ᠡᠷ᠎ᠡ ᠡᠮ᠎ᠡ ᠶᠢᠨ ᠶᠣᠰᠣᠨ – ᠳ ᠂ ᠪᠤᠯᠤᠳᠴᠡᠷᠢᠩ <ᠨᠢᠭᠡᠳᠦᠭᠡᠷ ᠪᠦᠯᠦᠭ>– ᠵᠢᠷᠭᠤᠭ᠎ᠠ ᠂ ᠬᠢᠰᠠᠭ᠎ᠠ ᠲᠠᠢ ᠬᠣᠷᠸ᠎ᠠ Эр эмийн ёсон – Д᠂ Болдцэрэн <Нэгдүгээр бүлэг>– Зургаа ᠂ Хясаатай хорвоо
ᠵᠢᠷᠭᠤᠭ᠎ᠠ ᠂ ᠬᠢᠰᠠᠭ᠎ᠠ ᠲᠠᠢ ᠬᠣᠷᠸ᠎ᠠ
ᠪᠡᠯᠭᠡ ᠶ᠋ᠢᠨ ᠡᠮᠭᠡᠭ ᠦ᠋ᠨ ᠰᠤᠳᠤᠯᠤᠯ ᠤ᠋ᠨ ᠤᠬᠠᠭᠠᠨ ᠳ᠋ᠤ᠌ ᠡᠷᠡᠭᠲᠡᠢ ᠬᠥᠮᠦᠰ ᠲᠦ᠍ ᠲᠣᠬᠢᠶᠠᠯᠳᠤᠳᠠᠭ ᠪᠡᠯᠭᠡ ᠶ᠋ᠢᠨ ᠬᠢᠮᠤᠷᠠᠯ ᠢ᠋ ᠬᠣᠶᠠᠷ ᠬᠡᠰᠡᠭ ᠲᠦ᠍ ᠬᠤᠪᠢᠶᠠᠵᠤ ᠦᠵᠡᠳᠡᠭ᠃ ᠡᠭᠦᠨ ᠳ᠋ᠦ᠍᠄ ᠨᠢᠭᠡᠳᠦᠭᠡᠷ ᠲᠦ᠍᠂ ᠬᠤᠷᠢᠴᠠᠯ ᠦᠢᠯᠡᠳᠴᠦ ᠴᠢᠳᠠᠬᠤ ᠦᠭᠡᠢ ᠪᠠᠢᠬᠤ᠃ ᠡᠭᠦᠨ ᠢ᠋ ᠪᠡᠯᠭᠡ ᠶ᠋ᠢᠨ ᠰᠤᠯᠠᠷᠠᠯ ᠭᠡᠵᠦ ᠨᠡᠷᠡᠯᠡᠳᠡᠭ᠃ ᠬᠣᠶᠠᠳᠤᠭᠠᠷ ᠲᠤ᠌᠂ ᠦᠷ᠎ᠡ ᠲᠣᠭᠲᠠᠭᠠᠬᠤ ᠴᠢᠳᠠᠪᠤᠷᠢ ᠦᠭᠡᠢ ᠪᠠᠢᠬᠤ᠃ ᠡᠬᠢᠨ ᠦ᠌ ᠲᠣᠬᠢᠶᠠᠯᠳᠤᠯ ᠳ᠋ᠤ᠌ ᠡᠷᠡᠭᠲᠡᠢ ᠬᠥᠮᠦᠨ ᠬᠤᠷᠢᠴᠠᠯ ᠦᠢᠯᠡᠳᠴᠦ ᠴᠢᠳᠠᠬᠤ ᠦᠭᠡᠢ ᠪᠠᠢᠬᠤ ᠪᠠ ᠡᠢᠮᠦ ᠬᠥᠮᠦᠨ ᠡᠷ᠎ᠡ ᠨᠥᠬᠥᠷ ᠴᠦ᠍᠂ ᠡᠴᠢᠭᠡ ᠴᠦ᠍ ᠪᠠᠢᠵᠤ ᠴᠢᠳᠠᠬᠤ ᠦᠭᠡᠢ᠃ ᠳᠠᠷᠠᠭ᠎ᠠ ᠶ᠋ᠢᠨ ᠲᠣᠬᠢᠶᠠᠯᠳᠤᠯ ᠳ᠋ᠤ᠌ ᠡᠷᠡᠭᠲᠡᠢ ᠬᠥᠮᠦᠨ ᠬᠤᠷᠢᠴᠠᠯ ᠬᠡᠪ ᠦ᠋ᠨ ᠦᠢᠯᠡᠳᠬᠦ ᠪᠡᠷ ᠢ᠋ᠶ᠋ᠡᠨ ᠡᠷ᠎ᠡ ᠨᠥᠬᠥᠷ ᠪᠠᠢᠵᠤ ᠴᠢᠳᠠᠬᠤ ᠪᠣᠯᠪᠠᠴᠤ ᠡᠴᠢᠭᠡ ᠪᠣᠯᠵᠤ ᠴᠢᠳᠠᠬᠤ ᠦᠭᠡᠢ᠃ ᠡᠨᠡᠬᠦ ᠬᠣᠶᠠᠷ ᠶᠠᠩᠵᠤ ᠶ᠋ᠢᠨ ᠪᠡᠯᠭᠡ ᠶ᠋ᠢᠨ ᠬᠢᠮᠤᠷᠠᠯ ᠨᠢ ᠶᠡᠬᠡᠪᠴᠢᠯᠡᠨ ᠬᠣᠭᠣᠷᠣᠨᠳᠣ ᠪᠠᠨ ᠬᠣᠯᠪᠣᠭᠳᠠᠯ ᠦᠭᠡᠢ᠂ ᠲᠤᠰ ᠲᠤᠰ ᠲᠠᠭᠠᠨ ᠲᠣᠬᠢᠶᠠᠯᠳᠤᠬᠤ ᠨᠢ ᠣᠯᠠᠨᠲᠠ ᠪᠠᠢᠳᠠᠭ᠃ ᠨᠥᠭᠥᠭᠡᠲᠡᠭᠡᠭᠦᠷ᠂ ᠡᠬᠢᠨ ᠦ᠌ ᠡᠷᠡᠭᠲᠡᠢ ᠬᠥᠮᠦᠨ ᠦ᠌ ᠰᠡᠳᠬᠢᠯ ᠳ᠋ᠦ᠍ ᠶᠠᠮᠠᠷ ᠴᠦ᠍ ᠬᠤᠷᠴᠠ ᠢᠷ ᠲᠡᠢ ᠮᠡᠰᠡ ᠡᠴᠡ ᠳᠤᠲᠠᠬᠤ ᠦᠭᠡᠢ ᠰᠢᠷᠬ᠎ᠠ ᠤᠴᠠᠷᠠᠭᠤᠯᠳᠠᠭ ᠪᠣᠯ ᠨᠥᠭᠦᠭᠡ ᠨᠢ ᠬᠡᠦᠬᠡᠳ ᠭᠠᠷᠬᠤ ᠦᠭᠡᠢ ᠪᠠᠢᠯ᠎ᠠ ᠴᠦ᠍ ᠭᠡᠰᠡᠨ ᠪᠠᠰᠠ ᠴᠦ᠍《ᠰᠡᠳᠬᠢᠯ ᠢ᠋ᠶ᠋ᠡᠨ ᠵᠤᠭᠠᠬᠤ》 ᠶᠠᠭᠤᠮ᠎ᠠ ᠲᠠᠢ ᠪᠣᠯᠬᠤ ᠪᠠᠷ ᠲᠡᠭᠡᠲᠡᠯ᠎ᠡ ᠭᠤᠨᠢᠵᠤ ᠭᠤᠳᠤᠷᠠᠭᠠᠳ ᠪᠠᠢᠬᠤ ᠦᠭᠡᠢ᠃ ᠭᠡᠬᠦ ᠳ᠋ᠡᠭᠡᠨ ᠯᠡ ᠡᠢᠮᠦ ᠬᠥᠮᠦᠨ ᠦ᠌ ᠰᠡᠳᠬᠢᠯ ᠶᠠᠮᠠᠷ ᠪᠠᠢᠬᠤ ᠶ᠋ᠢ ᠳᠠᠭᠠᠬᠤ ᠳ᠋ᠤ᠌ ᠬᠡᠴᠡᠭᠦᠦ ᠪᠢᠰᠢ᠃ ᠬᠡᠦᠬᠡᠳ ᠠᠪᠬᠤ ᠶ᠋ᠢᠨ ᠲᠤᠯᠠᠳᠠ ᠦᠷ᠎ᠡ ᠲᠣᠭᠲᠠᠭᠠᠬᠤ ᠴᠢᠳᠠᠪᠤᠷᠢ ᠲᠠᠢ《ᠴᠢᠨᠠᠷᠯᠢᠭ》 ᠦᠷ᠎ᠡ ᠶ᠋ᠢᠨ ᠰᠢᠩᠭᠡᠨ ᠢᠯᠭᠠᠷᠠᠭᠤᠯᠬᠤ ᠪᠥᠭᠡᠳ ᠡᠨᠡ ᠨᠢ ᠲᠤᠬᠠᠢ ᠶ᠋ᠢᠨ ᠡᠷᠡᠭᠲᠡᠢ ᠬᠥᠮᠦᠨ ᠦ᠌ ᠪᠡᠯᠭᠡ ᠶ᠋ᠢᠨ ᠴᠢᠯᠬ᠎ᠠ ᠲᠠᠢ ᠬᠣᠯᠪᠣᠭ᠎ᠠ ᠦᠭᠡᠢ᠃ ᠲᠤᠬᠠᠢᠯᠠᠪᠠᠯ ᠪᠤᠵᠢᠭᠢᠨᠠᠭᠤᠯᠤᠭᠰᠠᠨ ᠣᠯᠠᠨ ᠬᠡᠦᠬᠡᠳ ᠲᠡᠢ ᠮᠥᠷᠲᠡᠭᠡᠨ ᠪᠡᠯᠭᠡ ᠶ᠋ᠢᠨ ᠴᠢᠯᠬ᠎ᠠ ᠰᠤᠯᠠᠲᠠᠢ ᠬᠥᠮᠦᠨ ᠪᠠᠢᠬᠤ ᠳ᠋ᠤ᠌ ᠨᠢᠭᠡ ᠴᠦ᠍ ᠬᠡᠦᠬᠡᠳ ᠦᠭᠡᠢ ᠬᠢᠷᠢ ᠪᠡᠯᠭᠡ ᠶ᠋ᠢᠨ ᠴᠢᠯᠬ᠎ᠠ ᠰᠠᠢᠲᠠᠢ ᠬᠥᠮᠦᠨ ᠪᠠᠢᠵᠤ ᠪᠣᠯᠤᠨ᠎ᠠ᠃ ᠥᠭᠡᠷ᠎ᠡ ᠪᠡᠷ ᠬᠡᠯᠡᠪᠡᠯ᠂ ᠣᠯᠠᠨ ᠬᠡᠦᠬᠡᠳ ᠲᠡᠢ ᠬᠥᠮᠦᠨ ᠢ᠋ ᠪᠡᠯᠭᠡ ᠶ᠋ᠢᠨ ᠴᠢᠯᠬ᠎ᠠ ᠵᠠᠪᠠᠯ ᠰᠠᠢᠨ᠂ ᠴᠥᠭᠡᠨ ᠪᠤᠶᠤ ᠬᠡᠦᠬᠡᠳ ᠦᠭᠡᠢ ᠬᠥᠮᠦᠨ ᠦ᠌ ᠬᠢ ᠵᠠᠪᠠᠯ ᠰᠤᠯᠠ ᠪᠠᠢᠬᠤ ᠠᠯᠪᠠ ᠲᠠᠢ ᠪᠢᠰᠢ ᠠ᠋᠃
ᠲᠣᠭᠣᠨᠣᠲᠤ ᠭᠡᠷ ᠲᠦ᠍ ᠲᠣᠯᠣᠭᠠᠢ ᠬᠣᠯᠪᠣᠵᠤ᠂ ᠳᠡᠷᠡ ᠨᠡᠢᠯᠡᠭᠦᠯᠦᠭᠰᠡᠨ ᠡᠴᠡ ᠬᠣᠢᠰᠢ2-3 ᠵᠢᠯ ᠥᠩᠭᠡᠷᠡᠬᠦ ᠳ᠋ᠦ᠍ ᠬᠡᠦᠬᠡᠳ ᠭᠠᠷᠬᠤ ᠦᠭᠡᠢ ᠪᠣᠯ ᠡᠢᠮᠦ ᠭᠡᠷ ᠪᠦᠯᠢ ᠶ᠋ᠢ ᠦᠷ᠎ᠡ ᠦᠭᠡᠢ ᠳ᠋ᠦ᠍ ᠲᠣᠭᠠᠴᠠᠳᠠᠭ᠃ ᠡᠷᠳᠡᠮᠲᠡᠨ ᠦ᠌ ᠬᠢᠭᠰᠡᠨ ᠰᠤᠳᠤᠯᠭ᠎ᠠ ᠠ᠋ᠴᠠ ᠦᠵᠡᠬᠦ ᠳ᠋ᠦ᠍6 ᠭᠡᠷ ᠪᠦᠯᠢ ᠪᠦᠷᠢ ᠡᠴᠡ1 ᠨᠢ ᠦᠷ᠎ᠡ ᠦᠭᠡᠢ ᠪᠠᠢᠳᠠᠭ ᠪᠠᠢᠨ᠎ᠠ᠃ ᠲᠡᠭᠦᠨᠴᠢᠯᠡᠨ ᠦᠷᠡᠭᠦᠢᠳᠡᠯ ᠦ᠋ᠨ40%-50% ᠨᠢ ᠡᠷᠡᠭᠲᠡᠢ ᠬᠥᠮᠦᠨ ᠡᠴᠡ᠂45-50 ᠨᠢ ᠡᠮᠡᠭᠲᠡᠢ ᠬᠥᠮᠦᠨ ᠡᠴᠡ᠂5%-15% ᠨᠢ ᠠᠯᠢ ᠠᠯᠢᠨ ᠠ᠋ᠴᠠ ᠪᠣᠯᠳᠠᠭ ᠢ᠋ ᠲᠣᠭᠲᠠᠭᠠᠵᠠᠢ᠃ ᠭᠡᠲᠡᠯ᠎ᠡ ᠠᠩᠬᠠᠨ ᠳ᠋ᠠᠭᠠᠨ ᠬᠠᠮᠤᠭ ᠤ᠋ᠨ ᠪᠤᠷᠤᠭᠤ ᠨᠢ ᠵᠥᠪᠬᠡᠨ ᠡᠮᠡᠭᠲᠡᠢ ᠬᠥᠮᠦᠨ ᠳ᠋ᠦ᠍ ᠲᠣᠬᠣᠵᠤ ᠲᠡᠭᠦᠨ ᠢ᠋ ᠡᠯᠳᠡᠪ ᠢ᠋ᠶ᠋ᠡᠷ ᠳᠠᠭᠠᠷᠢᠨ ᠪᠠᠰᠤᠮᠵᠢᠯᠠᠳᠠᠭ ᠪᠠᠢᠭᠰᠠᠨ ᠶᠤᠮ᠃ ᠭᠡᠪᠡᠴᠦ ᠢᠩᠭᠢᠵᠦ ᠡᠯᠳᠡᠪ ᠦ᠋ᠨ ᠮᠠᠭᠤ ᠮᠠᠭᠤᠬᠠᠢ ᠪᠠᠷ ᠬᠡᠯᠡᠭᠦᠯᠵᠦ ᠶᠠᠪᠤᠭᠰᠠᠨ ᠡᠮᠡᠭᠲᠡᠢ ᠥᠭᠡᠷ᠎ᠡ ᠬᠥᠮᠦᠨ ᠲᠡᠢ ᠰᠠᠭᠤᠩᠭᠤᠲᠠ ᠳᠣᠣᠷ᠎ᠠ ᠪᠠᠨ ᠵᠢᠷᠮᠦᠰᠦᠨ ᠪᠣᠯᠬᠤ ᠶᠠᠪᠤᠳᠠᠯ ᠣᠯᠠᠨ ᠠᠵᠢᠭᠯᠠᠭᠳᠠᠬᠤ ᠶ᠋ᠢᠨ ᠬᠢᠷᠢ ᠪᠡᠷ ᠦᠷᠡᠭᠦᠢᠳᠡᠯ ᠡᠷᠡᠭᠲᠡᠢ ᠬᠥᠮᠦᠨ ᠡᠴᠡ ᠣᠭᠲᠣ ᠰᠢᠯᠲᠠᠭᠠᠯᠠᠬᠤ ᠦᠭᠡᠢ ᠭᠡᠰᠡᠨ ᠥᠷᠥᠭᠡᠰᠦᠯ ᠣᠢᠯᠠᠭᠠᠯᠲᠠ ᠠᠷᠢᠯᠤᠭᠰᠠᠨ ᠶᠤᠮ᠃ ᠦᠷ᠎ᠡ ᠦᠭᠡᠢ ᠡᠷᠡᠭᠲᠡᠢ᠂ ᠡᠮᠡᠭᠲᠡᠢ ᠬᠥᠮᠦᠰ ᠦ᠋ᠨ ᠬᠣᠭᠣᠷᠣᠨᠳᠣ ᠶ᠋ᠢᠨ ᠬᠠᠷᠢᠴᠠᠭ᠎ᠠ ᠲᠡᠩᠴᠡᠭᠦᠦ ᠭᠡᠬᠦ ᠳ᠋ᠦ᠍ ᠪᠣᠯᠤᠮᠠᠷ ᠶᠤᠮ᠃
