᠳᠠᠯ ᠤ᠋ᠨ ᠰᠥᠷᠪᠡ ᠶ᠋ᠢ ᠪᠥᠭᠯᠡᠳᠡᠭ᠃ ᠰᠥᠨᠢ ᠬᠡᠪᠲᠡᠪᠡᠯ ᠡᠪᠡᠷᠰᠢᠶᠡᠯᠡᠬᠦ ᠨᠢ ᠬᠡᠴᠡᠭᠦᠦ᠂ ᠶᠡᠷᠦ ᠳ᠋ᠡᠭᠡᠨ ᠡᠪᠦᠳᠦᠭ ᠢ᠋ᠶ᠋ᠡᠨ ᠲᠡᠪᠡᠷᠢᠵᠦ ᠣᠷᠣᠨ ᠳᠡᠭᠡᠷ᠎ᠡ ᠪᠡᠨ ᠰᠠᠭᠤᠬᠤ ᠪᠤᠶᠤ ᠬᠥᠯ ᠢ᠋ᠶ᠋ᠡᠨ ᠤᠨᠵᠠᠢᠯᠭᠠᠨ ᠰᠠᠭᠤᠳᠠᠭ᠃ ᠡᠪᠡᠳᠴᠢᠯᠡᠭᠰᠡᠨ ᠬᠤᠷᠤᠭᠤᠨ ᠤ᠋ ᠬᠢᠮᠤᠰᠤ ᠵᠤᠵᠠᠭᠠᠷᠠᠬᠤ᠂ ᠰᠢᠷ᠎ᠠ ᠦᠰᠦ ᠨᠢ ᠵᠤᠯᠭᠠᠷᠠᠬᠤ᠂ ᠪᠤᠯᠴᠢᠩ ᠬᠠᠲᠠᠩᠭᠢᠷᠠᠳᠠᠭ᠃ ᠬᠥᠯ ᠦ᠋ᠨ ᠥᠯᠮᠡᠢ ᠶ᠋ᠢᠨ ᠯᠤᠭᠰᠢᠬᠤ ᠰᠤᠳᠠᠯ᠂ ᠱᠠᠭ᠎ᠠ ᠲᠠᠬᠢᠮ ᠤ᠋ᠨ ᠰᠤᠳᠠᠯ ᠤ᠋ᠨ ᠯᠤᠭᠰᠢᠯᠲᠠ ᠨᠢ ᠤᠰᠠᠳᠳᠠᠭ ᠶᠤᠮ᠃ ᠪᠠᠳᠬᠠᠨ ᠤ᠋ ᠣᠨᠴᠠᠯᠢᠭ ᠠ᠋ᠴᠠ ᠪᠣᠯᠵᠤ ᠪᠡᠶ᠎ᠡ ᠬᠦᠨᠳᠦ᠂ ᠳᠤᠷᠠᠰᠢᠯ ᠠᠮᠤᠷ ᠦᠭᠡᠢ ᠵᠡᠷᠭᠡ ᠰᠢᠨᠵᠢ ᠳᠠᠭᠠᠯᠳᠤᠨ ᠢᠯᠡᠷᠡᠨ᠎ᠡ᠃ 
3. ᠰᠢᠷ᠎ᠠ ᠶ᠋ᠢᠨ ᠴᠢᠨᠠᠷᠲᠠᠢ᠄ ᠬᠡᠯᠡ ᠰᠢᠷᠠᠪᠲᠤᠷ᠂ ᠵᠤᠵᠠᠭᠠᠨ᠂ ᠦᠵᠦᠭᠦᠷ ᠲᠦ᠍ ᠨᠢ ᠭᠦᠨ ᠤᠯᠠᠭᠠᠨ ᠲᠣᠯᠪᠣ ᠢᠯᠡᠷᠡᠬᠦ᠂ ᠬᠡᠰᠡᠭ ᠲᠡᠭᠡᠨ ᠬᠠᠲᠠᠵᠤ ᠬᠠᠭᠤᠷᠠᠢᠰᠢᠳᠠᠭ᠃ ᠰᠤᠳᠠᠯ ᠲᠦᠷᠭᠡᠨ᠂ ᠡᠷᠴᠢᠮᠲᠡᠢ ᠬᠡᠰᠡᠭ ᠲᠡᠭᠡᠨ ᠪᠦᠳᠦᠭᠦᠨ ᠴᠡᠴᠡᠷᠡᠯᠳᠤᠨ ᠯᠤᠭᠰᠢᠬᠤ᠂ ᠰᠢᠭᠡᠰᠦ ᠤᠯᠠᠪᠢᠷ ᠥᠳᠬᠡᠨ᠂ ᠦᠮᠡᠬᠡᠢ ᠦᠨᠦᠷ ᠶᠡᠬᠡᠲᠡᠢ᠂ ᠰᠢᠷ᠎ᠠ ᠶ᠋ᠢᠨ ᠬᠦᠴᠦᠨ ᠢ᠋ᠶ᠋ᠡᠷ ᠰᠤᠳᠠᠯ ᠳ᠋ᠠᠬᠢ ᠴᠢᠰᠤ ᠶ᠋ᠢ ᠰᠢᠲᠠᠭᠠᠭᠰᠠᠨ ᠢ᠋ᠶ᠋ᠠᠷ ᠴᠢᠰᠤᠨ ᠰᠤᠳᠠᠯ ᠳ᠋ᠠᠬᠢ ᠴᠢᠰᠤ ᠪᠠᠷᠠᠭᠳᠠᠬᠤ᠂ ᠰᠢᠮᠡᠵᠢᠯ ᠮᠠᠭᠤᠳᠠᠬᠤ ᠵᠡᠷᠭᠡ ᠡᠴᠡ ᠦᠬᠦᠵᠢᠷᠡᠯ ᠡᠭᠦᠰᠦᠨ᠎ᠡ᠃ ᠡᠪᠡᠷᠰᠢᠶᠡᠯ ᠨᠢ ᠬᠥᠯ ᠦ᠋ᠨ ᠬᠤᠷᠤᠭᠤᠨ ᠤ᠋ ᠦᠵᠦᠭᠦᠷ ᠡᠴᠡ ᠡᠬᠢᠯᠡᠳᠡᠭ᠃ ᠬᠠᠭᠠᠷᠠᠵᠤ ᠶᠠᠷᠠᠰᠢᠭᠰᠠᠨ ᠶᠠᠷ᠎ᠠ ᠨᠢ ᠬᠠᠭᠤᠷᠠᠢ ᠪᠠᠢᠳᠠᠭ ᠣᠨᠴᠠᠯᠢᠭ ᠲᠠᠢ᠃ ᠬᠡᠷᠪᠡ ᠨᠢᠶᠠᠨ ᠬᠠᠯᠳᠠᠪᠤᠷᠢᠯᠠᠯ ᠳᠠᠪᠬᠤᠷᠯᠠᠪᠠᠯ ᠰᠢᠭᠦᠰᠦ ᠦᠭᠡᠷᠢ ᠭᠠᠷᠳᠠᠭ᠃ ᠰᠢᠷ᠎ᠠ ᠶ᠋ᠢᠨ ᠣᠨᠴᠠᠯᠢᠭ ᠢ᠋ᠶ᠋ᠠᠷ ᠡᠪᠡᠷᠰᠢᠶᠡᠯ ᠶᠡᠬᠡᠲᠡᠢ᠂ ᠡᠳᠦᠷ ᠬᠥᠩᠭᠡᠨ᠂ ᠰᠥᠨᠢ ᠬᠦᠨᠳᠦ᠂ ᠰᠡᠷᠢᠭᠦᠨ ᠳ᠋ᠦ᠍ ᠠᠮᠤᠷᠯᠢᠵᠤ᠂ ᠬᠠᠯᠠᠭᠤᠨ ᠳ᠋ᠤ᠌ ᠬᠣᠣᠷᠯᠠᠬᠤ᠂ ᠰᠢᠷᠬᠠᠯᠠᠭ᠎ᠠ ᠭᠠᠷᠬᠤ ᠪᠤᠶᠤ ᠦᠬᠦᠵᠢᠷᠡᠬᠦ᠂ ᠤᠯᠠᠢᠵᠤ ᠬᠠᠯᠠᠭᠤᠷᠠᠬᠤ᠂ ᠥᠭᠡᠷᠢ ᠨᠢ ᠦᠮᠡᠬᠡᠢ᠂ ᠪᠡᠶ᠎ᠡ ᠬᠠᠯᠠᠭᠤᠷᠠᠬᠤ ᠳᠠᠭᠠᠷᠠᠳᠠᠰᠤ ᠬᠦᠷᠬᠦ ᠰᠢᠨᠵᠢ ᠢᠯᠡᠷᠡᠨ᠎ᠡ᠃ 
ᠡᠮᠴᠢᠯᠡᠭᠡ᠄ ᠭᠤᠷᠪᠠᠨ ᠮᠠᠬᠠᠪᠣᠳ ᠪᠠ ᠢᠯᠠᠩᠭᠤᠶ᠎ᠠ ᠲᠦᠭᠡᠮᠡᠯ ᠭᠦᠶᠦᠭᠴᠢ ᠬᠡᠢ ᠶ᠋ᠢᠨ ᠠᠵᠢᠯᠯᠠᠭ᠎ᠠ ᠶ᠋ᠢ ᠰᠠᠢᠵᠢᠷᠠᠭᠤᠯᠬᠤ᠂ ᠰᠦᠪᠡ ᠰᠤᠳᠠᠰᠤᠨ ᠢ᠋ ᠨᠡᠪᠲᠡᠷᠡᠭᠦᠯᠬᠦ᠂ ᠲᠤᠩᠭᠠᠯᠠᠭ ᠴᠥᠪ ᠦ᠋ᠨ ᠢᠯᠭᠠᠷᠠᠯᠲᠠ ᠶ᠋ᠢ ᠡᠷᠡᠭᠦᠯᠵᠢᠭᠦᠯᠬᠦ᠂ ᠡᠪᠡᠳᠴᠢᠯᠡᠭᠰᠡᠨ ᠰᠢᠷ᠎ᠠ ᠤᠰᠤ ᠶ᠋ᠢ ᠬᠠᠲᠠᠭᠠᠬᠤ ᠵᠠᠷᠴᠢᠮ ᠢ᠋ᠶ᠋ᠠᠷ ᠵᠠᠰᠠᠨ᠎ᠠ᠃ 
ᠡᠮ ᠨᠢ᠄ ᠥᠷᠯᠥᠭᠡ ᠳ᠋ᠦ᠍ ᠡᠷᠳᠡᠨᠢ ᠣᠷᠢᠯ ᠢ᠋ ᠬᠤᠸᠠᠵᠤᠤ ᠶ᠋ᠢᠨ ᠱᠥᠯᠥ ᠪᠡᠷ ᠳᠠᠷᠤᠭᠤᠯᠬᠤ᠂ ᠦᠳᠡ ᠳ᠋ᠦ᠍ ᠲᠤᠩᠭᠠᠯᠠᠭ — 5 ᠪᠠᠷ ᠰᠠᠷᠠᠨ ᠭᠠᠷᠤᠳᠢ ᠶ᠋ᠢᠨ 15 ᠦᠷᠢᠯ ᠢ᠋ ᠳᠠᠷᠤᠭᠤᠯᠬᠤ᠂ ᠣᠷᠣᠢ ᠳ᠋ᠤ᠌ ᠭᠠᠷᠤᠳᠢ— 5 ᠤ᠋ ᠦᠷᠢᠯ ᠢ᠋ ᠶᠡᠬᠡ ᠳᠠᠩ ᠪᠤᠶᠤ ᠰᠡᠩᠲᠡᠭ ᠮᠣᠳᠣᠨ ᠤ᠋ ᠱᠥᠯᠥ ᠪᠡᠷ ᠪᠦᠷᠢᠵᠦ ᠥᠭᠪᠡ᠃ ᠬᠡᠢ ᠳᠡᠢᠯᠦᠩᠭᠦᠢ ᠪᠣᠯ ᠠᠭᠠᠷᠤ —35 ᠰᠢᠷ᠎ᠠ ᠳᠡᠢᠯᠦᠩᠭᠦᠢ ᠳ᠋ᠦ᠍ ᠶᠡᠬᠡ ᠬᠠᠷ᠎ᠠ ᠪᠠᠳᠬᠠᠨ ᠳᠡᠢᠯᠦᠩᠭᠦᠢ ᠳ᠋ᠦ᠍ ᠠᠨᠠᠷ — 4 g ᠢ᠋ ᠲᠤᠰ ᠲᠤᠰ ᠥᠭᠪᠡ᠃ 
ᠭᠠᠳᠠᠷ ᠬᠡᠷᠡᠭᠯᠡᠬᠦ ᠡᠮ᠄ ᠵᠢᠭᠠᠷ 3 ᠂ ᠬᠣᠷᠣᠬᠠᠢ ᠮᠥᠭᠥ 6g ᠭᠠᠩᠨᠠᠭᠤᠷ ᠡᠪᠡᠰᠦ 30 gᠦᠰᠦᠨ ᠦ᠌ ᠬᠢᠷᠪᠤᠰᠤ 20g ᠪᠠᠭᠠᠪᠠᠭᠠᠢ ᠶ᠋ᠢᠨ ᠰᠥᠰᠥ 38g ᠭᠠᠪᠤᠷ 5 g ᠂ ᠬᠣᠢᠲᠤᠬᠢ᠂ ᠪᠦᠬᠦᠨ ᠢ᠋ ᠨᠡᠢᠯᠡᠭᠦᠯᠦᠨ ᠨᠢᠭᠲᠠ ᠲᠠᠯᠠᠭᠳᠠᠨ ᠪᠢᠲᠡᠭᠦᠮᠵᠢᠯᠡᠵᠦ ᠭᠠᠳᠠᠷ ᠬᠡᠷᠡᠭᠯᠡᠬᠦ ᠳ᠋ᠦ᠍ ᠪᠡᠯᠡᠳᠬᠡᠨ᠎ᠡ᠃ ᠡᠭᠦᠨ ᠦ᠌ ᠳᠠᠭᠠᠤ ᠬᠠᠨᠠᠬᠤ ᠪᠠ ᠰᠡᠪᠡᠰᠦᠯᠡᠬᠦ ᠵᠠᠰᠠᠯ ᠢ᠋ ᠤᠶᠠᠯᠳᠤᠭᠤᠯᠤᠨ ᠰᠢᠮ᠎ᠡ ᠲᠡᠵᠢᠭᠡᠯ ᠲᠡᠢ ᠰᠢᠨ᠎ᠡ ᠮᠢᠨ᠎ᠠ᠂ ᠶᠠᠰᠤᠨ ᠱᠥᠯᠥ ᠶ᠋ᠢ ᠰᠢᠲᠦᠭᠦᠯᠦᠨ᠎ᠡ᠃ 7 ᠬᠣᠨᠣᠭ ᠢ᠋ ᠨᠢᠭᠡ ᠡᠮᠴᠢᠯᠡᠭᠡᠨ ᠦ᠌ ᠬᠤᠭᠤᠴᠠᠭ᠎ᠠ ᠪᠣᠯᠭᠠᠨ ᠡᠮᠴᠢᠯᠡᠵᠦ ᠣᠯᠠᠩᠬᠢ ᠨᠢ 3 —7 ᠡᠮᠴᠢᠯᠡᠭᠡᠨ ᠦ᠌ ᠬᠤᠭᠤᠴᠠᠭ᠎ᠠ ᠳ᠋ᠤ᠌ ᠡᠳᠡᠭᠡᠷᠡᠳᠡᠭ ᠃ 
ᠨᠡᠢᠲᠡᠯᠢᠭ ᠵᠢᠱ᠌ᠢᠶ᠎ᠡ 
       ᠡᠪᠡᠳᠴᠢᠲᠡᠨ ᠪᠠ‍ ** ᠂ ᠡᠷᠡᠭᠲᠡᠢ᠂ 30 ᠨᠠᠰᠤᠲᠠᠢ᠂ ᠵᠠᠷᠤᠳ ᠬᠤᠰᠢᠭᠤᠨ ᠤ᠋ ᠲᠣᠯᠤᠲᠤ ᠰᠤᠮᠤᠨ ᠤ᠋ ᠮᠠᠯᠴᠢᠨ᠃ 
       ᠡᠪᠡᠳᠴᠢᠨ ᠦ᠌ ᠲᠡᠦᠬᠡ᠄ 3 ᠰᠠᠷᠠᠢᠨ ᠡᠮᠦᠨ᠎ᠡ ᠶᠡᠬᠡ ᠪᠣᠷᠣᠭᠠᠨ ᠳ᠋ᠤ᠌ ᠨᠣᠷᠤᠭᠳᠠᠵᠤ ᠵᠢᠩᠭᠢᠨᠡᠭᠰᠡᠨ ᠡᠴᠡ ᠬᠣᠢᠰᠢ ᠳᠥᠷᠪᠡᠨ ᠮᠥᠴᠢ ᠤᠨᠲᠠᠷᠠᠬᠤ᠂ ᠮᠢᠨᠴᠦᠷᠡᠬᠦ᠂ ᠵᠢᠩᠭᠢᠨᠡᠬᠦ᠂ ᠬᠡᠰᠡᠭ ᠲᠡᠭᠡᠨ ᠳᠤᠭᠤᠯᠳᠠᠵᠤ ᠠᠯᠬᠤᠬᠤ᠂ ᠪᠤᠯᠴᠢᠩ ᠰᠢᠷᠪᠥᠰᠥ ᠲᠠᠲᠠᠯᠳᠤᠬᠤ ᠵᠡᠷᠭᠡ ᠲᠤᠯᠠ ᠲᠤᠬᠠᠢ ᠶ᠋ᠢᠨ ᠭᠠᠵᠠᠷ ᠲᠠᠭᠠᠨ ᠦᠵᠡᠭᠦᠯᠦᠭᠰᠡᠨ ᠳ᠋ᠦ᠍ ᠬᠦᠢᠲᠡᠨ ᠰᠢᠷ᠎ᠠ ᠤᠰᠤᠨ ᠡᠪᠡᠳᠴᠢᠨ ᠭᠡᠵᠦ ᠡᠮᠴᠢᠯᠡᠭᠡᠳ ᠢᠯᠠᠷᠢ ᠪᠣᠯᠣᠭᠰᠠᠡᠨ ᠦᠭᠡᠢ᠂ ᠣᠷᠴᠢᠮ ᠳ᠋ᠤ᠌ ᠳᠥᠷᠪᠡᠨ ᠮᠥᠴᠢ ᠡᠪᠡᠷᠰᠢᠶᠡᠯᠡᠬᠦ᠂ ᠡᠳᠦᠷ ᠲᠡᠭᠡᠨ ᠬᠥᠩᠭᠡᠨ᠂ ᠰᠥᠨᠢ ᠬᠦᠨᠳᠦᠷᠡᠬᠦ᠂ ᠭᠠᠷ ᠬᠥᠯ ᠦ᠋ᠨ ᠬᠤᠷᠤᠭᠤ ᠦᠵᠦᠭᠦᠷ ᠶᠠᠷᠠᠰᠢᠵᠤ ᠬᠠᠭᠠᠷᠠᠬᠤ ᠲᠤᠯᠠ ᠮᠠᠨ ᠤ᠋ ᠡᠮᠨᠡᠯᠭᠡ ᠳ᠋ᠦ᠍ ᠢᠷᠡᠪᠡ᠃ 
       ᠪᠠᠢᠴᠠᠭᠠᠬᠤ ᠳ᠋ᠤ᠌᠄ ᠬᠡᠯᠡ ᠤᠯᠠᠭᠠᠨ᠂ ᠦᠵᠦᠭᠦᠷ ᠨᠢ ᠴᠡᠴᠡᠷᠡᠬᠦ᠂ ᠰᠤᠳᠠᠯ ᠨᠠᠷᠢᠨ ᠬᠦᠯᠪᠡᠷᠢᠬᠦᠨ᠃
       ᠣᠨᠣᠰᠢᠯᠠᠯ᠄ ᠰᠢᠷ᠎ᠠ ᠶ᠋ᠢᠨ ᠴᠢᠨᠠᠷᠲᠠᠢ ᠰᠤᠳᠠᠯ ᠤ᠋ᠨ ᠴᠢᠭᠢᠬ᠎ᠠ ᠡᠪᠡᠳᠴᠢᠨ 
       ᠡᠮᠴᠢᠯᠡᠭᠡ᠄ ᠪᠡᠶ᠎ᠡ ᠶ᠋ᠢᠨ ᠲᠠᠮᠢᠷ ᠢ᠋ ᠦᠨᠳᠦᠰᠦᠯᠡᠨ ᠡᠮ ᠦ᠋ᠨ ᠬᠡᠮᠵᠢᠶ᠎ᠡ ᠶ᠋ᠢ ᠲᠣᠬᠢᠷᠠᠭᠤᠯᠪᠠ᠃ ᠦᠷᠦᠯᠭᠡ ᠳ᠋ᠦ᠍ ᠡᠷᠳᠡᠨᠢ ᠦᠷᠢᠯ17 ᠦᠷᠢᠯ ᠢ᠋ ᠰᠢᠷ᠎ᠠ ᠳᠠᠩ ᠢ᠋ᠶ᠋ᠠᠷ ᠳᠠᠷᠤᠭᠤᠯᠬᠤ᠂ ᠦᠳᠡ ᠳ᠋ᠦ᠍ ᠲᠤᠩᠭᠠᠯᠠᠭ — 5 ᠪᠤᠶᠤ ᠰᠠᠷᠠᠨ ᠭᠠᠷᠤᠳᠢ ᠶ᠋ᠢᠨ 15 ᠦᠷᠢᠯ ᠢ᠋ ᠵᠡᠰ ᠡᠪᠡᠰᠦᠨ ᠦ᠌ ᠱᠥᠯᠥ ᠳ᠋ᠦ᠍ ᠴᠢᠨᠠᠭᠰᠠᠨ ᠭᠠᠬᠠᠢ ᠶ᠋ᠢᠨ ᠰᠢᠭᠢᠷ᠎ᠡ ᠶ᠋ᠢᠨ ᠱᠥᠯᠥ ᠶ᠋ᠢ ᠨᠡᠮᠡᠵᠦ ᠥᠭᠪᠡ᠃ ᠣᠷᠣᠢ ᠳ᠋ᠤ᠌ ᠭᠠᠷᠤᠳᠢ — 5 ᠤ᠋ 9 ᠦᠷᠢᠯ ᠢ᠋ ᠶᠡᠬᠡ ᠳᠠᠩ ᠢ᠋ᠶ᠋ᠠᠷ ᠳᠠᠷᠤᠭᠤᠯᠪᠠ᠃ 
       ᠵᠠᠪᠰᠠᠷ ᠲᠤᠨᠢ᠄ ᠡᠳᠦᠷ ᠲᠦ᠍ 2 ᠤᠳᠠᠭ᠎ᠠ ᠶᠡᠬᠡ ᠬᠠᠷ᠎ᠠ — 12 ᠢ᠋ ᠥᠭᠪᠡ᠃ ᠪᠠᠰᠠ ᠭᠠᠳᠠᠷ ᠬᠡᠷᠡᠭᠯᠡᠬᠦ ᠡᠮ ᠢ᠋ ᠬᠡᠷᠡᠭᠯᠡᠬᠦ ᠶ᠋ᠢᠨ ᠬᠠᠮᠲᠤ ᠶᠡᠷᠦᠩᠬᠡᠢ ᠰᠤᠳᠠᠯ᠂ ᠡᠯᠢᠭᠡᠨ ᠰᠤᠳᠠᠯ᠂ ᠭᠠᠩᠼᠠ᠂ ᠲᠣᠬᠣᠢ ᠶ᠋ᠢᠨ ᠡᠬᠢ ᠰᠤᠳᠠᠯ ᠵᠡᠷᠭᠡ ᠳᠡᠭᠡᠷ᠎ᠡ ᠮᠥᠴᠢ ᠶ᠋ᠢᠨ ᠪᠠᠯᠴᠢᠷ᠂ ᠳᠣᠣᠷᠠᠲᠤ ᠮᠥᠴᠢ ᠶ᠋ᠢᠨ ᠲᠠᠬᠢᠮ ᠤ᠋ᠨ ᠰᠤᠳᠠᠯ᠂ ᠪᠥᠭᠡᠷᠡᠨ ᠰᠤᠳᠠᠯ᠂ ᠱᠠᠭ᠎ᠠ ᠶ᠋ᠢᠨ ᠰᠤᠳᠠᠯ᠂ ᠬᠢᠩᠭᠠᠷ ᠰᠤᠳᠠᠯ᠂ ᠳᠥᠷᠥᠭᠡ ᠰᠤᠳᠠᠯ ᠢ᠋ ᠡᠭᠡᠯᠵᠢᠯᠡᠨ ᠬᠠᠨᠠᠪᠠ᠃ ᠡᠨᠡ ᠮᠡᠲᠦ ᠠᠷᠭ᠎ᠠ ᠪᠠᠷ ᠡᠮᠴᠢᠯᠡᠭᠡᠳ 8 ᠳ᠋ᠤᠭᠠᠷ ᠡᠳᠦᠷ ᠲᠦ᠍ ᠳᠠᠬᠢᠨ ᠪᠠᠢᠴᠠᠭᠠᠬᠤ ᠳ᠋ᠤ᠌ ᠵᠢᠪᠬᠤᠭ᠎ᠠ ᠰᠠᠢᠵᠢᠷᠠᠨ ᠪᠡᠶ᠎ᠡ ᠶ᠋ᠢᠨ ᠳᠤᠯᠠᠭᠠᠨ 36.70 ᠪᠣᠯᠵᠤ᠂ ᠶᠠᠷ᠎ᠠ ᠨᠢ ᠭᠠᠳᠠᠷ ᠬᠥᠪᠡᠭᠡ ᠡᠴᠡ ᠳᠣᠲᠣᠭᠰᠢ ᠬᠤᠮᠬᠢᠵᠤ ᠡᠳᠡᠭᠡᠷᠡᠵᠦ ᠪᠠᠢᠬᠤ ᠪᠥᠭᠡᠳ ᠤᠯᠠᠢᠵᠤ ᠬᠥᠬᠡᠷᠡᠭᠰᠡᠨ ᠨᠢ ᠲᠠᠲᠠᠵᠤ᠂ ᠥᠯᠮᠡᠢ ᠰᠤᠳᠠᠯ᠂ ᠲᠠᠬᠢᠮ ᠤ᠋ᠨ ᠰᠤᠳᠠᠯ ᠢ᠋ ᠣᠯᠵᠤ ᠲᠡᠮᠲᠡᠷᠢᠪᠡ᠃ ᠬᠡᠯᠡ ᠴᠠᠢᠪᠤᠷ ᠨᠢᠮᠬᠡᠨ᠂ ᠤᠯᠠᠭᠠᠨ᠂ ᠰᠤᠳᠠᠯ ᠬᠦᠯᠪᠡᠷᠢᠬᠦᠨ᠂ ᠰᠢᠭᠡᠰᠦ ᠰᠢᠷᠠᠪᠲᠤᠷ ᠪᠣᠯᠵᠤ ᠨᠡᠯᠢᠶᠡᠳ ᠰᠠᠢᠵᠢᠷᠠᠭᠰᠠᠨ ᠲᠤᠯᠠ ᠤᠤᠯ ᠤ᠋ᠨ ᠡᠮ ᠳᠡᠭᠡᠷ᠎ᠡ ᠴᠠᠭᠲᠤᠷ 15 ᠦᠷᠢᠯ ᠢ᠋ ᠡᠳᠦᠷ ᠲᠦ᠍ 2 ᠤᠳᠠᠭ᠎ᠠ ᠨᠡᠮᠡᠵᠦ ᠥᠭᠪᠡ᠃ ᠡᠨᠡ ᠠᠷᠭ᠎ᠠ ᠪᠠᠷ 4 ᠡᠮᠴᠢᠯᠡᠭᠡᠨ ᠦ᠌ ᠬᠣᠭᠤᠴᠠᠬ᠎ᠠ ᠥᠩᠭᠡᠷᠡᠬᠦ ᠳ᠋ᠦ᠍ ᠡᠪᠡᠳᠴᠢᠨ ᠨᠢ ᠡᠳᠡᠭᠡᠷᠡᠭᠡᠳ ᠡᠮᠨᠡᠯᠭᠡ ᠡᠴᠡ ᠭᠠᠷᠪᠠ᠃ ᠵᠢᠯ ᠦ᠋ᠨ ᠳᠠᠷᠠᠭ᠎ᠠ ᠮᠦᠷᠳᠠᠨ ᠪᠠᠢᠴᠠᠭᠠᠭᠰᠠᠨ ᠳ᠋ᠤ᠌ ᠳᠠᠬᠢᠭᠰᠠᠨ ᠦᠭᠡᠢ ᠪᠠᠢᠪᠠ᠃ 

— — — —
ᠢᠷᠡᠯᠲᠡ᠄ ᠮᠣᠩᠭᠣᠯ ᠡᠮ ᠡᠮᠨᠡᠯᠭᠡ ᠰᠡᠳᠬᠦᠯ — 1996 ᠣᠨ᠂  ᠨᠢᠭᠡᠳᠦᠯᠲᠡᠢ ᠳ᠋ᠤᠭᠠᠷ᠄ GN15—1095 

       ᠦᠰᠦᠭ ᠠᠮᠢᠯᠠᠭᠤᠯᠤᠭᠴᠢ᠄ ᠭᠠᠸᠠ 
       ᠦᠰᠦᠭ ᠵᠠᠰᠠᠬᠤ ᠵᠠᠰᠠᠯᠲᠠ ᠶ᠋ᠢᠨ ᠰᠢᠰᠲ᠋ᠧᠮ ᠢ᠋ᠶ᠋ᠡᠷ ᠬᠢᠨᠠᠪᠠ᠃