ᠮᠥᠩᠬᠡ ᠶ᠋ᠢᠨ ᠰᠠᠢᠬᠠᠨ ᠨᠤᠲᠤᠭ- ᠵᠢᠪᠬᠤᠭ᠎ᠠ Мөнхийн сайхан нутаг- Жавхаа ᠳᠠᠭᠤᠤ ᠬᠥᠭᠵᠢᠮ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠮᠥᠩᠬᠡ ᠶ᠋ᠢᠨ ᠰᠠᠢᠬᠠᠨ ᠨᠤᠲᠤᠭ- ᠵᠢᠪᠬᠤᠭ᠎ᠠ Мөнхийн сайхан нутаг- Жавхаа

ᠮᠥᠩᠬᠡ ᠶ᠋ᠢᠨ ᠰᠠᠢᠬᠠᠨ ᠨᠤᠲᠤᠭ- ᠵᠢᠪᠬᠤᠭ᠎ᠠ Мөнхийн сайхан нутаг- Жавхаа

ᠠᠩᠭᠢᠯᠠᠯ:ᠳᠠᠭᠤᠤ ᠬᠥᠭᠵᠢᠮ
2025-07-30

10513

ᠮᠥᠩᠬᠡ ᠶ᠋ᠢᠨ ᠰᠠᠢᠬᠠᠨ ᠨᠤᠲᠤᠭ

            ᠦᠭᠡ᠄ ᠲᠤᠭᠴᠢ ᠯᠤᠪᠰᠠᠩ 
            ᠠᠶ᠎ᠠ᠄ ᠨᠠᠰᠤᠨ 
            ᠳᠠᠭᠤᠴᠢᠨ᠄ ᠵᠢᠪᠬᠤᠭ᠎ᠠ 

ᠢᠬᠡᠷ᠎ᠡ ᠬᠤᠷᠠᠭ᠎ᠠ ᠬᠡᠨᠵᠡ ᠲᠤᠭᠤᠯ ᠢ᠋ᠶ᠋ᠠᠨ 
ᠡᠯᠢᠭᠡᠨ ᠳ᠋ᠦ᠍ ᠪᠡᠨ ᠦᠨᠦᠰᠦᠨ ᠬᠠᠢᠷᠠᠯᠠᠭᠰᠠᠨ 
ᠦᠨᠢᠶᠡᠨ ᠵᠡᠯ᠎ᠡ ᠲᠡᠢ ᠨᠤᠲᠤᠭ ᠤ᠋ᠨ ᠮᠢᠨᠢ ᠪᠠᠷ᠎ᠠ 
ᠥᠨᠢᠳᠡ ᠰᠠᠢᠬᠠᠨ ᠬᠠᠷᠠᠭᠳᠠᠨ᠎ᠠ ᠳᠠ 
ᠲᠠᠨᠠᠨ ᠡᠷᠳᠡᠨᠢ ᠲᠠᠪᠤᠨ ᠬᠣᠰᠢᠭᠤ ᠪᠠᠨ 
ᠲᠠᠯ᠎ᠠ ᠳ᠋ᠤ᠌ ᠪᠠᠨ ᠲᠠᠷᠬᠠᠭᠠᠨ ᠪᠡᠯᠴᠢᠭᠡᠭᠰᠡᠨ 
ᠲᠣᠯᠢᠨ ᠨᠠᠭᠤᠷ ᠲᠠᠢ ᠠᠷᠤ ᠶ᠋ᠢᠨ ᠴᠠᠢᠳᠠᠮ 
ᠲᠤᠩ ᠰᠠᠢᠬᠠᠨ ᠦᠵᠡᠭᠳᠡᠨ᠎ᠡ ᠳᠡ 
ᠠᠢ ᠠᠢ ᠬᠦᠢ᠂ ᠮᠥᠷᠥᠭᠡᠳᠦᠨ ᠳᠤᠷᠠᠰᠴᠤ ᠶᠠᠪᠤᠭ᠎ᠠ 
ᠠᠢ ᠠᠢ ᠬᠦᠢ᠂ ᠮᠥᠩᠬᠡ ᠶ᠋ᠢᠨ ᠰᠠᠢᠬᠠᠨ ᠨᠤᠲᠤᠭ 

ᠦᠨᠡᠭᠡ ᠲᠠᠤᠯᠠᠢ ᠢᠲᠠᠭᠤ ᠭᠤᠷᠭᠤᠤᠯ ᠢ᠋ᠶ᠋ᠠᠨ
ᠥᠯᠥᠭᠡᠢ ᠳ᠋ᠦ᠍ ᠪᠡᠨ ᠪᠦᠪᠡᠢᠯᠡᠨ ᠦᠷᠡᠵᠢᠭᠦᠯᠦᠭᠰᠡᠨ
ᠬᠠᠷᠭᠠᠨ᠎ᠠ ᠰᠢᠪᠠᠭ ᠲᠠᠢ ᠡᠷᠢᠶᠡᠨ ᠪᠠᠯᠠᠷ
ᠬᠠᠷᠠᠭᠠᠨ ᠳ᠋ᠤ᠌ ᠰᠠᠢᠬᠠᠨ ᠲᠣᠳᠣᠷᠠᠨ᠎ᠠ ᠳᠠ
ᠠᠭᠢ ᠬᠢᠯᠭᠠᠨ᠎ᠠ ᠠᠷᠴᠠ ᠶᠠᠰᠢᠯ ᠢ᠋ᠶ᠋ᠠᠨ
ᠠᠯᠠᠭᠠᠨ ᠳ᠋ᠤ᠌ ᠪᠠᠨ ᠠᠷᠠᠴᠢᠯᠠᠨ ᠤᠷᠭᠤᠭᠤᠯᠤᠭᠰᠠᠨ
ᠠᠳᠤᠭᠤᠨ ᠪᠡᠯᠴᠢᠭᠡᠷ ᠲᠡᠢ ᠠᠭᠢᠲᠤ ᠲᠣᠯᠣᠭᠠᠢ
ᠠᠰᠢᠳᠠ ᠰᠠᠢᠬᠠᠨ ᠪᠥᠷᠲᠥᠯᠵᠡᠨ᠎ᠡ ᠳᠡ
ᠠᠢ ᠠᠢ ᠬᠦᠢ᠂ ᠮᠥᠷᠥᠭᠡᠳᠦᠨ ᠳᠤᠷᠠᠰᠴᠤ ᠶᠠᠪᠤᠭ᠎ᠠ
ᠠᠢ ᠠᠢ ᠬᠦᠢ᠂ᠮᠥᠩᠬᠡ ᠶ᠋ᠢᠨ ᠰᠠᠢᠬᠠᠨ ᠨᠤᠲᠤᠭ

     ᠦᠰᠦᠭ ᠠᠮᠢᠯᠠᠭᠤᠯᠤᠭᠴᠢ᠄ ᠭᠡᠷᠡᠯ
     ᠦᠰᠦᠭ ᠬᠠᠲᠠᠭᠴᠢ᠄ ᠪᠠᠢ ᠰᠠᠷᠠᠨ᠎ᠠ
     ᠬᠢᠨᠠᠭᠴᠢ ᠪᠠᠭᠰᠢ᠄ ᠳᠤᠭᠴᠢ ᠯᠣᠪᠰᠠᠩ