ᠬᠡᠦᠬᠡᠳ ᠭᠠᠷᠭᠠᠬᠤ ᠦᠭᠡᠢ ᠡᠴᠡ ᠪᠣᠯᠤᠭᠠᠳ ᠰᠠᠯᠵᠤ ᠰᠠᠷᠨᠢᠭᠰᠠᠨ ᠵᠠᠷᠢᠮ ᠬᠣᠣᠰ ᠤ᠋ᠳ ᠥᠭᠡᠷ᠎ᠡ ᠬᠥᠮᠦᠨ ᠲᠡᠢ ᠰᠠᠭᠤᠭᠰᠠᠨ ᠠ᠋ᠴᠠ ᠬᠣᠢᠰᠢ ᠬᠡᠨ ᠬᠡᠨ ᠨᠢ ᠬᠡᠦᠬᠡᠳ ᠲᠡᠢ ᠪᠣᠯᠴᠢᠬᠠᠭᠰᠠᠨ ᠶᠠᠪᠤᠳᠠᠯ ᠠᠮᠢᠳᠤᠷᠠᠯ ᠳ᠋ᠤ᠌ ᠴᠥᠭᠡᠨ ᠦᠭᠡᠢ᠃ ᠡᠭᠦᠨ ᠦ᠌ ᠤᠴᠢᠷ ᠶᠠᠭᠤ ᠪᠢᠯᠡ? ᠶᠠᠭᠤ ᠲᠠᠢ ᠬᠣᠯᠪᠣᠨ ᠦᠵᠡᠬᠦ ᠪᠢᠯᠡ? ᠡᠨᠡ ᠠᠰᠠᠭᠤᠯᠲᠠ ᠳ᠋ᠤ᠌ ᠢᠩᠭᠢᠵᠦ ᠬᠠᠷᠢᠭᠤᠯᠵᠤ ᠪᠠᠢᠨ᠎ᠠ᠃ ᠣᠷᠴᠢᠨ ᠦᠶ᠎ᠡ ᠶ᠋ᠢᠨ ᠠᠨᠠᠭᠠᠬᠤ ᠤᠬᠠᠭᠠᠨ ᠤ᠋ ᠨᠠᠷᠢᠨ ᠰᠢᠨᠵᠢᠯᠡᠭᠡ ᠪᠡᠷ ᠬᠡᠨ ᠬᠡᠨ ᠨᠢ ᠡᠷᠡᠭᠦᠯ ᠭᠠᠷᠪᠠᠴᠤ ᠲᠡᠳᠡᠭᠡᠷ ᠦ᠋ᠨ ᠪᠡᠯᠭᠡ ᠶ᠋ᠢᠨ ᠡᠰ ᠦ᠋ᠳ ᠬᠣᠭᠣᠷᠣᠨᠳᠣ ᠪᠠᠨ ᠨᠢᠭᠡᠳᠬᠦ ᠪᠣᠯᠤᠮᠵᠢ ᠦᠭᠡᠢ ᠪᠣᠯᠭᠠᠳᠠᠭ ᠲᠡᠢᠮᠦ ᠶᠠᠮᠠᠷ ᠨᠢᠭᠡ ᠬᠠᠷᠰᠢᠯᠠᠯ ᠪᠠᠢᠭ᠎ᠠ ᠶ᠋ᠢ ᠰᠤᠳᠤᠯᠤᠭᠴᠢᠳ ᠲᠣᠭᠲᠠᠭᠠᠵᠠᠢ᠃ ᠡᠭᠦᠨ ᠦ᠌ ᠤᠯᠠᠮ ᠠ᠋ᠴᠠ ᠡᠷ᠎ᠡ ᠪᠡᠯᠭᠡ ᠶ᠋ᠢᠨ ᠡᠰ ᠡᠮᠡᠭᠲᠡᠢ ᠬᠥᠮᠦᠨ ᠦ᠌ ᠪᠡᠶ᠎ᠡ ᠮᠠᠬᠠᠪᠣᠳ ᠲᠤ᠌《ᠬᠠᠷᠰᠢᠯᠠᠵᠤ》᠂ ᠲᠡᠭᠦᠨ ᠦ᠌ ᠪᠡᠯᠭᠡ ᠶ᠋ᠢᠨ ᠵᠠᠮ ᠳ᠋ᠤ᠌ ᠨᠠᠭᠠᠯᠳᠤᠳᠠᠭ ᠠᠵᠢ᠃ ᠲᠡᠭᠦᠨᠴᠢᠯᠡᠨ ᠨᠥᠬᠥᠷ ᠦ᠋ᠨ ᠢ᠋ᠶ᠋ᠡᠨ ᠦᠷ᠎ᠡ ᠶ᠋ᠢᠨ ᠰᠢᠩᠭᠡᠨ ᠦ᠌ ᠬᠤᠪᠢ ᠳ᠋ᠤ᠌ ᠡᠰᠡᠷᠭᠦ ᠪᠡᠶ᠎ᠡ ᠠᠭᠤᠯᠤᠭᠰᠠᠨ ᠡᠮᠡᠭᠲᠡᠢᠴᠦᠳ ᠪᠠᠰᠠ ᠴᠦ᠍ ᠪᠠᠢᠳᠠᠭ ᠢ᠋ ᠢᠯᠡᠷᠡᠭᠦᠯᠵᠡᠢ᠃ ᠣᠯᠠᠨ ᠬᠡᠦᠬᠡᠳ ᠲᠡᠢ ᠡᠮᠡᠭᠲᠡᠢ ᠳ᠋ᠦ᠍ ᠦᠷ᠎ᠡ ᠶ᠋ᠢᠨ ᠰᠢᠩᠭᠡᠨ ᠦ᠌ ᠡᠰᠡᠷᠭᠦ ᠪᠡᠶ᠎ᠡ ᠪᠠᠷᠤᠭ ᠠᠵᠢᠭᠯᠠᠭᠳᠠᠳᠠᠭ ᠦᠭᠡᠢ ᠠᠵᠠᠢ᠃ ᠢᠩᠭᠢᠬᠦᠯᠡᠷ ᠡᠬᠡᠨᠡᠷ᠂ ᠨᠥᠬᠥᠷ ᠬᠡᠨ ᠬᠡᠨ ᠨᠢ ᠡᠷᠡᠭᠦᠯ ᠪᠠᠢᠪᠠᠴᠤ ᠲᠡᠳᠡᠨ ᠦ᠌ ᠪᠡᠯᠭᠡ ᠶ᠋ᠢᠨ ᠡᠰ ᠦ᠋ᠳ ᠬᠣᠭᠣᠷᠣᠨᠳᠣ ᠪᠠᠨ ᠲᠣᠬᠢᠷᠠᠬᠤ ᠦᠭᠡᠢ ᠡᠴᠡ ᠪᠣᠯᠤᠭᠠᠳ ᠬᠡᠦᠬᠡᠳ ᠭᠠᠷᠬᠤ ᠦᠭᠡᠢ ᠪᠠᠢᠵᠤ ᠪᠣᠯᠬᠤ ᠲᠠᠯ᠎ᠠ ᠲᠠᠢ ᠶ᠋ᠢ ᠠᠩᠬᠠᠷᠬᠤ ᠬᠡᠷᠡᠭᠲᠡᠢ ᠶᠦᠮ᠃ ᠵᠠᠷᠢᠮ ᠰᠤᠳᠤᠯᠤᠭᠴᠢᠳ ᠡᠬᠡᠨᠡᠷ᠂ ᠨᠥᠬᠥᠷ ᠬᠣᠶᠠᠷ ᠤ᠋ᠨ ᠴᠢᠰᠤᠨ ᠲᠥᠷᠥᠯ ᠲᠣᠬᠢᠷᠠᠬᠤ ᠦᠭᠡᠢ ᠡᠴᠡ ᠬᠡᠦᠬᠡᠳ ᠭᠠᠷᠬᠤ ᠦᠭᠡᠢ ᠪᠠᠢᠵᠤ ᠪᠠᠰᠠ ᠪᠣᠯᠤᠨ᠎ᠠ ᠭᠡᠵᠦ ᠦᠵᠡᠵᠦ ᠪᠠᠢᠨ᠎ᠠ᠃ ᠲᠡᠷᠡ ᠪᠡᠷ ᠡᠬᠡᠨᠡᠷ ᠨᠢ ᠨᠢᠭᠡᠳᠦᠭᠡᠷ ᠪᠦᠯᠦᠭ ᠦ᠋ᠨ ᠴᠢᠰᠤ ᠲᠠᠢ᠂ ᠨᠥᠬᠥᠷ ᠨᠢ ᠬᠣᠶᠠᠳᠤᠭᠠᠷ᠂ ᠭᠤᠷᠪᠠᠳᠤᠭᠠᠷ᠂ ᠳᠥᠷᠪᠡᠳᠦᠭᠡᠷ ᠪᠦᠯᠦᠭ ᠦ᠋ᠨ ᠴᠢᠰᠤ ᠲᠠᠢ ᠪᠣᠯ ᠬᠡᠦᠬᠡᠳ ᠣᠯᠬᠤ ᠳ᠋ᠤ᠌ ᠪᠡᠷᠬᠡᠰᠢᠶᠡᠯᠲᠡᠢ ᠠᠵᠠᠢ᠃ ᠮᠥᠨ ᠲᠡᠭᠦᠨᠴᠢᠯᠡᠨ ᠤᠷᠢᠳᠤ ᠨᠢ ᠬᠡᠦᠬᠡᠳ ᠲᠡᠢ ᠬᠥᠮᠦᠰ ᠰᠠᠯᠤᠭᠠᠳ ᠥᠭᠡᠷ᠎ᠡ ᠬᠥᠮᠦᠨ ᠲᠡᠢ ᠲᠣᠯᠣᠭᠠᠢ ᠬᠣᠯᠪᠣᠬᠤ ᠪᠠᠷ ᠬᠡᠦᠬᠡᠳ ᠭᠠᠷᠬᠤ ᠦᠭᠡᠢ ᠪᠠᠢᠬᠤ ᠨᠢ ᠪᠣᠢ᠃ ᠡᠨᠡ ᠨᠢ ᠬᠤᠷᠢᠴᠠᠯ ᠢ᠋ ᠬᠡᠲᠦᠷᠬᠡᠢ ᠣᠯᠠᠨ ᠳᠠᠬᠢᠨ ᠦᠢᠯᠡᠳᠬᠦ᠂ ᠠᠷᠢᠬᠢ ᠲᠠᠮᠠᠬᠢ ᠶ᠋ᠢ ᠬᠣᠣᠷᠲᠠᠢ ᠪᠠᠷ ᠬᠡᠲᠦᠷᠡᠭᠦᠯᠦᠨ ᠬᠡᠷᠡᠭᠯᠡᠬᠦ᠂ ᠰᠡᠳᠬᠢᠯ ᠦ᠋ᠨ ᠬᠢᠮᠤᠷᠠᠯ ᠵᠡᠷᠭᠡ ᠬᠣᠣᠷᠲᠠᠢ ᠬᠦᠴᠦᠨ ᠵᠦᠢᠯ ᠦ᠋ᠨ ᠨᠥᠯᠥᠭᠡ ᠪᠡᠷ ᠥᠨᠳᠡᠭᠡᠨ ᠡᠰ ᠲᠡᠳᠦᠢ ᠦᠭᠡᠢ ᠡᠮᠡᠭᠲᠡᠢ ᠶ᠋ᠢᠨ ᠪᠡᠯᠭᠡ ᠶ᠋ᠢᠨ ᠵᠠᠮ ᠤ᠋ᠨ ᠡᠰ ᠦ᠋ᠳ ᠪᠦᠬᠦᠯᠢ ᠳ᠋ᠡᠭᠡᠨ ᠬᠡᠲᠦᠷᠬᠡᠢ ᠮᠡᠳᠡᠷᠡᠮᠡᠲᠡᠭᠡᠢ ᠲᠥᠯᠥᠪ ᠪᠠᠢᠳᠠᠯ ᠳ᠋ᠤ᠌ ᠣᠷᠣᠵᠤ ᠡᠭᠦᠨ ᠦ᠌ ᠤᠯᠠᠮ ᠠ᠋ᠴᠠ ᠡᠷ᠎ᠡ ᠪᠡᠯᠭᠡ ᠶ᠋ᠢᠨ ᠡᠰ ᠲᠡᠭᠦᠨ ᠢ᠋ ᠳᠠᠭᠠᠷᠢᠨ ᠥᠩᠭᠡᠷᠡᠬᠦ ᠳ᠋ᠦ᠍ ᠦᠯᠡᠮᠵᠢ ᠥᠭᠡᠷᠡᠴᠢᠯᠡᠭᠳᠡᠳᠡᠭ ᠲᠡᠢ ᠬᠣᠯᠪᠣᠭ᠎ᠠ ᠲᠠᠢ᠃ ᠡᠭᠦᠨ ᠦ᠌ ᠨᠥᠭᠦᠭᠡ ᠨᠢᠭᠡ ᠰᠢᠯᠲᠠᠭᠠᠨ ᠨᠢ ᠬᠤᠷᠢᠴᠠᠯ ᠤ᠋ᠨ ᠦᠶ᠎ᠡ ᠳ᠋ᠦ᠍ ᠡᠮᠡᠭᠲᠡᠢ ᠬᠥᠮᠦᠨ ᠳᠤᠷ᠎ᠠ ᠬᠠᠩᠬᠤ ᠦᠭᠡᠢ ᠪᠠᠢᠬᠤ ᠶᠠᠪᠤᠳᠠᠯ ᠶᠤᠮ᠃ ᠭᠡᠬᠦ ᠳ᠋ᠦ᠍ ᠳᠤᠷ᠎ᠠ ᠬᠠᠨᠤᠯᠲᠠ ᠪᠣᠯ ᠬᠡᠦᠬᠡᠳ ᠣᠯᠬᠤ ᠵᠠᠢᠯᠠᠰᠢ ᠦᠭᠡᠢ ᠨᠥᠬᠥᠴᠡᠯ ᠪᠢᠰᠢ᠃ ᠳᠤᠷ᠎ᠠ ᠬᠠᠨᠵᠤ ᠦᠵᠡᠭᠡ ᠦᠭᠡᠢ ᠲᠡᠳᠦᠢ ᠦᠭᠡᠢ ᠣᠢᠷᠠᠳᠬᠤ ᠶ᠋ᠢ ᠬᠦᠰᠡᠭᠡ ᠦᠭᠡᠢ ᠪᠠᠢᠬᠤ ᠳ᠋ᠤ᠌᠂ ᠬᠦᠴᠦᠨ ᠳ᠋ᠦ᠍ ᠠᠪᠲᠠᠭᠰᠠᠨ ᠬᠢᠷᠢ ᠨᠢ ᠵᠢᠷᠮᠦᠰᠦᠨ ᠪᠣᠯᠤᠭᠰᠠᠨ ᠲᠣᠬᠢᠶᠠᠯᠳᠤᠯ ᠴᠥᠭᠡᠨ ᠦᠭᠡᠢ ᠪᠠᠢᠳᠠᠭ᠃ ᠭᠡᠪᠡᠴᠦ ᠡᠬᠡᠨᠡᠷ ᠨᠥᠬᠥᠷ ᠬᠣᠶᠠᠷ ᠨᠢᠭᠡᠨ ᠵᠡᠷᠭᠡ ᠳᠤᠷ᠎ᠠ ᠬᠠᠩᠬᠤ ᠨᠢ ᠬᠡᠦᠬᠡᠳ ᠣᠯᠬᠤ ᠳ᠋ᠤ᠌ ᠨᠡᠩ ᠰᠠᠢᠨ ᠢ᠋ᠶ᠋ᠠᠷ ᠨᠥᠯᠥᠭᠡᠯᠡᠳᠡᠭ᠃ ᠣᠳᠣ ᠡᠷᠡᠭᠲᠡᠢᠴᠦᠳ ᠦ᠋ᠨ ᠦᠷᠡᠭᠦᠢᠳᠡᠯ ᠰᠢᠯᠲᠠᠭᠠᠨ ᠢ᠋ ᠠᠪᠴᠤ ᠦᠵᠡᠶ᠎ᠡ᠃ ᠡᠨᠡ ᠨᠢ ᠨᠢᠭᠡ ᠪᠣᠯ ᠡᠷ᠎ᠡ ᠪᠡᠯᠭᠡ ᠶ᠋ᠢᠨ ᠡᠰ ᠦᠷ᠎ᠡ ᠶ᠋ᠢᠨ ᠰᠢᠩᠭᠡᠨ ᠳ᠋ᠦ᠍ ᠡᠮᠭᠡᠭ ᠥᠭᠡᠷᠡᠴᠢᠯᠡᠯᠲᠡ ᠣᠷᠣᠭᠰᠠᠨ ᠠ᠋ᠴᠠ᠂ ᠡᠰᠡᠪᠡᠯ ᠡᠷ᠎ᠡ ᠪᠡᠯᠭᠡ ᠶ᠋ᠢᠨ ᠡᠰ ᠦᠷ᠎ᠡ ᠶ᠋ᠢᠨ ᠰᠢᠩᠭᠡᠨ ᠬᠡᠪ ᠢ᠋ᠶ᠋ᠡᠷ ᠢ᠋ᠶ᠋ᠡᠨ ᠪᠠᠢᠪᠠᠴᠤ ᠬᠤᠷᠢᠴᠠᠯ ᠤ᠋ᠨ ᠦᠶ᠎ᠡ ᠳ᠋ᠦ᠍ ᠡᠮᠡᠭᠲᠡᠢ ᠶ᠋ᠢᠨ ᠪᠡᠯᠭᠡ ᠡᠷᠬᠡᠲᠡᠨ ᠳ᠋ᠦ᠍(ᠦᠲᠦᠷᠢᠶ᠎ᠡ ᠳ᠋ᠦ᠍) ᠣᠷᠣᠵᠤ ᠴᠢᠳᠠᠬᠤ ᠦᠭᠡᠢ ᠡᠴᠡ ᠪᠣᠯᠳᠠᠭ᠃ ᠡᠬᠢᠯᠡᠭᠡᠳ ᠡᠷ᠎ᠡ ᠪᠡᠯᠭᠡ ᠶ᠋ᠢᠨ ᠡᠰ ᠦᠷ᠎ᠡ ᠶ᠋ᠢᠨ ᠰᠢᠩᠭᠡᠨ ᠳ᠋ᠦ᠍ ᠡᠮᠭᠡᠭ ᠥᠭᠡᠷᠡᠴᠢᠯᠡᠯᠲᠡ ᠣᠷᠣᠭᠰᠠᠨ ᠠ᠋ᠴᠠ ᠡᠭᠦᠰᠳᠡᠭ ᠦᠷᠡᠭᠦᠢᠳᠡᠯ ᠦ᠋ᠨ ᠲᠠᠯ᠎ᠠ ᠪᠠᠷ ᠥᠭᠦᠯᠡᠶ᠎ᠡ᠃ ᠬᠡᠳᠦᠢᠪᠡᠷ ᠬᠤᠷᠢᠴᠠᠬᠤ ᠴᠢᠳᠠᠪᠤᠷᠢ ᠵᠦᠭᠡᠷ ᠪᠠᠢᠪᠠᠴᠤ ᠦᠷ᠎ᠡ ᠶ᠋ᠢᠨ ᠰᠢᠩᠭᠡᠨ ᠳ᠋ᠦ᠍ ᠡᠷ᠎ᠡ ᠪᠡᠯᠭᠡ ᠶ᠋ᠢᠨ ᠡᠰ ᠦᠭᠡᠢ ᠪᠠᠢᠬᠤ ᠪᠤᠶᠤ ᠴᠥᠭᠡᠨ ᠲᠣᠭ᠎ᠠ ᠲᠠᠢ ᠪᠠᠢᠬᠤ᠂ ᠡᠰᠡᠪᠡᠯ ᠡᠷ᠎ᠡ ᠪᠡᠯᠭᠡ ᠶ᠋ᠢᠨ ᠡᠰ ᠦ᠋ᠨ ᠲᠣᠭ᠎ᠠ ᠬᠡᠪ ᠦ᠋ᠨ ᠪᠠᠢᠪᠠᠴᠤ ᠣᠭᠲᠣ ᠬᠥᠳᠡᠯᠭᠡᠨ ᠦᠭᠡᠢ ᠪᠣᠯ ᠦᠷ᠎ᠡ ᠲᠣᠭᠲᠠᠭᠠᠬᠤ ᠴᠢᠳᠠᠪᠤᠷᠢ ᠦᠭᠡᠢ ᠪᠠᠢᠨ᠎ᠠ᠃ ᠵᠢᠷᠮᠦᠰᠦᠨ ᠪᠣᠯᠬᠤ ᠳ᠋ᠤ᠌ ᠨᠢᠭᠡ ᠮᠢᠯᠢᠯᠢᠲ᠋ᠷ ᠦᠷ᠎ᠡ ᠶ᠋ᠢᠨ ᠰᠢᠩᠭᠡᠨ ᠳ᠋ᠦ᠍70-80 ᠰᠠᠶ᠎ᠠ ᠡᠷ᠎ᠡ ᠪᠡᠯᠭᠡ ᠶ᠋ᠢᠨ ᠡᠰ ᠪᠠᠢᠬᠤ ᠶᠣᠰᠣᠲᠠᠢ ᠭᠡᠵᠦ ᠦᠵᠡᠳᠡᠭ ᠪᠠᠢᠭᠰᠠᠨ ᠢ᠋ᠶ᠋ᠠᠨ ᠰᠡᠭᠦᠯ ᠦ᠋ᠨ ᠦᠶ᠎ᠡ ᠳ᠋ᠦ᠍ ᠲᠡᠭᠦᠨ ᠳ᠋ᠦ᠍20 ᠰᠠᠶ᠎ᠠ ᠠ᠋ᠴᠠ ᠳᠣᠷᠣᠭᠰᠢ ᠦᠭᠡᠢ ᠡᠷ᠎ᠡ ᠪᠡᠯᠭᠡ ᠶ᠋ᠢᠨ ᠡᠰ ᠪᠠᠢᠪᠠᠯ ᠦᠷ᠎ᠡ ᠲᠣᠭᠲᠠᠭᠠᠬᠤ ᠪᠣᠯᠣᠮᠵᠢᠲᠠᠢ ᠶ᠋ᠢ ᠪᠠᠲᠤᠯᠠᠭᠰᠠᠨ ᠶᠤᠮ᠃ ᠨᠢᠭᠡ ᠮᠢᠯᠢᠯᠢᠲ᠋ᠷ ᠦᠷ᠎ᠡ ᠶ᠋ᠢᠨ ᠰᠢᠩᠭᠡᠨ ᠳ᠋ᠦ᠍ ᠪᠠᠢᠬᠤ ᠡᠷ᠎ᠡ ᠪᠡᠯᠭᠡ ᠶ᠋ᠢᠨ ᠡᠰ ᠦ᠋ᠨ ᠬᠠᠮᠤᠭ ᠪᠠᠭ᠎ᠠ ᠲᠣᠭ᠎ᠠ ᠶ᠋ᠢ10-20 ᠰᠠᠶ᠎ᠠ ᠭᠡᠵᠦ ᠦᠵᠡᠳᠡᠭ᠃ ᠡᠭᠦᠨ ᠡᠴᠡ ᠭᠠᠳᠠᠨ᠎ᠠ᠂ ᠡᠷ᠎ᠡ ᠪᠡᠯᠭᠡ ᠶ᠋ᠢᠨ ᠡᠰ ᠦ᠋ᠨ ᠬᠥᠳᠡᠯᠬᠦ ᠴᠢᠳᠠᠪᠤᠷᠢ ᠮᠠᠰᠢ ᠴᠢᠬᠤᠯᠠ᠃ ᠦᠷ᠎ᠡ ᠶ᠋ᠢᠨ ᠰᠢᠩᠭᠡᠨ ᠳ᠋ᠦ᠍ ᠡᠷ᠎ᠡ ᠪᠡᠯᠭᠡ ᠶ᠋ᠢᠨ ᠡᠰ ᠦᠭᠡᠢ ᠪᠠᠢᠬᠤ᠂ ᠡᠰᠡᠪᠡᠯ ᠲᠡᠭᠦᠨ ᠦ᠌ ᠲᠣᠭ᠎ᠠ ᠨᠢ ᠴᠥᠭᠡᠷᠡᠬᠦ᠂ ᠲᠥᠮᠦᠰᠦᠨ ᠦ᠌ ᠰᠣᠪᠠᠭᠠᠨᠴᠢᠷ ᠤ᠋ᠨ ᠡᠷ᠎ᠡ ᠪᠡᠯᠭᠡ ᠶ᠋ᠢᠨ ᠡᠰ ᠢ᠋ ᠪᠣᠯᠪᠠᠰᠤᠷᠠᠭᠤᠯᠳᠠᠭ ᠬᠤᠴᠢᠭᠤᠷ ᠡᠰ ᠦ᠋ᠳ ᠭᠡᠮᠲᠦᠬᠦ᠂ ᠲᠥᠮᠦᠰᠦᠨ ᠦ᠌ ᠳᠤᠲᠠᠭᠤ ᠬᠥᠭᠵᠢᠯ᠂ ᠮᠧᠬᠠᠨᠢᠭ ᠭᠡᠮᠲᠦᠯ( ᠮᠣᠷᠢ ᠮᠠᠯ᠂ ᠬᠥᠮᠦᠨ ᠳ᠋ᠦ᠍ ᠢᠰᠬᠦᠯᠦᠭᠦᠯᠬᠦ᠂ ᠶᠠᠭᠤᠮᠠᠨ ᠳ᠋ᠤ᠌ ᠴᠣᠬᠢᠬᠤ ᠭᠡᠬᠦ ᠮᠡᠲᠦ)᠂ ᠠᠷᠢᠬᠢ᠂ ᠲᠠᠮᠠᠬᠢ᠂ ᠬᠠᠷ᠎ᠠ ᠲᠤᠭᠤᠯᠭ᠎ᠠ᠂ ᠹᠣᠰᠹᠣᠷ ᠲᠤ᠌ ᠬᠣᠣᠷᠳᠠᠬᠤ ᠵᠡᠷᠭᠡ ᠡᠴᠡ ᠪᠣᠯᠤᠨ᠎ᠠ᠃
ᠬᠣᠶᠠᠷ ᠲᠥᠮᠥᠰᠥ ᠬᠣᠶᠠᠭᠤᠯᠠ ᠪᠠᠨ ᠪᠠᠭᠤᠭ᠎ᠠ ᠦᠭᠡᠢ ᠪᠠᠢᠬᠤ᠂ ᠡᠰᠡᠪᠡᠯ ᠣᠭᠲᠣ ᠲᠥᠮᠥᠰᠥ ᠦᠭᠡᠢ ᠪᠠᠢᠬᠤ ᠵᠡᠷᠭᠡ ᠡᠴᠡ ᠦᠷᠡᠭᠦᠢᠳᠡᠯ ᠡᠭᠦᠰᠴᠦ ᠪᠣᠯᠤᠨ᠎ᠠ᠃ ᠡᠢᠮᠦ ᠬᠥᠮᠦᠨ ᠢ᠋ ᠬᠤᠭᠤᠴᠤᠨ ᠬᠥᠮᠦᠨ ᠭᠡᠵᠦ ᠨᠡᠷᠡᠯᠡᠳᠡᠭ᠃ ᠡᠷᠡᠭᠲᠡᠢ ᠬᠥᠮᠦᠨ ᠦ᠌ ᠪᠡᠶ᠎ᠡ ᠮᠠᠬᠠᠪᠣᠳ ᠬᠢᠭᠡᠳ ᠪᠡᠯᠭᠡ ᠶ᠋ᠢᠨ ᠪᠤᠯᠴᠢᠷᠬᠠᠢ ᠳ᠋ᠤ᠌ ᠠᠷᠢᠬᠢ᠂ ᠲᠠᠮᠠᠬᠢ ᠮᠠᠰᠢ ᠶᠡᠬᠡ ᠬᠣᠣᠷ ᠬᠦᠷᠭᠡᠨ᠎ᠡ᠃ ᠲᠡᠳᠡᠭᠡᠷ ᠨᠢ ᠲᠥᠮᠦᠰᠦᠨ ᠦ᠌ ᠰᠤᠳᠠᠰᠤ ᠶ᠋ᠢ ᠨᠠᠷᠢᠰᠬᠠᠳᠠᠭ ᠪᠠ ᠲᠡᠭᠦᠨ ᠦ᠌ ᠰᠢᠮ᠎ᠡ ᠲᠡᠵᠢᠭᠡᠯ ᠪᠠᠭᠠᠰᠴᠤ᠂ ᠡᠷ᠎ᠡ ᠪᠡᠯᠭᠡ ᠶ᠋ᠢᠨ ᠡᠰ ᠪᠣᠯᠪᠠᠰᠤᠷᠠᠭᠤᠯᠬᠤ ᠦᠢᠯᠡ ᠠᠵᠢᠯᠯᠠᠭ᠎ᠠ ᠮᠠᠭᠤᠳᠠᠬᠤ ᠪᠤᠶᠤ ᠵᠣᠭᠰᠣᠨ᠎ᠠ᠃
ᠡᠷᠡᠭᠲᠡᠢᠴᠦᠳ ᠦ᠋ᠨ ᠦᠷᠡᠭᠦᠢᠳᠡᠯ ᠦ᠋ᠨ ᠨᠥᠭᠦᠭᠡ ᠨᠢᠭᠡ ᠪᠦᠯᠦᠭ ᠰᠢᠯᠲᠠᠭᠠᠨ ᠨᠢ ᠡᠷ᠎ᠡ ᠪᠡᠯᠭᠡ ᠶ᠋ᠢᠨ ᠡᠰ ᠪᠣᠯᠪᠠᠰᠤᠷᠠᠬᠤ ᠦᠢᠯᠡ ᠶᠠᠪᠤᠴᠠ ᠠᠯᠳᠠᠭᠳᠠᠭᠠ ᠦᠭᠡᠢ ᠬᠡᠪ ᠦ᠋ᠨ ᠠᠲᠠᠯ᠎ᠠ《ᠭᠠᠳᠠᠭᠰᠢᠯᠠᠬᠤ᠂ ᠡᠮ᠎ᠡ ᠪᠡᠯᠭᠡ ᠡᠷᠬᠡᠲᠡᠨ ᠳ᠋ᠦ᠍(ᠦᠲᠦᠷᠢᠶᠡᠨ ᠳ᠋ᠦ᠍) ᠣᠷᠣᠬᠤ ᠵᠠᠮ ᠶᠠᠮᠠᠷ ᠨᠢᠭᠡ ᠰᠢᠯᠲᠠᠭᠠᠨ ᠢ᠋ᠶ᠋ᠠᠷ ᠬᠠᠭᠠᠭᠳᠠᠬᠤ ᠶᠠᠪᠤᠳᠠᠯ ᠶᠤᠮ᠃ ᠡᠨᠡ ᠨᠢ ᠶᠡᠬᠡᠪᠴᠢᠯᠡᠨ ᠰᠢᠭᠡᠰᠦ᠂ ᠪᠡᠯᠭᠡ ᠶ᠋ᠢᠨ ᠵᠠᠮ ᠤ᠋ᠨ ᠵᠠᠷᠢᠮ ᠦᠷᠪᠢᠰᠦᠯᠲᠦ ᠡᠪᠡᠳᠴᠢᠨ ᠦ᠌ ᠤᠯᠠᠮ ᠠ᠋ᠴᠠ(ᠶᠠᠭᠤᠨ ᠤ᠋ ᠡᠮᠦᠨ᠎ᠡ ᠵᠠᠭ ᠬᠦᠢᠲᠡᠨ) ᠦᠷ᠎ᠡ ᠰᠠᠴᠤᠬᠤ ᠴᠣᠷᠭᠣᠨ ᠤ᠋ ᠠᠯᠢ ᠨᠢᠭᠡ ᠬᠡᠰᠡᠭ ᠪᠢᠲᠡᠭᠦᠷᠡᠭᠰᠡᠨ ᠡᠴᠡ ᠪᠣᠯᠳᠠᠭ᠃ ᠡᠢᠮᠦ ᠡᠷᠡᠭᠲᠡᠢ ᠬᠥᠮᠦᠨ ᠳ᠋ᠦ᠍ ᠥᠩᠭᠡᠨ ᠲᠠᠯ᠎ᠠ ᠠ᠋ᠴᠠ ᠪᠠᠨ ᠶᠠᠮᠠᠷ ᠨᠢᠭᠡ ᠥᠭᠡᠷᠡᠴᠢᠯᠡᠯᠲᠡ ᠣᠭᠲᠣ ᠢᠯᠡᠷᠡᠬᠦ ᠦᠭᠡᠢ᠃ ᠬᠤᠷᠢᠴᠠᠬᠤ ᠴᠢᠳᠠᠪᠤᠷᠢ ᠬᠡᠪ ᠦ᠋ᠨ᠂ ᠦᠷ᠎ᠡ ᠶ᠋ᠢᠨ ᠰᠢᠩᠭᠡᠨ ᠢᠯᠭᠠᠷᠠᠨ᠎ᠠ᠃ ᠭᠡᠪᠡᠴᠦ ᠲᠡᠭᠦᠨ ᠳ᠋ᠦ᠍ ᠡᠷ᠎ᠡ ᠪᠡᠯᠭᠡ ᠶ᠋ᠢᠨ ᠡᠰ ᠪᠠᠢᠬᠤ ᠦᠭᠡᠢ᠃ ᠡᠭᠦᠨ ᠢ᠋ ᠵᠥᠪᠬᠡᠨ ᠯᠠᠪᠣᠷᠠᠲ᠋ᠣᠷᠢ ᠶ᠋ᠢᠨ ᠰᠢᠨᠵᠢᠯᠡᠭᠡ ᠪᠡᠷ ᠯᠠ ᠲᠣᠭᠲᠠᠭᠠᠳᠠᠭ᠃ ᠢᠩᠭᠢᠬᠦᠯᠡᠷ᠂ ᠦᠷ᠎ᠡ ᠶ᠋ᠢᠨ ᠰᠢᠩᠭᠡᠨ ᠢ᠋ ᠰᠢᠨᠵᠢᠯᠡᠬᠦ ᠨᠢ ᠡᠷᠡᠭᠲᠡᠢᠴᠦᠳ ᠦ᠋ᠨ ᠦᠷ᠎ᠡ ᠲᠣᠭᠲᠠᠭᠠᠬᠤ ᠯᠠᠪᠤᠷᠠᠲ᠋ᠤᠷᠢ ᠶ᠋ᠢᠨ ᠦᠨᠳᠦᠰᠦᠨ ᠠᠷᠭ᠎ᠠ ᠶᠤᠮ᠃ ᠡᠷᠡᠭᠲᠡᠢᠴᠦᠳ ᠦ᠋ᠨ ᠦᠷᠡᠭᠦᠢᠳᠡᠯ ᠢ᠋ ᠠᠩᠬᠠᠳᠠᠭᠴᠢ ᠪᠠ ᠬᠣᠶᠠᠳᠠᠭᠴᠢ ᠭᠡᠵᠦ ᠬᠤᠪᠢᠶᠠᠵᠤ ᠪᠣᠯᠤᠨ᠎ᠠ᠃ ᠬᠡᠷᠪᠡ ᠨᠢᠭᠡ ᠴᠦ᠍ ᠤᠳᠠᠭ᠎ᠠ ᠬᠡᠦᠬᠡᠳ ᠭᠠᠷᠭᠠᠭ᠎ᠠ ᠦᠭᠡᠢ ᠪᠣᠯ ᠠᠩᠬᠠᠳᠠᠭᠴᠢ᠂ ᠨᠢᠭᠡ ᠪᠤᠶᠤ ᠬᠡᠳᠦ ᠬᠡᠳᠦᠨ ᠬᠡᠦᠬᠡᠳ ᠭᠠᠷᠤᠭᠰᠠᠨ ᠠ᠋ᠴᠠ ᠬᠣᠢᠰᠢ ᠬᠡᠦᠬᠡᠳ ᠭᠠᠷᠤᠭ᠎ᠠ ᠦᠭᠡᠢ ᠪᠣᠯ ᠬᠣᠶᠠᠳᠠᠭᠴᠢ ᠦᠷᠡᠭᠦᠢᠳᠡᠯ ᠭᠡᠳᠡᠭ᠃ ᠡᠨᠡ ᠨᠢ ᠭᠣᠣᠯᠳᠠᠭᠤ ᠶᠠᠩᠵᠤ ᠪᠦᠷᠢ ᠶ᠋ᠢᠨ ᠡᠪᠡᠳᠴᠢᠨ ᠦ᠌ ᠤᠯᠠᠮ ᠠ᠋ᠴᠠ ᠡᠭᠦᠰᠳᠡᠭ᠃ ᠵᠢᠱ᠌ᠢᠶᠠ ᠪᠣᠯᠭᠠᠨ ᠪᠢᠳᠡᠨ ᠦ᠌ ᠫᠠᠷᠠᠺᠲ᠋ᠢᠭ ᠲᠤ᠌ ᠲᠣᠬᠢᠶᠠᠯᠳᠤᠭᠰᠠᠨ ᠨᠢᠭᠡ ᠲᠡᠦᠬᠡ ᠰᠡᠬᠦᠶᠡ᠃ ᠁᠁
ᠠ᠋·28 ᠨᠠᠰᠤ ᠲᠠᠢ ᠵᠢᠯᠣᠭᠣᠴᠢ᠂ ᠬᠡᠦᠬᠡᠳ ᠲᠡᠢ ᠡᠬᠡᠨᠡᠷ ᠡᠴᠡ ᠪᠡᠨ ᠰᠠᠯᠵᠤ ᠳᠠᠬᠢᠨ ᠭᠡᠷᠯᠡᠭᠰᠡᠨ ᠪᠣᠯᠪᠠᠴᠤ ᠪᠦᠲᠦᠨ ᠭᠤᠷᠪᠠᠨ ᠵᠢᠯ ᠥᠩᠭᠡᠷᠡᠬᠦ ᠳ᠋ᠦ᠍ ᠡᠬᠡᠨᠡᠷ ᠨᠢ ᠨᠢᠭᠡ ᠴᠦ᠍ ᠤᠳᠠᠭ᠎ᠠ ᠵᠢᠷᠮᠦᠰᠦᠯᠡᠭᠡ ᠦᠭᠡᠢ᠃ ᠤᠷᠢᠳᠤ ᠨᠢ ᠨᠢᠭᠡ ᠬᠡᠦᠬᠡᠳ ᠲᠡᠢ ᠪᠠᠢᠭᠰᠠᠨ ᠪᠣᠯᠬᠣᠷ ᠬᠠᠮᠤᠭ ᠪᠤᠷᠤᠭᠤ ᠶ᠋ᠢ ᠡᠬᠡᠨᠡᠷ ᠲᠦ᠍ ᠪᠡᠨ ᠲᠣᠬᠣᠳᠠᠭ ᠪᠠᠢᠵᠤ᠂ ᠡᠬᠡᠨᠡᠷ ᠨᠢ ᠠᠷᠭ᠎ᠠ ᠪᠠᠨ ᠪᠠᠷᠠᠵᠤ ᠡᠮᠡᠭᠲᠡᠢᠴᠦᠳ ᠦ᠋ᠨ ᠡᠮᠴᠢ ᠳ᠋ᠦ᠍ ᠦᠵᠡᠭᠦᠯᠵᠦ᠂ ᠪᠦᠬᠦ ᠲᠥᠷᠥᠯ ᠦ᠋ᠨ ᠰᠢᠨᠵᠢᠯᠡᠭᠡ ᠬᠢᠯᠭᠡᠬᠦ ᠳ᠋ᠦ᠍ ᠵᠥᠪ ᠵᠦᠭᠡᠷ᠂ ᠡᠷᠡᠭᠦᠯ ᠭᠡᠰᠡᠨ ᠬᠠᠷᠢᠭᠤ ᠭᠠᠷᠴᠠᠢ᠃ ᠡᠢᠮᠦ ᠳ᠋ᠦ᠍᠂ ᠠ᠋ ᠶ᠋ᠢᠨ ᠦᠷ᠎ᠡ ᠶ᠋ᠢᠨ ᠰᠢᠩᠭᠡᠨ ᠢ᠋ ᠰᠢᠨᠵᠢᠯᠡᠬᠦ ᠱᠠᠭᠠᠷᠳᠠᠯᠭ᠎ᠠ ᠲᠠᠢ ᠪᠣᠯᠬᠤ ᠳ᠋ᠤ᠌ ᠲᠡᠷᠡ᠄《ᠨᠠᠳᠠ ᠠ᠋ᠴᠠ ᠡᠭᠦᠨ ᠦ᠌ ᠰᠢᠯᠲᠠᠭᠠᠨ ᠢ᠋ ᠡᠷᠢᠭᠡᠳ ᠨᠡᠮᠡᠷᠢ ᠦᠭᠡᠢ᠂ ᠪᠢ ᠤᠷᠢᠳᠤ ᠨᠢ ᠬᠡᠦᠬᠡᠳ ᠲᠡᠢ ᠪᠠᠢᠭᠰᠠᠨ ᠪᠠᠰᠠ ᠬᠤᠷᠢᠴᠠᠬᠤ ᠴᠢᠳᠠᠪᠤᠷᠢ ᠬᠡᠨ ᠡᠴᠡ ᠴᠦ᠍ ᠳᠤᠲᠠᠬᠤ ᠦᠭᠡᠢ᠂ ᠬᠡᠷᠪᠡ ᠦᠷ᠎ᠡ ᠦᠭᠡᠢ ᠯᠡ ᠪᠠᠢᠭᠰᠠᠨ ᠪᠣᠯ ᠶᠠᠭᠤ ᠭᠡᠵᠦ ᠢᠩᠭᠢᠬᠦ ᠶᠦᠮ》 ᠭᠡᠵᠦ ᠰᠢᠨᠵᠢᠯᠡᠭᠡ ᠬᠢᠯᠭᠡᠬᠦ ᠡᠴᠡ ᠨᠢᠭᠡ ᠪᠤᠰᠤ ᠤᠳᠠᠭ᠎ᠠ ᠳᠤᠷ᠎ᠠ ᠦᠭᠡᠢᠴᠡᠭᠰᠡᠨ ᠶᠦᠮ᠃ ᠭᠡᠰᠡᠨ ᠬᠡᠳᠦᠢ ᠴᠦ᠍ ᠤᠴᠢᠷ ᠪᠠᠢᠳᠠᠯ ᠢ᠋ ᠰᠠᠢᠲᠤᠷ ᠣᠢᠯᠠᠭᠠᠭᠤᠯᠤᠭᠰᠠᠨ ᠤ᠋ ᠡᠴᠦᠰ ᠦᠷ᠎ᠡ ᠶ᠋ᠢᠨ ᠰᠢᠩᠭᠡᠨ ᠢ᠋ᠶ᠋ᠡᠨ ᠰᠢᠨᠵᠢᠯᠡᠨ ᠦᠵᠡᠬᠦ ᠳ᠋ᠦ᠍ ᠲᠡᠭᠦᠨ ᠳ᠋ᠦ᠍ ᠨᠢᠭᠡ ᠴᠦ᠍ ᠡᠷ᠎ᠡ ᠪᠡᠯᠭᠡ ᠶ᠋ᠢᠨ ᠡᠰ ᠣᠯᠳᠠᠭᠰᠠᠨ ᠦᠭᠡᠢ᠃ ᠦᠵᠡᠯᠭᠡ ᠬᠢᠬᠦ ᠳ᠋ᠦ᠍ ᠦᠷ᠎ᠡ ᠳᠠᠮᠵᠢᠭᠤᠯᠬᠤ ᠴᠣᠷᠭᠣ ᠶᠡᠬᠡᠬᠡᠨ ᠭᠡᠮᠲᠦᠭᠰᠡᠨ ᠪᠠᠢᠪᠠ᠃ ᠢᠩᠭᠢᠭᠡᠳ ᠠ᠋ ᠬᠡᠳᠦᠨ ᠵᠢᠯ ᠦ᠋ᠨ ᠡᠮᠦᠨ᠎ᠡ ᠵᠠᠭ ᠡᠪᠡᠳᠴᠢᠨ ᠢ᠋ᠶ᠋ᠡᠷ ᠡᠪᠡᠳᠴᠢᠯᠡᠵᠦ᠂ ᠲᠡᠭᠦᠨ ᠢ᠋ ᠪᠡᠨ ᠥᠪᠡᠷ ᠢ᠋ᠶ᠋ᠡᠨ ᠡᠮᠴᠢᠯᠡᠭᠰᠡᠨ ᠢ᠋ᠶ᠋ᠡᠨ ᠠᠷᠭ᠎ᠠ ᠦᠭᠡᠢ ᠬᠦᠯᠢᠶᠡᠨ ᠵᠥᠪᠰᠢᠶᠡᠷᠡᠭᠰᠡᠨ ᠶᠦᠮ᠃ ᠶᠠᠭᠤ ᠴᠦ᠍ ᠡᠪᠡᠳᠬᠦ ᠦᠭᠡᠢ᠂ ᠬᠤᠷᠢᠴᠠᠬᠤ ᠴᠢᠳᠠᠪᠤᠷᠢ ᠮᠠᠭᠤᠳᠠᠭ᠎ᠠ ᠦᠭᠡᠢ ᠪᠠᠢᠭᠰᠠᠨ ᠪᠣᠯᠬᠣᠷ ᠥᠪᠡᠷ ᠢ᠋ ᠪᠡᠨ ᠪᠦᠷᠢᠮᠦᠰᠦᠨ ᠡᠳᠡᠭᠡᠭᠰᠡᠨ ᠭᠡᠵᠦ ᠪᠣᠳᠣᠵᠠᠢ᠃ ᠲᠡᠷᠡ ᠪᠡᠷ ᠠᠮᠠ ᠪᠠᠨ ᠪᠠᠷᠢᠨ᠂ ᠬᠣᠵᠢᠮ ᠬᠣᠢᠨ᠎ᠠ ᠢᠩᠭᠢᠴᠢᠬᠡᠨᠡ ᠭᠡᠵᠦ ᠬᠡᠨ ᠰᠠᠨᠠᠬᠤ ᠶᠤᠮ ᠪᠣᠢ! ᠭᠡᠮᠡᠨ ᠬᠠᠷᠠᠮᠰᠠᠭᠠᠳ ᠬᠠᠷᠠᠮᠰᠠᠭᠠᠳ ᠪᠠᠷᠠᠬᠤ ᠦᠭᠡᠢ ᠪᠠᠢᠵᠤ ᠪᠢᠯᠡ᠃ ᠡᠨᠡ ᠵᠠᠯᠠᠭᠤ ᠰᠢᠭ᠋《ᠬᠡᠨ ᠰᠠᠨᠠᠬᠤ ᠶᠤᠮ ᠪᠣᠢ》 ᠭᠡᠬᠦ ᠪᠢᠰᠢ ᠬᠠᠷᠢᠨ ᠵᠠᠯᠠᠭᠤ ᠬᠥᠮᠦᠨ ᠪᠦᠷ ᠵᠠᠭ ᠬᠦᠢᠲᠡᠨ ᠡᠪᠡᠳᠴᠢᠨ ᠢ᠋ ᠳᠤᠲᠠᠭᠤ ᠡᠰᠡᠪᠡᠯ ᠡᠮᠴᠢᠯᠡᠬᠦ ᠦᠭᠡᠢ ᠣᠷᠬᠢᠪᠠᠯ ᠡᠴᠦᠰ ᠲᠡᠭᠡᠨ ᠦᠷ᠎ᠡ ᠦᠭᠡᠢ ᠪᠣᠯᠭᠠᠳᠠᠭ ᠢ᠋ ᠮᠡᠳᠡᠬᠦ ᠬᠡᠷᠡᠭᠲᠡᠢ᠃ ᠳᠡᠭᠡᠷᠡᠬᠢ ᠵᠢᠰᠢᠶ᠎ᠠ ᠬᠥᠩᠭᠡᠮᠰᠦᠭ ᠶᠠᠪᠤᠳᠠᠯ ᠶᠠᠭᠤᠨ ᠳ᠋ᠤ᠌ ᠬᠦᠷᠭᠡᠳᠡᠭ ᠢ᠋ ᠬᠠᠷᠠᠭᠤᠯᠵᠤ ᠪᠠᠢᠭ᠎ᠠ ᠪᠠᠷ ᠢ᠋ᠶ᠋ᠠᠨ ᠪᠦᠷ ᠴᠦ᠍ ᠰᠤᠷᠭᠠᠮᠵᠢ ᠲᠠᠢ᠃
ᠨᠥᠭᠥᠭᠡᠲᠡᠭᠡᠭᠦᠷ᠂ ᠡᠷᠡᠭᠲᠡᠢ ᠬᠥᠮᠦᠨ ᠦ᠌ ᠦᠷᠡᠭᠦᠢᠳᠡᠯ ᠢ᠋ ᠬᠤᠷᠢᠴᠠᠯ ᠦᠢᠯᠡᠳᠬᠦ ᠴᠢᠳᠠᠪᠤᠷᠢ ᠦᠭᠡᠢ ᠪᠠᠢᠳᠠᠯ ᠲᠠᠢ ᠬᠣᠯᠪᠣᠵᠤ ᠪᠣᠯᠬᠤ ᠦᠭᠡᠢ᠂ ᠲᠡᠳᠡᠭᠡᠷ ᠨᠢ ᠬᠣᠭᠣᠷᠣᠨᠳᠣ ᠪᠠᠨ ᠣᠭᠲᠣ ᠬᠣᠯᠪᠣᠭ᠎ᠠ ᠦᠭᠡᠢ ᠶᠦᠮ᠃ ᠡᠷᠡᠭᠲᠡᠢᠴᠦᠳ ᠦ᠋ᠨ ᠦᠷᠡᠭᠦᠢᠳᠡᠯ ᠢ᠋ ᠡᠮᠴᠢᠯᠡᠵᠦ ᠪᠣᠯᠤᠨ᠎ᠠ᠃ ᠬᠡᠷᠪᠡ ᠦᠷ᠎ᠡ ᠶ᠋ᠢᠨ ᠰᠢᠩᠭᠡᠨ《ᠴᠢᠨᠠᠷ》 ᠮᠠᠭᠤ ᠪᠣᠯ ᠠᠷᠢᠬᠢ ᠤᠤᠭᠤᠬᠤ ᠶ᠋ᠢ ᠪᠦᠷᠢᠨ ᠴᠡᠭᠡᠷᠯᠡᠵᠦ ᠲᠠᠮᠠᠬᠢᠨ ᠠ᠋ᠴᠠ ᠭᠠᠷᠬᠤ ᠬᠡᠷᠡᠭᠲᠡᠢ᠃ ᠡᠮᠴᠢ ᠶ᠋ᠢᠨ ᠵᠥᠪᠯᠡᠯᠭᠡ ᠦᠭᠡᠢ ᠪᠡᠷ ᠶᠠᠮᠠᠷ ᠨᠢᠭᠡ ᠡᠮ ᠤᠤᠭᠤᠬᠤ ᠶ᠋ᠢ ᠬᠣᠷᠢᠭᠯᠠᠨ᠎ᠠ᠃ ᠤᠭᠤᠷᠠᠭ᠂ ᠸᠢᠲ᠋ᠠᠮᠢᠨ᠂ ᠡᠷᠦᠳᠡᠰᠦ᠂ ᠳᠠᠪᠤᠰᠤ᠂ ᠤᠷᠭᠤᠮᠠᠯ ᠤ᠋ᠨ ᠲᠣᠰᠣ᠂ ᠵᠢᠮᠢᠰ ᠨᠣᠭᠣᠭ᠎ᠠ ᠡᠯᠪᠡᠭ ᠲᠡᠢ᠂ ᠴᠢᠨᠠᠷ ᠰᠠᠢᠨ ᠬᠣᠭᠣᠯᠠ ᠢᠳᠡᠬᠦ ᠬᠡᠷᠡᠭᠲᠡᠢ᠃ ᠬᠤᠷᠴᠠ ᠬᠣᠯᠢᠴᠠ᠂ ᠬᠠᠯᠠᠭᠤᠨ ᠨᠣᠭᠣᠭ᠎ᠠ ᠶ᠋ᠢ ᠬᠢᠵᠠᠭᠠᠷᠯᠠᠪᠠᠯ ᠵᠣᠬᠢᠨ᠎ᠠ᠃ ᠪᠡᠯᠭᠡ ᠶ᠋ᠢᠨ ᠠᠮᠢᠳᠤᠷᠠᠯ ᠤ᠋ᠨ ᠲᠢᠭᠯᠡᠮ ᠢ᠋ ᠴᠢᠩᠭ᠎ᠠ ᠮᠥᠷᠳᠡᠬᠦ ᠨᠢ ᠨᠡᠩ ᠰᠠᠢᠨ᠃ ᠬᠤᠷᠢᠴᠠᠯ ᠤ᠋ᠨ ᠲᠣᠭ᠎ᠠ ᠤᠯᠠᠳᠠᠪᠠᠯ ᠦᠷ᠎ᠡ ᠶ᠋ᠢᠨ ᠰᠢᠩᠭᠡᠨ ᠳ᠋ᠦ᠍ ᠡᠷ᠎ᠡ ᠪᠡᠯᠭᠡ ᠶ᠋ᠢᠨ ᠡᠰ ᠦ᠋ᠨ ᠲᠣᠭ᠎ᠠ ᠴᠥᠭᠡᠷᠡᠵᠦ ᠬᠤᠷᠢᠴᠠᠯ ᠤ᠋ᠨ ᠲᠣᠭ᠎ᠠ ᠴᠥᠭᠡᠳᠡᠪᠡᠯ ᠡᠷ᠎ᠡ ᠪᠡᠯᠭᠡ ᠶ᠋ᠢᠨ ᠡᠰ ᠦ᠋ᠳ ᠬᠥᠭᠰᠢᠷᠡᠵᠦ᠂ ᠦᠷ᠎ᠡ ᠲᠣᠭᠲᠠᠭᠠᠬᠤ ᠪᠣᠯᠤᠮᠵᠢ ᠪᠠᠭᠤᠷᠠᠨ᠎ᠠ᠃ ᠡᠢᠮᠦ ᠳ᠋ᠦ᠍4-5 ᠡᠳᠦᠷ ᠰᠣᠢᠭᠰᠠᠨ ᠤ᠋ ᠳᠠᠷᠠᠭ᠎ᠠ ᠣᠢᠷᠠᠲᠤᠪᠠᠯ ᠵᠣᠬᠢᠨ᠎ᠠ᠃
ᠬᠤᠷᠢᠴᠠᠯ ᠢ᠋ 《ᠠᠷᠤ ᠠ᠋ᠴᠠ 》ᠦᠢᠯᠡᠳᠪᠡᠯ ᠦᠷ᠎ᠡ ᠲᠣᠭᠲᠠᠬᠤ ᠪᠣᠯᠤᠮᠵᠢ ᠨᠡᠮᠡᠭᠳᠡᠳᠡᠭ ᠶᠠᠭᠠᠬᠢᠭᠠᠳ ᠭᠡᠪᠡᠯ ᠡᠢᠮᠦ ᠪᠠᠢᠷᠢᠯᠠᠯ ᠳ᠋ᠤ᠌ ᠦᠷ᠎ᠡ ᠶ᠋ᠢᠨ ᠰᠢᠩᠭᠡᠨ ᠤᠮᠠᠢ ᠶ᠋ᠢᠨ ᠬᠦᠵᠦᠭᠦᠨ ᠦ᠌ ᠣᠢᠷᠠᠯᠴᠠᠭ᠎ᠠ᠂ ᠳᠡᠷᠭᠡᠳᠡ ᠨᠢ ᠰᠠᠴᠤᠭᠳᠠᠨ᠎ᠠ᠃ ᠦᠷ᠎ᠡ ᠶ᠋ᠢᠨ ᠰᠢᠩᠭᠡᠨ ᠢᠯᠭᠠᠷᠠᠭᠰᠠᠨ ᠤ᠋ ᠳᠠᠷᠠᠭ᠎ᠠ ᠡᠮᠡᠭᠲᠡᠢ ᠬᠥᠮᠦᠨ ᠪᠥᠭᠰᠡᠨ ᠳᠣᠣᠷ᠎ᠠ ᠪᠠᠨ ᠵᠢᠭᠠᠬᠠᠨ ᠶᠠᠭᠤᠮ᠎ᠠ ᠢᠪᠡᠭᠡᠳ ᠭᠡᠳᠡᠷᠭᠦ ᠬᠠᠷᠠᠵᠤ30-40 ᠮᠢᠨᠦ᠋ᠲ ᠬᠡᠪᠲᠡᠬᠦ ᠬᠡᠷᠡᠭᠲᠡᠢ᠃
ᠣᠳᠣ ᠡᠮᠡᠭᠲᠡᠢᠴᠦᠳ ᠦ᠋ᠨ ᠦᠷᠡᠭᠦᠢᠳᠡᠯ ᠢ᠋ ᠠᠪᠴᠤ ᠦᠵᠡᠶ᠎ᠡ᠃ ᠡᠨᠡ ᠨᠢ ᠮᠥᠨ ᠣᠯᠠᠨ ᠶᠠᠩᠵᠤ ᠶ᠋ᠢᠨ ᠰᠢᠯᠲᠠᠭᠠᠨ ᠲᠠᠢ ᠪᠠᠢᠳᠠᠭ᠃ ᠡᠮᠡᠭᠲᠡᠢᠴᠦᠳ ᠦ᠋ᠨ ᠦᠷᠡᠭᠦᠢᠳᠡᠯ ᠦ᠋ᠨ ᠭᠣᠣᠯ ᠰᠢᠯᠲᠠᠭᠠᠨ ᠨᠢ ᠳᠣᠣᠷ᠎ᠠ ᠪᠡᠯᠭᠡ ᠶ᠋ᠢᠨ ᠡᠷᠬᠡᠲᠡᠨ ᠦ᠌ ᠦᠷᠪᠢᠰᠦᠯ᠂ ᠲᠤᠬᠠᠢᠯᠠᠪᠠᠯ ᠤᠮᠠᠢ ᠶ᠋ᠢᠨ ᠬᠣᠭᠣᠯᠠᠢ ᠶ᠋ᠢᠨ ᠦᠷᠪᠢᠰᠦᠯ ᠶᠦᠮ᠃ ᠵᠠᠭ ᠬᠦᠢᠲᠡᠨ ᠮᠡᠲᠦ ᠶ᠋ᠢᠨ ᠬᠠᠯᠳᠠᠪᠤᠷᠢᠲᠤ ᠡᠪᠡᠳᠴᠢᠨ ᠨᠦ᠍ᠭᠦᠳ ᠡᠮᠡᠭᠲᠡᠢᠴᠦᠳ ᠦ᠋ᠨ ᠪᠡᠯᠭᠡ ᠡᠷᠬᠡᠲᠡᠨ ᠳ᠋ᠦ᠍᠂ ᠲᠤᠬᠠᠢᠯᠠᠪᠠᠯ ᠤᠮᠠᠢ ᠶ᠋ᠢᠨ ᠬᠣᠭᠣᠯᠠᠢ ᠳ᠋ᠤ᠌ ᠶᠣᠬᠢᠢᠬᠤ ᠥᠭᠡᠷᠡᠴᠢᠯᠡᠯᠲᠡ ᠣᠷᠣᠭᠤᠯᠳᠠᠭ᠃ ᠵᠠᠭ ᠬᠦᠢᠲᠡᠨ ᠦ᠌ ᠦᠷᠪᠢᠰᠦᠯ ᠦ᠋ᠨ ᠳᠠᠷᠠᠭ᠎ᠠ ᠤᠮᠠᠢ ᠶ᠋ᠢᠨ ᠬᠣᠭᠣᠯᠠᠢ ᠪᠦᠲᠡᠨ ᠪᠥᠭᠯᠡᠷᠡᠭᠰᠡᠨ ᠰᠣᠷᠪᠢ ᠡᠭᠦᠰᠳᠡᠭ᠃ ᠡᠭᠦᠨ ᠤᠯᠠᠮ ᠠ᠋ᠴᠠ ᠥᠨᠳᠡᠭᠡᠨ ᠡᠰ ᠪᠣᠯᠤᠨ ᠡᠷ᠎ᠡ ᠪᠡᠯᠭᠡ ᠶ᠋ᠢᠨ ᠡᠰ ᠲᠡᠢ ᠤᠮᠠᠢ ᠶ᠋ᠢᠨ ᠬᠣᠭᠣᠯᠠᠢ ᠳ᠋ᠤ᠌ 《ᠤᠴᠠᠷᠠᠵᠤ》 ᠴᠢᠳᠠᠬᠤ ᠦᠭᠡᠢ᠂ ᠦᠷ᠎ᠡ ᠲᠣᠭᠲᠠᠬᠤ ᠪᠣᠯᠤᠮᠵᠢ ᠦᠭᠡᠢ ᠪᠣᠯᠳᠠᠭ᠃ ᠦᠷᠡᠭᠦᠢᠳᠡᠯ ᠦ᠋ᠨ ᠳᠠᠩ ᠬᠠᠭᠠᠰ ᠬᠤᠪᠢ ᠨᠢ ᠤᠮᠠᠢ ᠶ᠋ᠢᠨ ᠬᠣᠭᠣᠯᠠᠢ ᠶ᠋ᠢᠨ ᠪᠢᠲᠡᠭᠦᠷᠡᠯ ᠨᠠᠷᠢᠰᠤᠯ ᠲᠠᠢ ᠬᠣᠯᠪᠣᠭ᠎ᠠ ᠲᠠᠢ ᠪᠠᠢᠭ᠎ᠠ ᠨᠢ ᠰᠤᠳᠤᠯᠭᠠᠨ ᠠ᠋ᠴᠠ ᠬᠠᠷᠠᠭᠳᠠᠵᠤ ᠪᠠᠢᠨ᠎ᠠ᠃ ᠤᠮᠠᠢ ᠶ᠋ᠢᠨ ᠬᠣᠭᠣᠯᠠᠢ ᠶ᠋ᠢᠨ ᠦᠷᠪᠢᠰᠦᠯ ᠡᠭᠦᠰᠬᠡᠳᠡᠭ ᠣᠯᠠᠨ ᠰᠢᠯᠲᠠᠭᠠᠨ ᠤ᠋ ᠨᠢᠭᠡ ᠨᠢ ᠦᠷ᠎ᠡ ᠬᠥᠨᠳᠡᠯᠲᠡ ᠶᠦᠮ᠃ ᠡᠨᠡ ᠨᠢ ᠡᠮᠡᠭᠲᠡᠢ ᠬᠥᠮᠦᠨ ᠦ᠌ ᠡᠷᠡᠭᠦᠯ ᠮᠡᠨᠳᠦ ᠳ᠋ᠦ᠍ ᠲᠡᠳᠦᠢ ᠦᠭᠡᠢ ᠲᠡᠭᠦᠨ ᠦ᠌ ᠬᠡᠦᠬᠡᠳ ᠣᠯᠬᠤ ᠴᠢᠳᠠᠪᠤᠷᠢ ᠳ᠋ᠤ᠌ ᠴᠦ᠍ ᠶᠡᠬᠡᠬᠡᠨ ᠠᠶᠤᠯ ᠢ᠋ᠶ᠋ᠠᠷ ᠵᠠᠨᠤᠯᠬᠢᠯᠠᠨᠠ᠃ ᠁
ᠠ᠂25 ᠨᠠᠰᠤᠲᠠᠢ ᠨᠥᠬᠥᠷ ᠲᠦ᠍ ᠭᠠᠷᠤᠭᠠᠳ ᠳᠥᠷᠪᠡᠨ ᠵᠢᠯ ᠪᠣᠯᠤᠭᠰᠠᠨ ᠴᠦ᠍ ᠬᠡᠦᠬᠡᠳ ᠭᠠᠷᠤᠭ᠎ᠠ ᠦᠭᠡᠢ᠃ ᠡᠮᠴᠢ ᠨᠠᠷ ᠤ᠋ᠨ ᠬᠢᠭᠰᠡᠨ ᠰᠢᠨᠵᠢᠯᠭᠡ ᠪᠡᠷ ᠨᠥᠬᠥᠷ ᠨᠢ ᠴᠦ᠍ ᠡᠷᠡᠭᠦᠯ ᠭᠠᠷᠴᠠᠢ᠃ ᠡᠢᠮᠦ ᠳ᠋ᠦ᠍ ᠠ ᠶ᠋ᠢᠨ ᠠᠮᠢᠳᠤᠷᠠᠯ ᠤ᠋ᠨ ᠲᠡᠦᠬᠡ ᠶ᠋ᠢ ᠨᠠᠷᠢᠪᠴᠢᠯᠠᠨ ᠰᠤᠳᠤᠯᠬᠤ ᠳ᠋ᠤ᠌20 ᠨᠠᠰᠤᠲᠠᠢ ᠪᠠᠢᠬᠤ ᠳ᠋ᠠᠭᠠᠨ ᠭᠡᠷ ᠦ᠋ᠨ ᠨᠥᠬᠥᠴᠡᠯ ᠳ᠋ᠦ᠍ ᠦᠷ᠎ᠡ ᠬᠥᠨᠳᠡᠭᠦᠯᠵᠦ ᠴᠢᠰᠤ ᠠᠯᠳᠠᠭᠰᠠᠨ ᠤᠴᠢᠷ ᠡᠮᠡᠭᠲᠡᠢᠴᠦᠳ ᠦ᠋ᠨ ᠲᠠᠰᠤᠭ ᠲᠤ᠌ ᠬᠡᠪᠲᠡᠵᠡᠢ᠃ ᠡᠮᠨᠡᠯᠭᠡ ᠡᠴᠡ ᠭᠠᠷᠤᠭᠰᠠᠨ ᠤ᠋ ᠳᠠᠷᠠᠭ᠎ᠠ ᠡᠨᠡ ᠲᠤᠬᠠᠢ ᠪᠠᠨ ᠣᠷᠣ ᠮᠠᠷᠲᠠᠵᠤ᠂ ᠬᠥᠮᠦᠨ ᠲᠡᠢ ᠰᠠᠭᠤᠭᠰᠠᠨ ᠪᠣᠯᠪᠠᠴᠤ ᠣᠭᠲᠣ ᠵᠢᠷᠮᠦᠰᠦᠯᠡᠭᠡ ᠦᠭᠡᠢ ᠠᠵᠢ᠃ ᠡᠨᠡ ᠡᠮᠡᠭᠲᠡᠢ ᠳ᠋ᠦ᠍ ᠨᠠᠷᠢᠨ ᠰᠢᠨᠵᠢᠯᠡᠭᠡ ᠬᠢᠬᠦ ᠳ᠋ᠦ᠍ ᠤᠮᠠᠢ ᠶ᠋ᠢᠨ ᠬᠣᠭᠣᠯᠠᠢ ᠳ᠋ᠤ᠌ ᠦᠷᠪᠢᠰᠦᠯ ᠪᠠᠢᠭ᠎ᠠ ᠨᠢ ᠢᠯᠡᠷᠡᠭᠰᠡᠨ ᠶᠦᠮ᠃ ᠴᠣᠬᠣᠮ ᠡᠨᠡ ᠦᠷᠪᠢᠰᠦᠯ᠂ ᠬᠡᠦᠬᠡᠳ ᠲᠣᠭᠲᠠᠬᠤ ᠳ᠋ᠤ᠌ ᠰᠠᠭᠠᠳ ᠤᠴᠠᠷᠠᠭᠤᠯᠵᠤ ᠪᠠᠢᠵᠠᠢ᠃ ᠭᠡᠪᠡᠴᠦ ᠤᠮᠠᠢ ᠶ᠋ᠢᠨ ᠬᠣᠭᠣᠯᠠᠢ ᠶ᠋ᠢᠨ ᠦᠢᠯᠡ ᠠᠵᠢᠯᠯᠠᠭ᠎ᠠ ᠶ᠋ᠢ ᠪᠤᠴᠠᠭᠠᠵᠤ᠂ ᠬᠡᠪ ᠲᠤᠨᠢ ᠣᠷᠣᠭᠤᠯᠬᠤ ᠶ᠋ᠢᠨ ᠲᠤᠯᠠᠳᠠ ᠲᠡᠭᠦᠨ ᠦ᠌ ᠦᠷᠪᠢᠰᠦᠯ ᠢ᠋ ᠪᠦᠷᠢᠨ ᠡᠮᠴᠢᠯᠡᠵᠦ ᠪᠣᠯᠬᠤ ᠤᠤ᠂ ᠦᠭᠡᠢ ᠤᠤ ᠭᠡᠳᠡᠭ ᠢ᠋ ᠬᠡᠯᠡᠬᠦ ᠳ᠋ᠦ᠍ ᠬᠡᠴᠡᠭᠦᠦ᠃ ᠡᠢᠮᠦ ᠳ᠋ᠦ᠍᠂ ᠪᠣᠳᠣᠯ ᠦᠭᠡᠢ ᠶᠠᠭᠤᠮ᠎ᠠ ᠬᠢᠵᠦ᠂ ᠬᠠᠤᠯᠢ ᠪᠤᠰᠤ ᠦᠷ᠎ᠡ ᠬᠥᠨᠳᠡᠭᠦᠯᠦᠭᠰᠡᠨ ᠢ᠋ᠶ᠋ᠡᠷ ᠡᠮᠡᠭᠲᠡᠢ ᠬᠥᠮᠦᠨ ᠥᠪᠡᠷ ᠲᠡᠭᠡᠨ ᠨᠥᠬᠥᠰᠢ ᠦᠭᠡᠢ ᠭᠠᠷᠤᠵᠠ ᠬᠣᠬᠢᠷᠠᠯ ᠤᠴᠠᠷᠠᠭᠤᠯᠳᠠᠭ ᠢ᠋ ᠠᠩᠬᠠᠷ᠃ ᠡᠨᠳᠡ ᠡᠮᠡᠭᠲᠡᠢ ᠬᠥᠮᠦᠨ ᠦ᠌ ᠪᠡᠶ᠎ᠡ ᠮᠠᠬᠠᠪᠣᠳ ᠲᠤ᠌ ᠦᠷ᠎ᠡ ᠭᠦᠨᠳᠡᠯᠲᠡ ᠶᠠᠮᠠᠷ ᠰᠦᠷᠡᠬᠡᠢ ᠨᠥᠯᠥᠭᠡᠯᠡᠳᠡᠭ ᠢ᠋ ᠣᠨᠴᠠᠯᠠᠨ ᠲᠡᠮᠳᠡᠭᠯᠡᠬᠦ ᠬᠡᠷᠡᠭᠲᠡᠢ᠃ ᠮᠠᠨ ᠤ᠋ ᠵᠠᠷᠢᠮ ᠡᠮᠡᠭᠲᠡᠢᠴᠦᠳ ᠶᠠᠭᠤᠮ᠎ᠠ ᠯᠠ ᠪᠣᠯ ᠦᠷ᠎ᠡ ᠬᠥᠨᠳᠡᠭᠦᠯᠬᠦ ᠭᠡᠳ ᠪᠠᠢᠳᠠᠭ ᠭᠡᠮ ᠪᠣᠢ ᠶ᠋ᠢ ᠨᠢᠭᠤᠬᠤ ᠶᠠᠭᠤᠨ᠃ ᠦᠷ᠎ᠡ ᠬᠥᠨᠳᠡᠯᠲᠡ ᠭᠡᠳᠡᠭ ᠪᠣᠯ ᠴᠣᠬᠣᠮ ᠳ᠋ᠠᠭᠠᠨ ᠲᠤᠰᠬᠠᠢ ᠪᠠᠭᠠᠵᠢ ᠪᠠᠷ ᠤᠮᠠᠢ ᠶ᠋ᠢᠨ ᠬᠥᠨᠳᠡᠢ ᠶ᠋ᠢ ᠬᠤᠰᠤᠵᠤ ᠴᠡᠪᠡᠷᠯᠡᠬᠦ ᠶᠠᠪᠤᠳᠠᠯ ᠶᠤᠮ᠃ ᠡᠭᠦᠨ ᠦ᠌ ᠤᠯᠠᠮ ᠠ᠋ᠴᠠ ᠤᠮᠠᠢ ᠶ᠋ᠢᠨ ᠬᠠᠨᠠᠨ ᠳ᠋ᠤ᠌ ᠦᠵᠡᠰᠢ ᠦᠭᠡᠢ ᠮᠠᠭᠤᠬᠠᠢ ᠰᠣᠷᠪᠢ ᠦᠯᠡᠳᠡᠨ᠎ᠡ᠃ ᠬᠡᠷᠪᠡ ᠲᠠ ᠪᠢᠳᠡᠨ ᠦ᠌ ᠬᠡᠨ ᠮᠠᠨᠢ ᠴᠦ᠍ ᠪᠡᠶ᠎ᠡ ᠶ᠋ᠢᠨ ᠢᠯᠡ ᠪᠠᠢᠭ᠎ᠠ ᠬᠡᠰᠡᠭ ᠲᠡᠭᠡᠨ᠂ ᠲᠤᠬᠠᠢᠯᠠᠪᠠᠯ᠂ ᠭᠠᠷ ᠤ᠋ᠨ ᠠᠷᠠᠰᠤ ᠪᠠᠨ ᠶᠠᠮᠠᠷ ᠨᠢᠭᠡ ᠶᠠᠭᠤᠮ᠎ᠠ ᠪᠠᠷ ᠬᠤᠰᠤᠶᠠ ᠭᠡᠵᠦ ᠰᠠᠨᠠᠶ᠎ᠠ᠃ ᠲᠡᠭᠡᠪᠡᠯ ᠠᠷᠤ ᠳ᠋ᠤᠨᠢ ᠶᠠᠮᠠᠷ ᠮᠠᠭᠤᠬᠠᠢ ᠰᠢᠷᠬ᠎ᠠ᠂ ᠰᠣᠷᠪᠢ ᠦᠯᠡᠳᠡᠵᠦ ᠬᠣᠴᠣᠷᠬᠤ ᠨᠢ ᠬᠡᠨ ᠳ᠋ᠦ᠍ ᠴᠦ᠍ ᠣᠢᠯᠠᠭᠠᠮᠵᠢᠲᠠᠢ᠃ ᠦᠷ᠎ᠡ ᠭᠦᠨᠳᠡᠯᠲᠡ ᠪᠣᠯ ᠤᠭ ᠲᠠᠭᠠᠨ ᠶᠠᠭ ᠡᠭᠦᠨ ᠲᠡᠢ ᠠᠪ ᠠᠳᠠᠯᠢᠬᠠᠨ᠃ ᠢᠯᠭᠠᠭ᠎ᠠ ᠨᠢ ᠭᠡᠪᠡᠯ ᠦᠯᠡᠳᠡᠵᠦ ᠪᠠᠢᠭ᠎ᠠ ᠰᠢᠷᠬ᠎ᠠ ᠰᠣᠷᠪᠢ ᠨᠢ ᠬᠥᠮᠦᠨ ᠦ᠌ ᠨᠢᠳᠦᠨ ᠡᠴᠡ ᠳᠠᠯᠳᠠ ᠪᠠᠢᠭ᠎ᠠ ᠳ᠋ᠤ᠌ ᠯᠠ ᠣᠷᠣᠰᠢᠨ᠎ᠠ᠃ ᠦᠷ᠎ᠡ ᠭᠦᠨᠳᠡᠯᠲᠡ ᠶ᠋ᠢ ᠡᠮᠴᠢ ᠬᠥᠮᠦᠨ ᠨᠢᠳᠦᠨ ᠪᠠᠷᠢᠮᠵᠢᠶ᠎ᠠ ᠦᠭᠡᠢ ᠵᠥᠪᠬᠡᠨ ᠭᠠᠷ ᠤ᠋ᠨ ᠮᠡᠳᠡᠷᠡᠮᠵᠢ ᠳ᠋ᠦ᠍ ᠲᠦᠰᠢᠭᠯᠡᠨ ᠬᠢᠳᠡᠭ ᠤᠴᠢᠷ ᠶᠠᠮᠠᠷ ᠴᠦ᠍ ᠬᠦᠨᠳᠦᠷᠡᠯ ᠭᠠᠷᠴᠤ ᠪᠣᠯᠵᠣᠰᠢ ᠦᠭᠡᠢ᠂ ᠡᠮᠡᠭᠲᠡᠢ ᠶ᠋ᠢᠨ ᠠᠮᠢ ᠨᠠᠰᠤᠨ ᠳ᠋ᠤ᠌ ᠣᠨᠴᠠ ᠠᠶᠤᠯᠲᠠᠢ ᠮᠡᠰᠡ ᠠᠵᠢᠯᠯᠠᠪᠤᠷᠢ ᠶᠤᠮ᠃ ᠢᠯᠠᠩᠭᠤᠶ᠎ᠠ ᠠᠩᠬᠠᠨ ᠤ᠋ ᠵᠢᠷᠮᠦᠰᠦᠯᠡᠯᠲᠡ ᠶ᠋ᠢ ᠬᠥᠨᠳᠡᠬᠦ ᠨᠢ ᠡᠮᠡᠭᠲᠡᠢᠴᠦᠳ ᠦ᠋ᠨ ᠦᠷᠡᠭᠦᠢᠳᠡᠯ ᠦ᠋ᠨ ᠪᠠᠰᠠ ᠨᠢᠭᠡ ᠰᠢᠯᠲᠠᠭᠠᠨ ᠪᠣᠯᠳᠠᠭ᠃ ᠠᠩᠬᠠᠨ ᠤ᠋ ᠦᠷ᠎ᠡ ᠪᠡᠨ ᠬᠥᠮᠦᠨ ᠭᠤᠶᠤᠭᠰᠠᠭᠠᠷ ᠪᠠᠢᠵᠤ ᠬᠥᠨᠳᠡᠭᠦᠯᠴᠢᠬᠡᠭᠡᠳ᠂ ᠬᠣᠵᠢᠮ ᠬᠡᠦᠬᠡᠳ ᠭᠠᠷᠬᠤ ᠦᠭᠡᠢ ᠪᠣᠯᠬᠣᠷ ᠥᠨᠥᠬᠢ ᠲᠤᠰᠠ ᠬᠦᠷᠭᠡᠭᠰᠡᠨ《ᠠᠴᠢᠲᠠᠨ》 ᠢ᠋ᠶ᠋ᠠᠨ ᠨᠠᠰᠤ ᠪᠠᠷ ᠢ᠋ᠶ᠋ᠠᠨ ᠬᠠᠷᠢᠶᠠᠨ ᠵᠥᠭᠡᠵᠦ ᠥᠪᠡᠷᠲᠡᠭᠡᠨ ᠭᠡᠮᠰᠢᠵᠦ ᠶᠠᠪᠤᠭ᠎ᠠ ᠡᠮᠡᠭᠲᠡᠢ ᠴᠥᠭᠡᠨ ᠦᠭᠡᠢ᠃ ᠤᠮᠠᠢ ᠠ᠋ᠴᠠ ᠠᠮᠢᠳᠤ ᠤᠷᠤᠭ ᠰᠠᠯᠭᠠᠬᠤ ᠨᠢ ᠶᠡᠷᠦᠳᠡ ᠶ᠋ᠢᠨ ᠯᠡ ᠭᠠᠳᠠᠨ᠎ᠠ ᠪᠡᠶ᠎ᠡ ᠶ᠋ᠢ ᠵᠠᠢᠯᠠᠭᠤᠯᠬᠤ ᠲᠡᠳᠦᠢ ᠶᠠᠪᠤᠳᠠᠯ ᠪᠤᠰᠤ ᠲᠤᠢᠯ ᠤ᠋ᠨ ᠬᠦᠨᠳᠦ ᠠᠵᠢᠯᠯᠠᠪᠤᠷᠢ᠃ ᠲᠡᠭᠦᠨ ᠢ᠋ ᠬᠡᠪ ᠦ᠋ᠨ ᠲᠦᠷᠦᠯᠲᠡ ᠲᠡᠢ ᠠᠳᠠᠯᠢᠳᠬᠠᠨ ᠦᠵᠡᠵᠦ ᠪᠣᠯᠬᠤ ᠦᠭᠡᠢ᠃ ᠬᠡᠪ ᠦ᠋ᠨ ᠲᠦᠷᠦᠯᠲᠡ ᠶ᠋ᠢᠨ ᠦᠶ᠎ᠡ ᠳ᠋ᠦ᠍ ᠤᠮᠠᠢ ᠶ᠋ᠢᠨ ᠪᠣᠯᠤᠨ ᠲᠥᠷᠥᠬᠦ ᠵᠠᠮ ᠤ᠋ᠳ 9-10 ᠰᠠᠷ᠎ᠠ ᠶ᠋ᠢᠨ ᠲᠤᠷᠰᠢ ᠪᠡᠯᠡᠳᠬᠡᠭᠳᠡᠳᠡᠭ᠃ ᠵᠢᠷᠮᠦᠰᠦᠯᠡᠯᠲᠡ ᠶ᠋ᠢᠨ ᠰᠡᠭᠦᠯ ᠤᠷᠤᠭᠤ ᠤᠮᠠᠢ ᠶ᠋ᠢᠨ ᠬᠦᠵᠦᠭᠦᠦ ᠥᠪᠡᠷ ᠢ᠋ᠶ᠋ᠡᠨ ᠵᠥᠭᠡᠯᠡᠷᠡᠨ ᠲᠡᠯᠡᠭᠳᠡᠳᠡᠭ᠃ ᠲᠦᠷᠦᠯᠲᠡ ᠶ᠋ᠢᠨ ᠪᠠᠵᠠᠯᠲᠠ᠂ ᠤᠷᠤᠭ ᠤ᠋ᠨ ᠤᠰᠤᠨ ᠤ᠋ ᠲᠦᠯᠬᠢᠯᠲᠡ ᠳ᠋ᠦ᠍ ᠤᠮᠠᠢ ᠶ᠋ᠢᠨ ᠬᠦᠵᠦᠭᠦᠦ ᠠᠯᠭᠤᠷ ᠠᠭᠠᠵᠢᠮ ᠢ᠋ᠶ᠋ᠠᠷ ᠲᠡᠯᠡᠭᠳᠡᠳᠡᠭ᠃ ᠲᠡᠭᠡᠪᠡᠯ ᠦᠷ᠎ᠡ ᠭᠦᠨᠳᠡᠯᠲᠡ ᠶ᠋ᠢᠨ ᠦᠶ᠎ᠡ ᠳ᠋ᠦ᠍ ᠤᠮᠠᠢ ᠶ᠋ᠢᠨ ᠬᠦᠵᠦᠭᠦᠦ ᠶ᠋ᠢ ᠪᠠᠭᠠᠵᠢ ᠪᠠᠷ ᠬᠦᠴᠦ ᠪᠡᠷ ᠨᠡᠭᠡᠭᠡᠳᠡᠭ᠃ ᠡᠭᠦᠨ ᠦ᠌ ᠤᠯᠠᠮ ᠠ᠋ᠴᠠ ᠤᠮᠠᠢ ᠶ᠋ᠢᠨ ᠬᠦᠵᠦᠭᠦᠨ ᠳ᠋ᠦ᠍ ᠭᠡᠮᠲᠦᠯ ᠡᠭᠦᠰᠳᠡᠭ᠃ ᠢᠯᠠᠩᠭᠤᠶ᠎ᠠ ᠣᠯᠠᠨ ᠤᠳᠠᠭ᠎ᠠ ᠶ᠋ᠢᠨ ᠦᠷ᠎ᠡ ᠬᠥᠨᠳᠡᠯᠲᠡ ᠨᠢ ᠡᠮᠡᠭᠲᠡᠢ ᠬᠥᠮᠦᠨ ᠦ᠌ ᠡᠷᠲᠡ ᠬᠥᠭᠰᠢᠷᠡᠬᠦ ᠳ᠋ᠦ᠍ ᠬᠦᠷᠭᠡᠬᠦ ᠲᠡᠳᠦᠢ ᠦᠭᠡᠢ ᠨᠢᠭᠤᠷ ᠤ᠋ᠨ ᠠᠷᠠᠰᠤ ᠦᠷᠴᠢᠯᠡᠭᠡ ᠰᠠᠭᠤᠵᠤ᠂ ᠦᠰᠦ ᠪᠤᠭᠤᠷᠤᠯᠳᠠᠵᠤ᠂ ᠴᠡᠪᠡᠷᠰᠢᠯᠲᠡ ᠡᠷᠲᠡ ᠡᠬᠢᠯᠡᠳᠡᠭ ᠬᠡᠮᠲᠡᠢ᠃ ᠦᠷ᠎ᠡ ᠭᠦᠨᠳᠡᠯᠲᠡ ᠶ᠋ᠢᠨ ᠳᠠᠷᠠᠭ᠎ᠠ ᠰᠠᠷ᠎ᠠ ᠶ᠋ᠢᠨ ᠲᠡᠮᠳᠡᠭ ᠦ᠋ᠨ ᠮᠥᠴᠡᠯᠭᠡ ᠠᠯᠳᠠᠭᠳᠠᠬᠤ ᠨᠢ ᠴᠥᠭᠡᠨ ᠦᠭᠡᠢ᠃《ᠬᠣᠷᠮᠣᠢ ᠶ᠋ᠢᠨ ᠶᠠᠭᠤᠮ᠎ᠠ 》 ᠬᠡᠳᠦ ᠡᠯᠪᠡᠭᠵᠢᠨ ᠤᠳᠠᠭᠠᠨ ᠦᠷᠭᠦᠯᠵᠢᠯᠡᠵᠦ ᠡᠪᠡᠳᠴᠢᠨ ᠲᠡᠢ ᠪᠣᠯᠳᠠᠭ᠃ ᠦᠷ᠎ᠡ ᠭᠦᠨᠳᠡᠯᠲᠡ ᠡᠮᠡᠭᠲᠡᠢ ᠶ᠋ᠢᠨ ᠵᠥᠪᠬᠡᠨ ᠪᠡᠯᠭᠡ ᠡᠷᠬᠡᠲᠡᠨ ᠦ᠌ ᠦᠢᠯᠡ ᠠᠵᠢᠯᠯᠠᠭ᠎ᠠ ᠳ᠋ᠤ᠌ ᠲᠡᠳᠦᠢ ᠦᠭᠡᠢ ᠲᠡᠭᠦᠨ ᠦ᠌ ᠪᠦᠬᠦᠢᠯᠡ ᠪᠡᠶ᠎ᠡ ᠮᠠᠬᠠᠪᠣᠳ ᠲᠤ᠌ ᠬᠣᠣᠷᠲᠠᠢ ᠪᠠᠷ ᠨᠥᠯᠥᠭᠡᠯᠡᠨ᠎ᠡ᠃ ᠦᠷ᠎ᠡ ᠬᠥᠨᠳᠡᠯᠲᠡ ᠨᠢ ᠡᠮᠡᠭᠲᠡᠢ ᠬᠥᠮᠦᠨ ᠳ᠋ᠦ᠍ ᠬᠡᠵᠢᠶ᠎ᠡ ᠴᠦ᠍ ᠰᠠᠢᠬᠠᠨ ᠰᠠᠨᠠᠭᠳᠠᠬᠤ ᠦᠭᠡᠢ ᠨᠢ ᠮᠡᠳᠡᠭᠡᠵᠢ ᠪᠣᠯᠬᠣᠷ ᠳᠠᠬᠢᠨ ᠵᠢᠷᠮᠦᠰᠦᠯᠡᠵᠦ ᠦᠷ᠎ᠡ ᠬᠥᠨᠳᠡᠭᠦᠯᠬᠦ ᠡᠴᠡ ᠶᠠᠰᠤ ᠨᠢ ᠬᠠᠪᠲᠠᠯᠵᠠᠵᠤ᠂ ᠵᠢᠷᠦᠬᠡ ᠨᠢ ᠰᠢᠮᠰᠢᠷᠡᠨ᠎ᠡ᠃ ᠡᠨᠡ ᠨᠢ ᠪᠡᠯᠭᠡ ᠶ᠋ᠢᠨ ᠠᠮᠢᠳᠤᠷᠠᠯ ᠳ᠋ᠤ᠌ ᠮᠠᠭᠤ ᠪᠠᠷ ᠨᠥᠯᠥᠭᠡᠯᠡᠵᠦ ᠬᠤᠷᠢᠴᠠᠬᠤ ᠳᠤᠷ᠎ᠠ ᠬᠦᠰᠡᠯ ᠢ᠋ ᠪᠠᠭᠤᠷᠠᠭᠤᠯᠳᠠᠭ᠃ ᠵᠢᠷᠮᠦᠰᠦᠨ ᠪᠣᠯᠬᠤ ᠠ᠋ᠴᠠ ᠠᠶᠤᠵᠤ ᠪᠡᠶ᠎ᠡ ᠪᠡᠨ ᠪᠠᠷᠢᠵᠤ ᠬᠤᠷᠢᠴᠠᠯ ᠦᠢᠯᠡᠳᠬᠦ ᠨᠢ ᠡᠮᠡᠭᠲᠡᠢ ᠬᠥᠮᠦᠨ ᠦ᠌ ᠰᠡᠳᠬᠢᠴᠡ ᠶ᠋ᠢᠨ ᠪᠠᠢᠳᠠᠯ ᠢ᠋ ᠬᠢᠮᠤᠷᠠᠭᠤᠯᠤᠨ ᠠᠭᠠᠵᠢᠮ ᠢ᠋ᠶ᠋ᠠᠷ ᠪᠡᠯᠭᠡ ᠶ᠋ᠢᠨ ᠬᠦᠷᠦᠯᠲᠡ ᠡᠭᠦᠰᠬᠡᠨ᠎ᠡ᠃ ᠡᠢᠨᠬᠦ ᠡᠮᠡᠭᠲᠡᠢᠴᠦᠳ ᠦ᠋ᠨ ᠡᠷᠡᠭᠦᠯ ᠮᠡᠨᠳᠦ ᠳ᠋ᠦ᠍ ᠦᠷ᠎ᠡ ᠭᠦᠨᠳᠡᠯᠲᠡ ᠠᠰᠤᠷᠤ ᠶᠡᠬᠡ ᠬᠥᠨᠥᠭᠡᠯ ᠲᠡᠢ ᠶ᠋ᠢ ᠭᠠᠭᠴᠠ ᠦᠭᠡ ᠪᠡᠷ ᠬᠡᠯᠡᠬᠦ ᠠᠷᠭ᠎ᠠ ᠦᠭᠡᠢ ᠶᠦᠮ᠃ ᠡᠮᠡᠭᠲᠡᠢᠴᠦᠳ ᠦ᠋ᠨ ᠦᠷᠡᠭᠦᠢᠳᠡᠯ ᠢ᠋ ᠡᠮᠴᠢᠯᠡᠬᠦ ᠳ᠋ᠦ᠍ ᠬᠡᠴᠡᠭᠦᠦ ᠪᠣᠯᠪᠠᠴᠤ ᠣᠷᠴᠢᠨ ᠦᠶ᠎ᠡ ᠶ᠋ᠢᠨ ᠡᠮᠡᠴᠢᠯᠡᠭᠡ ᠶ᠋ᠢᠨ ᠠᠷᠭ᠎ᠠ ᠨᠤᠭᠤᠳ ᠰᠠᠢᠨ ᠨᠥᠯᠥᠭᠡ ᠥᠭᠴᠦ ᠪᠠᠢᠨ᠎ᠠ᠃ ᠦᠷᠡᠭᠦᠢᠳᠡᠯ ᠦ᠋ᠨ ᠡᠮᠴᠢᠯᠡᠭᠡ ᠨᠢ ᠡᠮᠴᠢ᠂ ᠡᠪᠡᠳᠴᠢᠲᠡᠨ ᠬᠣᠶᠠᠷ ᠠ᠋ᠴᠠ ᠬᠡᠨ ᠬᠡᠨ ᠡᠴᠡ ᠶᠡᠬᠡ ᠲᠡᠪᠴᠢᠶᠡᠷᠢ ᠱᠠᠭᠠᠷᠳᠠᠭᠰᠠᠨ ᠦᠯᠡᠮᠵᠢ ᠲᠦᠪᠡᠭᠲᠡᠢ᠂ ᠤᠳᠠᠭᠠᠨ ᠬᠤᠭᠤᠴᠠᠭᠠᠨ ᠤ᠋ ᠦᠢᠯᠡ ᠠᠵᠢᠯᠯᠠᠭ᠎ᠠ ᠶᠤᠮ᠃ ᠡᠮᠴᠢ ᠶ᠋ᠢᠨ ᠵᠥᠪᠯᠡᠯᠭᠡ ᠪᠣᠯᠤᠨ ᠵᠢᠭᠠᠯᠲᠠ ᠨᠤᠭᠤᠳ ᠢ᠋ ᠤᠳᠠᠭᠠᠨ ᠬᠤᠭᠤᠴᠠᠭᠠᠨ ᠤ᠋ ᠲᠤᠷᠰᠢ ᠨᠢᠭᠲᠠ ᠨᠢᠮᠪᠠᠢ ᠶᠠᠭᠰᠢᠲᠠᠯ᠎ᠠ ᠳ᠋ᠠᠭᠠᠨ ᠪᠡᠶᠡᠯᠡᠭᠦᠯᠬᠦ ᠶᠠᠪᠤᠳᠠᠯ ᠯᠠ ᠡᠮᠴᠢᠯᠡᠭᠡ ᠶ᠋ᠢᠨ ᠦᠷ᠎ᠡ ᠳ᠋ᠦᠩ ᠳ᠋ᠦ᠍ ᠬᠦᠷᠭᠡᠨ᠎ᠡ᠃ ᠴᠢᠨᠠᠷ ᠰᠠᠢᠲᠠᠢ ᠰᠢᠨ᠎ᠡ ᠮᠢᠬ᠎ᠠ᠂ ᠨᠣᠭᠣᠭ᠎ᠠ᠂ ᠵᠢᠮᠢᠰ᠂ ᠵᠢᠮᠢᠰᠬᠡᠨ᠎ᠡ ᠣᠷᠣᠯᠴᠠᠭᠰᠠᠨ ᠬᠣᠭᠣᠯᠠ ᠬᠡᠷᠡᠭᠯᠡᠵᠦ ᠪᠠᠢᠬᠤ ᠨᠢ ᠴᠢᠬᠤᠯᠠ᠃ ᠡᠭᠦᠨ ᠦ᠌ ᠵᠡᠷᠭᠡᠴᠡᠭᠡ ᠰᠢᠪᠡᠷ ᠡᠮᠴᠢᠯᠡᠭᠡ ᠬᠢᠯᠭᠡᠬᠦ ᠨᠢ ᠰᠠᠢᠨ ᠦᠷ᠎ᠡ ᠳ᠋ᠦᠩ ᠥᠭᠳᠡᠭ᠃ ᠰᠢᠪᠡᠷ ᠡᠮᠴᠢᠯᠡᠭᠡ ᠶ᠋ᠢᠨ ᠳᠠᠷᠠᠭ᠎ᠠ ᠪᠡᠯᠭᠡ ᠶ᠋ᠢᠨ ᠮᠡᠳᠡᠷᠡᠮᠵᠢ ᠰᠠᠢᠵᠢᠷᠠᠬᠤ ᠠ᠋ᠴᠠ ᠭᠠᠳᠠᠨ᠎ᠠ ᠥᠨᠳᠡᠭᠡᠨ ᠡᠰ ᠪᠣᠯᠪᠠᠰᠤᠷᠠᠨ ᠭᠠᠳᠠᠭᠰᠢᠯᠠᠬᠤ ᠦᠢᠯᠡ ᠶᠠᠪᠤᠴᠠ ᠰᠡᠷᠭᠦᠳᠡᠭ᠃ ᠡᠮᠴᠢᠯᠡᠭᠡᠨ ᠦ᠌ ᠦᠶ᠎ᠡ ᠳ᠋ᠦ᠍ ᠪᠡᠯᠭᠡ ᠶ᠋ᠢᠨ ᠠᠮᠢᠳᠤᠷᠠᠯ ᠢ᠋ᠶ᠋ᠠᠨ ᠵᠣᠭᠰᠣᠬᠤ ᠦᠭᠡᠢ ᠪᠠᠢᠵᠤ ᠪᠣᠯᠤᠨ᠎ᠠ᠃ ᠮᠥᠨ ᠪᠡᠶ᠎ᠡ ᠶ᠋ᠢᠨ ᠲᠠᠮᠢᠷ ᠢ᠋ᠶ᠋ᠠᠷ ᠲᠣᠭᠲᠠᠮᠠᠯ ᠬᠢᠴᠢᠶᠡᠯᠯᠡᠬᠦ᠂ ᠵᠤᠨ ᠤ᠋ ᠴᠠᠭ ᠲᠤ᠌ ᠪᠡᠶ᠎ᠡ ᠪᠡᠨ ᠨᠠᠷᠠᠨ ᠳ᠋ᠤ᠌ ᠰᠢᠷᠠᠬᠤ᠂ ᠡᠪᠦᠯ ᠦ᠋ᠨ ᠤᠯᠠᠷᠢᠯ ᠳ᠋ᠤ᠌ ᠺᠸᠷᠽᠢ ᠶ᠋ᠢᠨ ᠰᠢᠷᠠᠯᠭ᠎ᠠ ᠬᠢᠯᠭᠡᠬᠦ ᠨᠢ ᠦᠯᠡᠮᠵᠢ ᠠᠴᠢ ᠬᠣᠯᠪᠣᠭᠳᠠᠯ ᠲᠠᠢ᠃ ᠡᠮᠴᠢᠯᠡᠭᠡᠨ ᠦ᠌ ᠭᠣᠣᠯ ᠨᠢᠭᠡ ᠨᠥᠬᠥᠴᠡᠯ ᠪᠣᠯ ᠡᠮᠡᠭᠲᠡᠢ ᠬᠥᠮᠦᠨ ᠡᠳᠡᠭᠡᠷᠡᠨ᠎ᠡ ᠭᠡᠰᠡᠨ ᠢᠲᠡᠭᠡᠯ ᠢ᠋ᠶ᠋ᠡᠨ ᠬᠡᠵᠢᠶ᠎ᠡ ᠴᠦ᠍ ᠠᠯᠳᠠᠬᠤ ᠦᠭᠡᠢ ᠪᠠᠢᠬᠤ ᠶᠠᠪᠤᠳᠠᠯ ᠶᠤᠮ᠃ ᠵᠠᠷᠢᠮ ᠳ᠋ᠠᠭᠠᠨ ᠦᠷᠡᠭᠦᠢᠳᠡᠯ ᠢ᠋ ᠡᠮᠡᠭᠲᠡᠢ ᠶ᠋ᠢᠨ ᠪᠡᠯᠭᠡ ᠶ᠋ᠢᠨ ᠵᠠᠮ ᠳ᠋ᠤ᠌ ᠨᠥᠬᠥᠷ ᠦ᠋ᠨ ᠪᠤᠶᠤ ᠳ᠋ᠣᠨᠤᠷ ᠤ᠋ᠨ(ᠦᠷ᠎ᠡ ᠦᠭᠡᠢ ᠬᠥᠮᠦᠨ ᠳ᠋ᠦ᠍ ᠦᠷ᠎ᠡ ᠶ᠋ᠢᠨ ᠰᠢᠩᠭᠡᠨ ᠢ᠋ᠶ᠋ᠡᠨ ᠥᠭᠭᠦᠭᠴᠢ) ᠦᠷ᠎ᠡ ᠶ᠋ᠢᠨ ᠰᠢᠩᠭᠡᠨ ᠢ᠋ ᠵᠣᠷᠢᠭᠤᠳᠠ ᠪᠠᠷ ᠬᠢᠬᠦ ᠵᠠᠮ ᠢ᠋ᠶ᠋ᠠᠷ ᠠᠷᠢᠯᠭᠠᠵᠤ ᠪᠣᠯᠤᠨ᠎ᠠ᠃ ᠡᠮᠡᠭᠲᠡᠢ ᠬᠥᠮᠦᠨ ᠳ᠋ᠦ᠍ ᠵᠣᠷᠢᠭᠤᠳᠠ ᠶ᠋ᠢᠨ ᠦᠷ᠎ᠡ ᠲᠣᠭᠲᠠᠭᠠᠯᠲᠠ ᠶ᠋ᠢ ᠡᠷ᠎ᠡ ᠨᠥᠬᠥᠷ ᠦ᠋ᠨ ᠪᠡᠯᠭᠡ ᠶ᠋ᠢᠨ ᠰᠤᠯᠠᠷᠠᠯ ᠤ᠋ᠨ ᠤᠯᠠᠮ ᠠ᠋ᠴᠠ ᠬᠤᠷᠢᠴᠠᠯ ᠦᠢᠯᠡᠳᠬᠦ ᠪᠣᠯᠤᠮᠵᠢ ᠦᠭᠡᠢ ᠦᠶ᠎ᠡ ᠳ᠋ᠦ᠍ ᠶᠦᠮ ᠤᠤ ᠡᠮᠡᠭᠲᠡᠢ ᠶ᠋ᠢᠨ ᠪᠠᠭ᠎ᠠ ᠠᠭᠠᠷᠴᠠᠭ ᠤ᠋ᠨ ᠬᠥᠨᠳᠡᠢ ᠪᠠ ᠪᠡᠯᠭᠡ ᠡᠷᠬᠡᠲᠡᠨ ᠳ᠋ᠦ᠍ ᠶᠠᠩᠵᠤ ᠪᠦᠷᠢ ᠶ᠋ᠢᠨ ᠭᠠᠵᠢᠭ ᠪᠠᠢᠭ᠎ᠠ ᠦᠶ᠎ᠡ ᠳ᠋ᠦ᠍ ᠬᠡᠷᠡᠭᠯᠡᠵᠦ ᠪᠠᠢᠨ᠎ᠠ᠃ ᠭᠡᠬᠦ ᠳ᠋ᠦ᠍ ᠢᠩᠭᠢᠵᠦ ᠦᠷ᠎ᠡ ᠲᠣᠭᠲᠠᠭᠠᠬᠤ ᠨᠢ ᠣᠯᠠᠨ ᠬᠡᠴᠡᠭᠦᠦ ᠠᠰᠠᠭᠤᠳᠠᠯ ᠲᠠᠢ ᠲᠤᠯᠭᠠᠷᠠᠬᠤ ᠳ᠋ᠤ᠌ ᠬᠦᠷᠭᠡᠵᠦ ᠪᠠᠢᠨ᠎ᠠ᠃ ᠵᠢᠰᠢᠶ᠎ᠠ ᠨᠢ ᠭᠠᠷᠬᠤ ᠬᠡᠦᠬᠡᠳ ᠮᠠᠨᠢ ᠡᠴᠢᠭᠡ᠂ ᠡᠬᠡ ᠶ᠋ᠢᠨ ᠢ᠋ᠶ᠋ᠡᠨ ᠬᠦᠰᠡᠨ ᠬᠦᠯᠢᠶᠡᠵᠦ ᠪᠠᠢᠭ᠎ᠠ ᠦᠰᠦ᠂ ᠨᠢᠳᠦᠨ ᠦ᠌ ᠥᠩᠭᠡ᠂ ᠵᠠᠩ ᠠᠭᠠᠰᠢ ᠲᠠᠢ ᠲᠥᠷᠥᠬᠦ ᠡᠰᠡᠬᠦ ᠶ᠋ᠢ ᠬᠡᠨ ᠴᠦ᠍ ᠤᠷᠢᠳᠤ ᠠ᠋ᠴᠠ ᠨᠢ ᠳᠠᠭᠠᠵᠤ ᠴᠢᠳᠠᠬᠤ ᠦᠭᠡᠢ᠃ ᠡᠷᠬᠡᠲᠡᠨ ᠳᠤᠲᠠᠭᠤ᠂ ᠡᠪᠡᠳᠴᠢᠨ ᠲᠡᠢ ᠬᠡᠦᠬᠡᠳ ᠭᠠᠷᠪᠠᠯ ᠶᠠᠭᠠᠬᠢᠬᠤ ᠪᠣᠢ? ᠡᠭᠦᠨ ᠢ᠋ ᠴᠦ᠍ ᠪᠠᠰᠠ ᠤᠷᠢᠳᠤ ᠠ᠋ᠴᠠ ᠨᠢ ᠲᠠᠭᠠᠪᠤᠷᠢᠯᠠᠬᠤ ᠪᠣᠯᠤᠮᠵᠢ ᠦᠭᠡᠢ᠃ ᠡᠢᠮᠦ ᠨᠥᠬᠥᠷ ᠦ᠋ᠨ ᠬᠢᠨᠢ ᠦᠷ᠎ᠡ ᠶ᠋ᠢᠨ ᠰᠢᠩᠭᠡᠨ ᠢ᠋ᠶ᠋ᠡᠷ ᠵᠣᠷᠢᠭᠤᠳᠠ ᠶ᠋ᠢᠨ ᠦᠷ᠎ᠡ ᠲᠣᠭᠲᠠᠭᠠᠬᠤ ᠨᠢ ᠯᠡ ᠢᠯᠡᠭᠦᠦ ᠵᠣᠬᠢᠮᠵᠢᠲᠠᠢ᠃ ᠵᠢᠷᠮᠦᠰᠦᠨ ᠪᠣᠯᠬᠤ ᠳ᠋ᠤ᠌ ᠰᠡᠳᠬᠢᠯ ᠰᠠᠨᠠᠭ᠎ᠠ ᠲᠤᠢᠯ ᠤ᠋ᠨ ᠴᠢᠬᠤᠯᠠ ᠡᠭᠦᠷᠭᠡ ᠲᠡᠢ᠃ ᠬᠡᠦᠬᠡᠳ ᠭᠠᠷᠬᠤ ᠦᠭᠡᠢ ᠪᠠᠢᠭᠰᠠᠨ ᠬᠥᠮᠦᠨ ᠠᠢᠯ ᠠ᠋ᠴᠠ ᠬᠡᠦᠬᠡᠳ ᠡᠷᠭᠦᠭᠡᠳ ᠠᠪᠤᠭᠰᠠᠨ ᠤ᠋ ᠳᠠᠷᠠᠭ᠎ᠠ ᠵᠢᠷᠮᠦᠰᠦᠨ ᠪᠣᠯᠬᠤ ᠶ᠋ᠢ ᠠᠯᠢ ᠶ᠋ᠢ ᠲᠡᠷᠡ ᠭᠡᠬᠦ ᠪᠣᠢ᠃
ᠠᠯᠢᠪᠠ ᠡᠪᠡᠳᠴᠢᠨ ᠢ᠋ ᠡᠮᠴᠢᠯᠡᠬᠦ ᠡᠴᠡ ᠪᠡᠨ ᠤᠷᠢᠳᠴᠢᠯᠠᠨ ᠰᠡᠷᠭᠡᠢᠯᠡᠬᠦ ᠨᠢ ᠢᠯᠡᠭᠦᠦ ᠬᠢᠯᠪᠠᠷ ᠬᠥᠩᠭᠡᠨ ᠪᠠᠢᠳᠠᠭ᠃ ᠡᠨᠡ ᠪᠣᠯ ᠦᠷᠡᠭᠦᠢᠳᠡᠯ ᠲᠡᠢ ᠬᠢᠬᠦ ᠲᠡᠮᠡᠴᠡᠯ ᠳ᠋ᠦ᠍ ᠴᠦ᠍ ᠪᠦᠷᠢᠨ ᠬᠠᠮᠢᠶᠠᠷᠤᠨ᠎ᠠ᠃ ᠥᠬᠢᠳ ᠢ᠋ ᠡᠬᠡ ᠡᠴᠡ ᠲᠥᠷᠥᠭᠰᠡᠨ ᠴᠠᠭ ᠠ᠋ᠴᠠ ᠨᠢ ᠪᠡᠯᠭᠡ ᠡᠷᠬᠡᠲᠡᠨ ᠳ᠋ᠦ᠍ᠨᠢ ᠬᠠᠯᠳᠠᠪᠤᠷᠢ ᠣᠷᠣᠭᠤᠯᠬᠤ ᠦᠭᠡᠢ ᠪᠡᠷ ᠴᠡᠪᠡᠷ ᠴᠡᠮᠴᠡᠭᠡᠷ ᠥᠰᠬᠡᠬᠦ ᠬᠡᠷᠡᠭᠲᠡᠢ᠃ ᠬᠥᠭᠵᠢᠯ ᠦ᠋ᠨ ᠶᠠᠮᠠᠷ ᠨᠢᠭᠡ ᠭᠠᠵᠢᠭ ᠢᠯᠡᠷᠡᠪᠡᠯ ᠡᠮᠴᠢ ᠳ᠋ᠦ᠍ ᠳᠠᠷᠤᠢᠬᠠᠨ ᠣᠴᠢᠪᠠᠯ ᠵᠣᠬᠢᠨ᠎ᠠ᠃ ᠪᠠᠭ᠎ᠠ ᠠ᠋ᠴᠠ ᠨᠢ ᠪᠡᠯᠭᠡ ᠶ᠋ᠢᠨ ᠠᠷᠢᠭᠤᠨ ᠴᠡᠪᠡᠷ ᠢ᠋ ᠰᠠᠬᠢᠭᠤᠯᠵᠤ ᠦᠷ᠎ᠡ ᠬᠥᠨᠳᠡᠭᠦᠯᠬᠦ ᠦᠭᠡᠢ ᠪᠠᠢᠬᠤ ᠶ᠋ᠢᠨ ᠲᠤᠯᠠᠳᠠ ᠵᠢᠷᠮᠦᠰᠦᠯᠡᠯᠲᠡ ᠡᠴᠡ ᠰᠡᠷᠭᠡᠢᠯᠡᠬᠦ ᠠᠷᠭ᠎ᠠ ᠶ᠋ᠢ ᠵᠢᠭᠠᠵᠤ ᠥᠭᠬᠦ ᠬᠡᠷᠡᠭᠲᠡᠢ᠃ 15 ᠨᠠᠰᠤ ᠬᠥᠷᠴᠢᠬᠡᠭᠡᠳ ᠰᠠᠷ᠎ᠠ ᠶ᠋ᠢᠨ ᠲᠡᠮᠳᠡᠭ ᠢᠷᠡᠬᠦ ᠦᠭᠡᠢ ᠪᠣᠯ ᠥᠬᠢᠳ ᠦ᠋ᠨ ᠡᠮᠴᠢ ᠳ᠋ᠦ᠍ ᠦᠵᠡᠭᠦᠯᠵᠦ᠂ ᠵᠥᠪᠯᠡᠯᠭᠡ ᠠᠪᠬᠤ ᠱᠠᠭᠠᠷᠳᠠᠯᠭ᠎ᠠ ᠲᠠᠢ᠃ ᠶᠠᠭᠠᠬᠢᠭᠠᠳ ᠭᠡᠪᠡᠯ ᠡᠨᠡ ᠨᠢ ᠳᠣᠲᠣᠭᠠᠳᠤ ᠱᠦᠭᠦᠷᠡᠯ ᠦ᠋ᠨ ᠪᠤᠯᠴᠢᠷᠬᠠᠢ᠂ ᠲᠤᠬᠠᠢᠯᠠᠪᠠᠯ ᠥᠨᠳᠡᠭᠡᠪᠴᠢ ᠶ᠋ᠢᠨ ᠦᠢᠯᠡ ᠠᠵᠢᠯᠯᠠᠭᠠᠨ ᠤ᠋ ᠬᠢᠮᠤᠷᠠᠯ ᠤ᠋ᠨ ᠨᠢᠭᠡ ᠰᠢᠨᠵᠢ ᠲᠡᠮᠳᠡᠭ ᠪᠠᠢᠵᠤ ᠪᠣᠯᠤᠨ᠎ᠠ᠃ ᠬᠡᠦᠬᠡᠳ ᠵᠠᠶᠠᠭᠠᠬᠤ ᠦᠭᠡᠢ ᠪᠠᠢᠨ᠎ᠠ ᠭᠡᠳᠡᠭ ᠪᠣᠯ ᠡᠬᠡᠨᠡᠷ᠂ ᠨᠥᠬᠥᠷ ᠬᠣᠶᠠᠷ ᠤ᠋ᠨ ᠬᠡᠨ ᠬᠡᠨ ᠳ᠋ᠦ᠍ᠨᠢ ᠰᠡᠳᠬᠢᠯ ᠦ᠋ᠨ ᠪᠥᠭᠡᠮ ᠵᠣᠪᠠᠯᠠᠩ ᠤᠴᠢᠷ ᠠ᠋ᠴᠠ ᠬᠣᠶᠠᠷ ᠪᠡᠶ᠎ᠡ ᠳ᠋ᠡᠭᠡᠨ ᠡᠯᠢᠭᠡᠰᠡᠭ ᠳᠣᠲᠣᠨᠣ ᠠᠩᠬᠠᠷᠤᠯ ᠬᠠᠯᠠᠮᠵᠢᠲᠠᠢ ᠪᠠᠢᠬᠤ ᠶ᠋ᠢ ᠡᠷᠬᠢᠮᠯᠡ᠃ ᠬᠡᠨ ᠬᠡᠨ ᠢ᠋ᠶ᠋ᠡᠨ ᠵᠢᠮᠡᠯᠡᠨ ᠪᠤᠷᠤᠭᠤᠰᠢᠶᠠᠵᠤ ᠭᠠᠭᠴᠠ ᠣᠯᠳᠠᠬᠤ ᠠᠮᠢᠳᠤᠷᠠᠯ ᠢ᠋ᠶ᠋ᠠᠨ ᠪᠢᠲᠡᠭᠡᠢ ᠬᠡᠷᠡᠭᠦᠯ ᠤᠷᠤᠭᠤᠯ ᠢ᠋ᠶ᠋ᠠᠷ ᠳᠦᠭᠦᠷᠭᠡᠭᠡᠷᠡᠢ ᠭᠡᠵᠦ ᠲᠠ ᠪᠦᠬᠦᠨ ᠳ᠋ᠦ᠍ ᠵᠥᠪᠯᠡᠨ ᠪᠠᠢᠨ᠎ᠠ᠃ ᠬᠡᠦᠬᠡᠳ ᠦᠭᠡᠢ ᠳ᠋ᠡᠭᠡᠨ ᠬᠠᠨᠢ ᠴᠢᠨᠢ ᠶᠡᠬᠡ ᠯᠡ ᠵᠣᠪᠠᠵᠤ ᠪᠠᠢᠭ᠎ᠠ ᠨᠢ ᠮᠡᠳᠡᠭᠡᠵᠢ᠃ ᠡᠢᠮᠦ ᠳ᠋ᠦ᠍ ᠲᠡᠭᠦᠨ ᠦ᠌ ᠰᠡᠳᠬᠢᠯ ᠳ᠋ᠦ᠍ ᠳᠠᠪᠬᠤᠷ ᠳᠠᠷᠤᠮᠲᠠ ᠪᠢᠲᠡᠭᠡᠢ ᠤᠴᠠᠷᠠᠭᠤᠯ᠃ ᠡᠨᠡ ᠪᠠᠢᠳᠠᠯ ᠠ᠋ᠴᠠ ᠭᠠᠷᠬᠤ ᠭᠠᠭᠴᠠ ᠠᠷᠭ᠎ᠠ ᠵᠠᠮ ᠪᠣᠯ ᠠᠢᠯ ᠠ᠋ᠴᠠ ᠬᠡᠦᠬᠡᠳ ᠦᠷᠡᠴᠢᠯᠡᠨ ᠠᠪᠴᠤ᠂ ᠥᠰᠬᠡᠨ ᠬᠥᠮᠦᠵᠢᠭᠦᠯᠬᠦ ᠶᠠᠪᠤᠳᠠᠯ ᠶᠤᠮ᠃ ᠡᠷᠭᠦᠵᠦ ᠠᠪᠤᠭᠰᠠᠨ ᠬᠡᠦᠬᠡᠳ ᠥᠪᠡᠷ ᠦ᠋ᠨ ᠬᠢ ᠡᠴᠡ ᠥᠭᠡᠷ᠎ᠡ ᠴᠦ᠍ ᠦᠭᠡᠢ᠂ ᠦᠷ᠎ᠡ ᠲᠡᠢ ᠬᠥᠮᠦᠨ ᠦ᠌ ᠵᠢᠷᠭᠠᠯ᠂ ᠪᠠᠶᠠᠷ ᠪᠠᠶᠠᠰᠬᠤᠯᠠᠩ ᠠᠪᠴᠢᠷᠠᠬᠤ ᠪᠣᠯᠤᠨ᠎ᠠ᠃
